ᠭᠣᠷᠪᠠᠨᠬᠣᠸᠠ ᠰᠣᠮᠣ ᠨᠠᠮᠣᠷ ᠤᠨ ᠰᠡᠬᠦᠯᠴᠢ ᠪᠠᠷ ᠮᠣᠳᠣ ᠵᠠᠶᠢᠯᠠᠵᠦ ᠠᠮᠢ ᠠᠬᠣᠢ ᠪᠠᠨ ᠰᠠᠶᠢᠵᠢᠷᠠᠭᠣᠯᠬᠣ ᠬᠠᠯᠠᠭᠣᠨ ᠦᠷᠨᠢᠯᠳᠡ ᠪᠤᠯᠵᠦ ᠪᠠᠶᠢᠨ᠎ᠠ
ᠣᠩᠰᠢᠭᠰᠠᠨ ᠤᠳᠠᠭ᠎ᠠ ᠄ 8667 ᠨᠡᠶᠢᠳᠡᠯᠡᠭᠰᠡᠨ ᠴᠠᠭ ᠄ 2017/11/14 10:18:29
ᠨᠠᠢᠮᠠᠨ ᠬᠣᠰᠢᠭᠣᠨ ᠤ ᠭᠣᠷᠪᠠᠨᠬᠣᠸᠠ ᠰᠣᠮᠣ ᠪᠣᠯ ᠡᠯᠡᠰᠣ ᠵᠤ ᠳ᠋ᠥ ᠪᠦᠷᠬᠦᠭᠳᠡᠵᠣ ᠠᠮᠢ ᠠᠬᠣᠢ ᠶᠢᠨ ᠤᠶᠢᠵᠢᠭᠤᠯᠤᠯᠳᠠ ᠪᠠᠷᠤᠭᠳᠠᠶᠢᠬᠠᠨ ᠮᠣᠡᠭᠭᠣᠯ ᠨᠣᠳᠣᠭ ᠶᠣᠮ ᠃ ᠦᠨᠳᠣᠷ ᠪᠠᠷᠢᠮᠵᠢᠶ᠎ᠠ ᠪᠡᠷ ᠠᠮᠢ ᠠᠬᠣᠢ ᠶ᠋ᠢᠨ ᠪᠦᠳᠣᠭᠡᠨ ᠪᠠᠶᠢᠭᠣᠯᠣᠯᠳᠠ ᠶ᠋ᠢ ᠲᠦᠯᠬᠢᠨ ᠠᠬᠢᠭᠣᠯᠬᠣ ᠶ᠋ᠢᠨ ᠲᠦᠯᠣᠭᠡ ᠂ ᠲᠣᠰ ᠰᠣᠮᠣ ᠤᠷᠴᠢᠮ ᠳ᠋ᠥ ᠡᠯ᠎ᠡ ᠪᠠᠶᠢᠭᠣᠯᠭ᠎ᠠ ᠂ ᠦᠷᠳᠡᠭᠡ ᠲᠠᠰᠣᠭ ᠵᠢᠴᠢ ᠪᠦᠬᠦ ᠮᠠᠯᠴᠢᠨ ᠲᠠᠷᠢᠶᠠᠴᠢᠳ ᠢ ᠵᠣᠬᠢᠶᠠᠨ ᠪᠠᠶᠢᠭᠣᠯᠵᠣ ᠰᠣᠮᠣᠨ ᠤ ᠪᠠᠨ ᠬᠠᠮᠣᠭ ᠤᠨ ᠶᠡᠬᠡ ᠡᠯᠡᠰᠣᠷᠭᠡᠭ ᠭᠠᠵᠠᠷ ᠪᠣᠯᠬᠣ ᠵᠡᠬᠦᠨ ᠮᠣᠷᠣᠢ ᠭᠠᠴᠠᠭ᠎ᠠ ᠶ᠋ᠢᠨ ᠡᠯᠡᠰᠣ ᠵᠤ ᠳ᠋ᠥ ᠠᠯᠪᠠᠨ ᠵᠢᠷᠣᠮ ᠤᠨ ᠮᠣᠳᠣ ᠵᠠᠶᠢᠯᠠᠬᠣ ᠠᠵᠢᠯᠯᠠᠭᠠᠨ ᠦᠷᠨᠢᠬᠦᠯᠵᠣ ᠂ ᠣᠨᠳᠣᠣ ᠵᠣᠶᠢᠯ ᠤᠨ ᠠᠷᠭ᠎ᠠ ᠬᠡᠯᠪᠡᠷᠢ ᠪᠡᠷ ᠨᠠᠮ ᠤᠨ ᠠᠷᠪᠠ ᠶᠢᠰᠣᠳᠣᠭᠡᠷ ᠶᠡᠬᠡ ᠬᠣᠷᠠᠯ ᠤᠨ ᠵᠣᠷᠢᠭ ᠰᠠᠨᠠᠭ᠎ᠠ ᠶ᠋ᠢ ᠨᠠᠶᠢᠳᠠᠪᠣᠷᠢᠵᠢᠭᠣᠯᠣᠨ ᠳᠤᠭᠤᠰᠢᠯᠠᠭᠤᠯᠵᠦ ᠪᠠᠶᠢᠨ᠎ᠠ ᠃ ᠣᠳᠣᠬᠠᠨ ᠪᠣᠯᠳᠠᠯ᠎ᠠ ᠲᠣᠰ ᠰᠣᠮᠣ ᠨᠢ 5 ᠲᠦᠮᠡᠨ ᠮᠤ᠋ ᠨᠠᠮᠣᠷ ᠤᠨ ᠣᠯᠠᠷᠢᠯ ᠤᠨ ᠮᠣᠳᠣ ᠵᠠᠶᠢᠯᠠᠵᠣ ᠂ ᠣᠢ ᠮᠣᠳᠣᠨ ᠤ ᠪᠦᠷᠬᠦᠴᠡ ᠶ᠋ᠢᠨ ᠨᠣᠷᠮ᠎ᠠ ᠨᠢ 31% ᠳ᠋ᠥ ᠬᠦᠷᠴᠣ ᠂ ᠮᠣᠷᠣᠢ ᠭᠠᠴᠠᠭᠠᠨ ᠳ᠋ᠥ 1500 ᠮᠤ᠋ ᠵᠠᠶᠢᠯᠠᠵᠡᠢ ᠃ ᠬᠡᠳᠣᠨ ᠵᠢᠯ ᠤᠨ ᠲᠣᠷᠰᠢ ᠂ ᠭᠣᠷᠪᠠᠨᠬᠣᠸᠠ ᠰᠣᠮᠣ ᠪᠣᠬᠢᠷᠳᠣᠯ ᠦᠬᠡᠢ ᠪᠡᠷ ᠬᠦᠭᠵᠢᠬᠦᠯᠬᠦ ᠵᠢᠴᠢ ᠬᠦᠬᠡ ᠠᠭᠣᠯᠠᠰ ᠨᠣᠭᠣᠭᠠᠨ ᠣᠰᠣ ᠪᠣᠯ ᠠᠯᠳᠠᠨ ᠠᠭᠣᠯᠠ ᠮᠦᠡᠭᠬᠦᠨ ᠣᠰᠣ ᠪᠣᠯᠬᠣ ᠣᠶᠢᠯᠠᠭᠠᠭᠳᠠᠬᠣᠨ ᠢ ᠪᠠᠷᠢᠮᠳᠠᠯᠠᠵᠣ ᠂ ᠪᠦᠬᠦ ᠬᠦᠴᠣᠨ ᠢᠶᠡᠨ ᠲᠦᠪᠯᠡᠷᠡᠬᠦᠯᠵᠣ ᠮᠣᠳᠣ ᠵᠠᠶᠢᠯᠠᠨ ᠨᠣᠳᠣᠭ ᠣᠰᠣ ᠪᠠᠨ ᠨᠣᠭᠣᠭᠠᠷᠠᠭᠣᠯᠵᠣ ᠂ ᠮᠣᠳᠣ ᠵᠠᠶᠢᠠᠯᠠᠵᠣ ᠡᠯᠡᠰᠣ ᠶ᠋ᠢ ᠰᠡᠷᠭᠡᠶᠢᠯᠡᠨ ᠡᠯᠡᠰᠣ ᠶ᠋ᠢ ᠵᠠᠰᠠᠬᠣ ᠠᠯᠬᠣᠴᠡ ᠪᠠᠨ ᠲᠦᠷᠭᠡᠳᠭᠡᠵᠣ ᠪᠠᠶᠢᠨ᠎ᠠ ᠃
ᠮᠠᠡᠭᠭᠣᠳ ᠪᠦᠬᠡ ᠮᠡᠳᠡᠭᠡᠯᠡᠪᠡ