ᠮᠣᠳᠣᠨ ᠰᠣᠶᠣᠯ ᠬᠦᠭᠵᠢᠩᠭᠦᠢ ᠪᠠᠶᠢᠬᠰᠠᠨ —— ᠮᠥᠩᠬᠡ ᠠᠶᠢᠯ

ᠣᠩᠰᠢᠭᠰᠠᠨ ᠤᠳᠠᠭ᠎ᠠ ᠄ 13440     ᠨᠡᠶᠢᠳᠡᠯᠡᠭᠰᠡᠨ ᠴᠠᠭ ᠄ 2017/11/21 10:15:35

            ᠨᠠᠢᠮᠠᠨ ᠬᠤᠰᠢᠭᠣᠨ ᠤ ᠳᠠᠴᠢᠨᠲᠠᠯ᠎ᠠ ᠪᠠᠯᠭᠠᠰᠤᠨ ᠤ ᠮᠥᠩᠬᠡ ᠭᠠᠴᠠᠭ᠎ᠠ ᠨᠢ ᠥᠩᠭᠡᠷᠡᠭᠰᠡᠨ ᠳ᠋ᠡᠬᠡᠨ ᠬᠠᠶᠢᠯᠠᠰᠤᠨ ᠣᠢ ᠶ᠋ᠢᠨ ᠪᠡᠷᠬᠡ ᠲᠠᠢ ᠂ ᠬᠠᠷᠬᠢᠯ ᠤᠨ ᠮᠣᠳᠣᠨ ᠵᠢᠯᠠᠭ᠎ᠠ ᠲᠠᠢ ᠂ ᠤᠳᠠ ᠤᠯᠢᠶᠠᠰᠤᠨ ᠲᠥᠩ ᠲᠠᠢ ᠂ ᠠᠮᠢ ᠠᠬᠤᠢ ᠣᠨᠴᠠ ᠰᠠᠶᠢᠨ ᠪᠠᠶᠢᠵᠦ ᠂ ᠡᠨᠳᠡᠬᠢ ᠨᠤᠳᠣᠭ ᠤᠨ ᠭᠠᠷᠤᠯᠳᠠ ᠶ᠋ᠢᠨ ᠨᠢᠭᠡ ᠪᠣᠯᠤᠬᠰᠠᠨ ᠮᠣᠳᠣᠨ ᠮᠠᠲ᠋ᠸᠷᠢᠶᠠᠯ ᠢᠶᠠᠷ ᠬᠢᠭᠰᠡᠨ  ᠤᠶᠢᠯᠡᠦᠨᠪᠦᠷᠢᠯᠡᠯ ᠠᠮᠢᠳᠤᠷᠠᠯ ᠤᠨ ᠪᠠᠭᠠᠵᠢ ᠬᠡᠷᠡᠭᠰᠡᠯ ᠶᠠᠩᠵᠤ ᠶ᠋ᠢᠨ ᠣᠯᠠᠨ  ᠪᠠᠶᠢᠵᠤ ᠂ ᠮᠣᠳᠣᠨ ᠰᠣᠶᠣᠯ ᠲᠤᠩ ᠬᠦᠭᠵᠢᠩᠭᠦᠢ ᠪᠠᠶᠢᠬᠰᠠᠨ ᠤᠯᠠᠮᠵᠢᠯᠠᠯᠳᠤ ᠲᠡᠦᠬᠡ ᠲᠠᠢ ᠶᠤᠮ ᠃ ᠡᠨᠳᠡ ᠂ ᠮᠣᠳᠣᠨ ᠮᠠᠲ᠋ᠸᠷᠢᠶᠠᠯ ᠢ ᠤᠷᠠᠯᠠᠨ ᠪᠦᠳᠦᠭᠡᠬᠦ ᠤᠷᠠᠨ ᠮᠣᠳᠤᠴᠢᠨ ᠮᠠᠯᠯᠤ ᠭᠡᠭᠴᠢ ᠪᠠᠶᠢᠵᠤ ᠂ ᠶᠡᠬᠡ ᠬᠠᠮᠳᠣ ᠶ᠋ᠢᠨ ᠦᠶ᠎ᠡ ᠳ᠋ᠥ ᠲᠡᠷᠭᠡ ᠂ ᠠᠨᠵᠢᠰᠤ ᠮᠡᠳᠥ ᠶ᠋ᠢᠨ ᠪᠠᠷᠢᠭᠠᠳᠠ ᠶ᠋ᠢᠨ ᠠᠯᠢᠪᠠ ᠮᠣᠳᠣᠨ ᠠᠵᠢᠯ ᠢ ᠲᠤᠰᠬᠠᠢ ᠬᠠᠷᠢᠭᠤᠴᠠᠨ ᠬᠢᠵᠦ ᠂ ᠪᠠᠰᠠ ᠨᠠᠮᠳᠠᠭ ᠂ ᠬᠡᠭᠡᠠᠠᠠᠪᠤᠷᠠᠯ ᠂ ᠹᠦᠰᠠᠩ ᠂ ᠵᠠᠮᠰᠣ ᠵᠡᠷᠭᠡ ᠬᠦᠳᠡᠷ ᠴᠢᠬᠢᠷᠠᠭ ᠡᠷᠡᠰ ᠬᠠᠪᠰᠤᠷᠤᠬᠴᠢ ᠪᠣᠯᠵᠤ ᠬᠠᠮᠵᠢᠳᠠᠭ ᠪᠠᠶᠢᠪᠠ ᠃ ᠥᠭᠡᠷᠡᠴᠢᠯᠡᠯᠳᠡ ᠨᠡᠭᠡᠭᠡᠯᠲᠡ ᠡᠴᠡ ᠨᠠᠰᠢ ᠂ ᠮᠣᠳᠣᠨ ᠬᠡᠷᠡᠭᠰᠡᠯ ᠮᠣᠳᠣᠨ ᠪᠠᠭᠠᠵᠢ ᠠᠶᠠᠨᠳᠠᠭᠠᠨ ᠴᠥᠭᠡᠨ ᠪᠣᠯᠵᠤ ᠮᠣᠳᠣᠨ ᠰᠣᠶᠣᠯ ᠪᠠᠭᠤᠷᠠᠬᠤ ᠬᠠᠨᠳᠤᠰᠢ ᠲᠠᠢ ᠪᠣᠯᠤᠬᠰᠠᠨ ᠪᠣᠯᠪᠠᠴᠤ ᠳᠠᠮᠷᠢᠨᠵᠠᠪ ᠂ ᠴᠠᠩ ᠴᠢᠩ ᠵᠡᠷᠭᠡ ᠶ᠋ᠢᠨ ᠢᠳᠡᠷ  ᠵᠠᠯᠠᠭᠤᠰ ᠮᠣᠳᠣᠨ ᠮᠠᠲ᠋ᠸᠷᠢᠶᠠᠯ ᠢ ᠠᠰᠢᠬᠯᠠᠨ ᠤᠷᠠᠯᠠᠵᠤ ᠣᠩᠭᠤᠴᠠ ᠂ ᠬᠤᠭᠤᠷ ᠵᠡᠷᠭᠡ ᠶ᠋ᠢ ᠤᠷᠠᠯᠠᠨ ᠬᠢᠵᠦ ᠥᠪ ᠰᠣᠶᠣᠯ ᠢᠶᠡᠨ ᠣᠯᠠᠮᠵᠢᠯᠠᠨ ᠮᠣᠳᠣᠨ ᠠᠵᠢᠯ ᠢᠶᠡᠨ ᠵᠠᠯᠭᠠᠮᠵᠢᠯᠠᠨ ᠬᠢᠵᠦ ᠪᠠᠶᠢᠭ᠎ᠠ ᠨᠢ ᠦᠨᠡᠯᠡᠭᠦᠰᠢᠲᠡᠢ ᠮᠦᠷᠳᠡᠭᠡᠨ ᠮᠠᠬᠲᠠᠭᠤᠰᠢᠲᠠᠢ ᠪᠣᠯᠵᠤ ᠰᠠᠨᠠᠬᠳᠠᠨ᠎ᠠ ᠃

           ᠡᠨᠳᠡᠬᠢ ᠤᠶᠢᠯᠡᠦᠨᠪᠦᠷᠢᠯᠡᠯ ᠠᠮᠢᠳᠤᠷᠠᠯ ᠤᠨ ᠳᠤᠮᠳᠠ ᠪᠠᠶᠢᠩᠭᠤ ᠬᠡᠷᠡᠭᠯᠡᠵᠦ ᠪᠠᠶᠢᠬᠰᠠᠨ ᠮᠣᠳᠣᠨ ᠪᠠᠭᠠᠵᠢ ᠬᠡᠷᠡᠭᠰᠡᠯ ᠢ ᠲᠣᠳᠤᠷᠠᠭᠤᠯᠪᠠᠯ ᠳᠠᠷᠤᠢ ᠮᠣᠳᠣᠨ ᠲᠡᠷᠭᠡ ᠂ ᠮᠣᠳᠣᠨ ᠠᠨᠵᠢᠰᠤ ᠂ ᠮᠣᠳᠣᠨ ᠬᠦᠷᠵᠡ ᠂ ᠤᠰᠤᠨ ᠰᠠᠭᠤᠯᠠᠭ᠎ᠠ ᠂ ᠳ᠋ᠸᠦ ᠂ ᠱᠸᠩ ᠂ ᠬᠣᠤᠨᠬᠤᠭᠤᠷ ᠂ ᠪᠤᠭᠤᠯᠠᠭ᠎ᠠ ᠂ ᠰᠢᠳᠠᠮ ᠂ ᠠᠪᠳᠠᠷ᠎ᠠ ᠂ ᠬᠣᠷᠭᠣ ᠂ ᠬᠠᠶᠢᠷᠴᠠᠭ ᠂ ᠪᠤᠳᠠᠭᠠᠨ ᠠᠶᠠᠭ᠎ᠠ ᠂ ᠮᠣᠳᠣᠨ ᠫᠢᠯᠠ ᠂ ᠪᠤᠳᠠᠭᠠᠨ ᠰᠢᠨᠠᠭ᠎ᠠ ᠂  ᠤᠰᠤᠨ ᠬᠤᠯᠤ ᠂  ᠴᠢᠷᠭᠦᠦᠯ᠂ ᠤᠰᠤᠨ ᠣᠩᠭᠤᠴᠠ ᠵᠡᠷᠭᠡ ᠪᠠᠭᠠᠵᠢ ᠬᠡᠷᠡᠭᠰᠡᠯ ᠨᠢ ᠴᠦᠮ ᠮᠣᠳᠣᠨ ᠪᠦᠳᠦᠴᠡ ᠲᠠᠢ ᠪᠠᠶᠢᠳᠠᠭ ᠃ ᠮᠣᠳᠣᠨ ᠲᠡᠷᠭᠡ ᠶ᠋ᠢ ᠠᠶᠢᠯ ᠤᠨ ᠬᠦᠮᠦᠰ ᠬᠣᠷᠯᠣ ᠲᠡᠷᠭᠡ ᠭᠡᠳᠡᠭ ᠃ ᠮᠣᠳᠣᠨ ᠲᠡᠷᠭᠡᠨ ᠦ ᠬᠦᠷᠳᠦ ᠂ ᠲᠡᠩᠭᠡᠯᠢᠭ ᠂ ᠠᠷᠠᠯ ᠂ ᠢᠯᠠᠤ ᠂ ᠬᠠᠪᠲᠠᠰᠤ ᠪᠠ ᠬᠦᠷᠳᠦ ᠶ᠋ᠢᠨ ᠮᠦᠭᠡᠷ ᠂ ᠬᠡᠭᠡᠰᠦ ᠂ ᠪᠤᠯᠤ ᠨᠢ ᠴᠦᠮ ᠮᠣᠳᠣ ᠪᠠᠶᠢᠳᠠᠭ ᠃ ᠮᠣᠳᠣᠨ ᠠᠨᠵᠢᠰᠤᠨ ᠤ ᠪᠦᠬᠦ ᠂ ᠤᠯᠠ ᠂ ᠪᠠᠷᠢᠭᠤᠯ ᠵᠡᠷᠭᠡ ᠪᠦᠬᠦ ᠪᠡᠶ᠎ᠡ ᠨᠢ ᠴᠦᠮ ᠮᠣᠳᠣ ᠪᠠᠶᠢᠵᠤ ᠤᠨᠤᠭ᠎ᠠ ᠬᠦᠯᠦᠬᠦ ᠳ᠋ᠥ ᠬᠡᠷᠡᠭᠯᠡᠬᠦ ᠪᠤᠭᠤᠯᠠᠭ᠎ᠠ ᠪᠠ ᠲᠥᠷᠪᠡᠯᠵᠢ ᠨᠢ ᠪᠦᠷ ᠮᠣᠳᠣ ᠪᠠᠶᠢᠳᠠᠭ ᠃ ᠠᠮᠤ ᠬᠠᠭᠤᠷᠬᠤ ᠳ᠋ᠥ ᠬᠡᠷᠡᠭᠯᠡᠬᠦ ᠬᠣᠤᠨᠬᠤᠬᠤ ᠪᠠᠭᠠᠵᠢ ᠶ᠋ᠢ ᠬᠣᠤᠨᠬᠤᠭᠤᠷ ᠭᠡᠵᠦ ᠮᠣᠳᠣ ᠪᠠᠷ ᠬᠢᠭᠰᠡᠨ ᠲᠣᠬᠣ ᠂ ᠡᠰᠢ ᠲᠠᠢ ᠪᠠᠶᠢᠳᠠᠭ ᠃ ᠤᠰᠤᠨ ᠰᠠᠭᠤᠯᠠᠭ᠎ᠠ ᠨᠢ ᠮᠣᠳᠣᠨ ᠬᠠᠪᠲᠠᠰᠤ ᠂ ᠲᠡᠮᠦᠷ ᠴᠠᠭᠠᠷᠢᠭ ᠤᠨ ᠪᠦᠳᠦᠴᠡ ᠲᠠᠢ ᠮᠣᠳᠣᠨ ᠰᠡᠨᠵᠢ ᠂ ᠮᠣᠳᠣᠨ ᠬᠠᠪᠢᠰᠤ ᠂ ᠮᠣᠳᠣᠨ ᠢᠷᠤᠭᠠᠯ ᠢᠶᠠᠷ ᠪᠦᠷᠢᠯᠳᠦᠳᠡᠭ ᠃ ᠴᠢᠷᠦᠭᠦᠯ  ᠨᠢ ᠲᠠᠷᠢᠶᠠᠨ ᠱᠡᠩ ᠳ᠋ᠡᠬᠢ ᠦᠷ᠎ᠡ ᠶ᠋ᠢ ᠪᠤᠯᠠᠵᠤ ᠲᠠᠯᠪᠢᠬᠤ ᠳ᠋ᠥ ᠬᠡᠷᠡᠭᠯᠡᠳᠡᠭ  ᠮᠣᠳᠣᠨ ᠪᠦᠳᠦᠴᠡ ᠲᠠᠢ ᠲᠤᠰᠬᠠᠢ ᠪᠠᠭᠠᠵᠢ ᠪᠣᠯᠤᠨ᠎ᠠ ᠃ ᠲᠡᠭᠡᠷᠮ᠎ᠡ ᠶ᠋ᠢᠨ ᠭᠣᠤᠯ ᠂ ᠠᠷᠠᠯ ᠂ ᠵᠢᠦᠨᠬᠦᠭᠦᠷ ᠨᠢ ᠮᠣᠳᠣ  ᠪᠠᠶᠢᠳᠠᠭ ᠃ ᠥᠩᠭᠡᠷᠡᠭᠰᠡᠨ ᠳ᠋ᠥ ᠮᠣᠳᠣᠨ ᠮᠠᠲ᠋ᠸᠷᠢᠶᠠᠯ ᠨᠢ ᠡᠳᠦᠷ ᠲᠣᠳᠤᠮ ᠤᠨ ᠤᠶᠢᠯᠡᠦᠨᠪᠦᠷᠢᠯᠡᠯ ᠠᠮᠢᠳᠤᠷᠠᠯ ᠳ᠋ᠥ ᠥᠴᠦᠬᠡᠨ ᠴᠤ ᠲᠣᠲᠠᠬᠳᠠᠵᠤ ᠪᠣᠯᠤᠰᠢ ᠦᠭᠡᠢ ᠪᠠᠶᠢᠬᠰᠠᠨ ᠢᠶᠡᠨ ᠣᠳᠣᠬᠠᠨ ᠳ᠋ᠠᠭᠠᠨ ᠣᠯᠠᠨ ᠵᠦᠢᠯ ᠦᠨ ᠪᠣᠰᠣᠤᠨ ᠮᠠᠲ᠋ᠧᠷᠢᠶᠠᠯ ᠢᠶᠠᠷ ᠣᠷᠤᠯᠠᠬᠳᠠᠨ ᠬᠡᠷᠡᠭᠴᠡᠭᠡ ᠤᠶᠢᠯᠡᠳᠦᠯ ᠨᠢ ᠪᠠᠭᠠᠰᠴᠤ ᠪᠤᠢ ᠃ ᠮᠣᠳᠣᠨ ᠰᠣᠶᠣᠯ ᠪᠣᠯ ᠥᠪ ᠰᠣᠶᠣᠯ ᠮᠦᠨ ᠃ ᠮᠣᠳᠣᠨ ᠰᠣᠶᠣᠯ ᠢᠶᠡᠨ ᠮᠡᠳᠡᠵᠦ ᠂ ᠬᠠᠮᠠᠭᠠᠯᠠᠵᠤ ᠂ ᠥᠪᠯᠡᠵᠦ ᠶᠠᠪᠤᠶ᠎ᠠ    ᠃                                                             ᠯᠢ ᠪᠤᠶᠠᠨᠴᠤᠭᠯᠠ ᠮᠡᠳᠡᠭᠡᠯᠡᠪᠡᠢᠷᠡᠯᠳᠡ᠄ ᠨᠠᠶᠢᠷᠠᠭᠤᠯᠤᠭᠴᠢ᠄ ᠭᠤᠤ ᠾᠥᠩ ᠮᠸᠢ

ᠬᠠᠮᠢᠶ᠎ᠡ ᠪᠦᠬᠦᠢ ᠰᠣᠨᠢᠨ