ᠮᠤᠩᠭᠤᠯ ᠰᠤᠶᠤᠯ ᠳ᠋ᠥ ᠪᠠᠨ ᠬᠠᠶᠢᠷᠠᠳᠠᠢ ᠪᠠᠭᠰᠢ ᠨᠠᠷ ᠮᠢᠨᠢ ᠨᠤᠮ ‍ᠤᠨ ᠴᠠᠭᠠᠨ ᠪᠤᠶᠠᠨ ‍ᠢ ᠳᠡᠯᠭᠡᠷᠡᠭᠦᠯᠵᠦ ᠂ ᠬᠠᠶᠢᠷ᠎ᠠ ᠬᠠᠨᠳᠢᠪ ᠡᠷᠬᠦᠯᠴᠠᠨ᠎ᠠ

ᠣᠩᠰᠢᠭᠰᠠᠨ ᠤᠳᠠᠭ᠎ᠠ ᠄ 10088     ᠨᠡᠶᠢᠳᠡᠯᠡᠭᠰᠡᠨ ᠴᠠᠭ ᠄ 2017/11/8 9:23:14       ᠤᠶᠢᠷ᠎ᠠ ᠶ᠋ᠢᠨ ᠡᠳᠤᠷ ᠲᠦ᠂ ᠨᠠᠢᠮᠠᠨ ᠬᠤᠰᠢᠭᠤᠨ ᠤ ᠬᠤᠩᠬᠤᠷᠳᠠᠯ᠎ᠠ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠶ᠋ᠢᠨ ᠬᠢᠨ ᠭᠢᠮᠨᠠᠰᠲ᠋ᠢᠺ ᠲᠠᠮᠢᠷ ‍ᠤᠨ ᠤᠷᠤᠯᠳᠤᠭᠠᠨ  ᠦᠷᠨᠢᠬᠦᠯᠦᠭᠰᠡᠨ ᠪᠠᠶᠢᠨ᠎ᠠ ᠃ ᠲᠤᠰ ᠤᠳᠠᠭᠠᠨ ᠤ ᠤᠷᠤᠯᠳᠤᠭᠠᠨ ᠨᠢ ᠨᠢᠭᠡ ᠭᠠᠷᠠᠭ ‍ᠤᠨ ᠴᠠᠭ ‍ᠢ ᠬᠡᠷᠡᠭᠰᠡᠨ ᠰᠢᠰᠲ᠋ᠸᠮ ᠲᠠᠢ ᠶᠠᠪᠤᠭᠳᠠᠵᠤ ᠂  ᠪᠤᠯᠪᠠᠴᠤ ᠰᠤᠷᠭᠠᠭᠤᠯᠢ ᠶ᠋ᠢᠨ ᠤᠳᠤᠷᠢᠳᠤᠯᠭ᠎ᠠ ᠪᠠ ᠪᠠᠭᠰᠢ ᠠᠵᠢᠯᠳᠠᠨ ᠂ ᠤᠨᠴᠠᠭᠠᠶᠢᠯᠠᠨ ᠠᠩᠭᠢ  ᠶ᠋ᠢᠨ ᠡᠷᠬᠢᠯᠡᠭᠴᠢ ᠪᠠᠭᠰᠢ ᠨᠠᠷ ‍ᠤᠨ ᠬᠠᠳᠠᠭᠤ ᠰᠢᠷᠭᠠᠭᠤ ᠴᠢᠷᠮᠠᠶᠢᠯᠭ᠎ᠠ ᠪᠠᠷ  ᠲᠠᠶᠠᠭᠠᠷ ᠲᠣ ᠮᠡᠳᠡᠷᠡᠭᠳᠡᠭᠰᠡᠨ ᠦᠷ᠎ᠡ ᠳ᠋ᠦᠩ  ᠳ᠋ᠥ ᠬᠦᠷᠴᠦ ᠴᠢᠳᠠᠭᠰᠠᠨ ᠪᠠᠶᠢᠨ᠎ᠠ ᠃
      ᠠᠳᠠᠯᠢ ᠪᠤᠰᠤ ᠶ᠋ᠢᠨ ᠠᠭᠤᠯᠭ᠎ᠠ ᠪᠦᠬᠦᠢ ᠤᠷᠤᠯᠳᠤᠭᠠᠨ  ᠳ᠋ᠦ ᠂ ᠬᠤᠷᠴᠠ ᠰᠢᠷᠦᠭᠦᠨ ᠦᠷᠢᠰᠦᠯᠳᠦᠭᠡᠨ ᠢᠶᠠᠷ ᠳᠠᠮᠵᠢᠨ ᠠᠩᠬ᠎ᠠ ᠨᠢᠭᠡ ᠡᠴᠠ ᠦᠷᠡᠴᠡᠴᠡᠭ ᠪᠠᠭᠰᠢ ᠶ᠋ᠢᠨ ᠡᠷᠬᠢᠯᠡᠭᠰᠡᠨ146 ᠳ᠋ᠤᠭᠠᠷ ᠪᠦᠯᠦᠭ ᠂ ᠠᠩᠬ᠎ᠠ ᠬᠤᠶᠠᠷ ᠡᠴᠠ ᠰᠡᠴᠡᠩᠭᠤᠸ᠎ᠠ ᠪᠠᠭᠰᠢ ᠶ᠋ᠢᠨ ᠡᠷᠬᠢᠯᠡᠭᠰᠡᠨ 145 ᠳ᠋ᠤᠭᠠᠷ ᠪᠦᠯᠦᠭ ᠂ ᠠᠩᠬ᠎ᠠ ᠭᠤᠷᠪᠠ ᠡᠴᠠ ᠸᠸᠨ ᠷᠦᠩ ᠪᠠᠭᠰᠢ ᠶ᠋ᠢᠨ ᠡᠷᠬᠢᠯᠡᠭᠰᠡᠨ 141 ᠳ᠋ᠤᠭᠡᠷ ᠪᠦᠯᠦᠭ ᠳᠤᠰ ᠳᠤᠰ ᠤᠨ ᠤ ᠳᠡᠰ ᠲᠡᠭᠡᠨ ᠨᠢᠭᠡᠳᠦᠭᠡᠷ ᠨᠡᠷᠡᠰ  ᠲᠦ ᠲᠤᠳᠤᠷᠠᠭᠰᠠᠨ ᠪᠠᠶᠢᠨ᠎ᠠ ᠃
      ᠱᠠᠩᠨᠠᠨ ᠬᠦᠬᠢᠭᠦᠯᠬᠦ ᠬᠤᠷᠠᠯ ᠳᠡᠭᠡᠷ᠎ᠡ ᠂ ᠳᠤᠰ ᠰᠤᠷᠭᠠᠭᠤᠯᠢ ᠶ᠋ᠢᠨ ᠮᠤᠩᠭᠤᠯ ᠰᠤᠶᠤᠯ ᠳ᠋ᠠᠭᠠᠨ ᠬᠠᠶᠢᠷᠠᠳᠠᠢ ᠳᠡᠭᠵᠢᠷᠡᠬᠦ  ᠂ ᠪᠤᠤ ᠰᠡᠴᠡᠨᠳᠤᠶᠠᠭ᠎ᠠ ᠬᠤᠶᠠᠷ ᠪᠠᠭᠰᠢ ᠨᠤᠮ ‍ᠤᠨ ᠴᠠᠭᠠᠨ ᠪᠤᠶᠠᠨ ‍ᠢ ᠲᠡᠯᠭᠡᠷᠡᠬᠦᠯᠦᠨ ᠂ ᠬᠠᠶᠢᠷ᠎ᠠ ᠬᠠᠨᠳᠢᠪ ᠢᠶᠡᠨ ᠡᠷᠬᠦᠯ᠎ᠡ  ᠃ ᠡᠶ᠎ᠠ ᠨᠠᠶᠢᠷᠳᠠᠢ ᠨᠢᠭᠡ ᠬᠡᠷ ᠪᠦᠯᠢ ᠪᠦ᠋ᠬᠦᠢ ᠳᠡᠭᠵᠢᠷᠡᠬᠦ ᠂ ᠪᠤᠤ ᠰᠡᠴᠡᠨᠳᠤᠶᠠᠭ᠎ᠠ ᠪᠠᠭᠰᠢ ᠬᠡᠵᠢᠶᠠᠳᠠ ᠠᠵᠢᠯ ᠭᠡᠪᠡᠯ ᠠᠮᠢ ᠠᠪᠬᠤ ᠦᠭᠡᠢ ᠵᠢᠳᠬᠦᠳᠡᠭ ᠬᠤᠶᠠᠷ ᠂ ᠦᠨᠳᠦᠰᠦᠳᠡᠨ ᠤ ᠢᠷᠡᠭᠡᠳᠤᠢ ᠪᠤᠯᠤᠭᠰᠠᠨ ᠬᠠᠶᠢᠷᠠᠳᠤ ᠰᠤᠷᠤᠭᠴᠢᠳ ᠲᠣ ᠪᠠᠨ ᠨᠢᠭᠡ ᠠᠩᠭᠢ ᠶ᠋ᠢᠨ ᠰᠤᠷᠤᠭᠴᠢᠳ ᠵᠡᠷᠭᠡᠪᠡᠷ ᠤᠩᠰᠢᠨ ᠰᠤᠨᠢᠷᠬᠠᠬᠤ ᠳ᠋ᠥ ᠵᠤᠷᠢᠭᠤᠯᠤᠨ ᠨᠡᠶᠢᠳᠡ 1500 ᠵᠠᠭᠤᠨ ᠲᠦᠭᠦᠷᠢᠭ ᠤᠷᠴᠢᠮ ‍ᠤᠨ 32 ᠳᠡᠪᠲᠡᠷ 《 ᠮᠤᠩᠭᠤᠯ ‍ᠤᠨ ᠨᠢᠭᠤᠴᠠ ᠲᠤᠪᠴᠢᠶᠠᠨ》 ‍ᠢ ᠬᠠᠨᠳᠢᠪᠯᠠᠭᠰᠠᠨ ᠪᠠᠶᠢᠨ᠎ᠠ ᠃  ᠭᠡᠷᠡᠯᠳᠦ ᠪᠠᠭᠰᠢ ᠡᠴᠠ ᠪᠠᠰᠠ 《 ᠬᠤᠷᠴᠢᠨ ᠮᠤᠩᠭᠤᠤᠯᠴᠤᠳ ‍ᠤᠨ ᠵᠠᠩ ᠦᠢᠯᠨ》 《  ᠬᠦᠭᠡ ᠰᠤᠳᠤᠷ》  ᠵᠡᠷᠭᠡ 500 ᠤᠷᠴᠢᠮ ᠲᠦᠭᠦᠷᠢᠭ ‍ᠤᠨ ᠨᠤᠮ ᠬᠠᠨᠳᠢᠪᠯᠠᠵᠤ ᠂ ᠦᠪᠡᠷ ‍ᠤᠨ ᠮᠤᠩᠭᠤᠯ ᠰᠤᠶᠤᠯ ᠳ᠋ᠥ ᠪᠠᠨ ᠬᠠᠶᠢᠷᠠᠳᠠᠢ ᠂ ᠮᠤᠩᠭᠤᠯ ᠬᠡᠦᠬᠡᠳ ᠲᠣ ᠪᠠᠨ ᠬᠠᠶᠢᠷᠠᠳᠠᠢ ᠪᠠᠶᠢᠭ᠎ᠠ ᠰᠡᠳᠭᠢᠯᠭᠡ ᠪᠠᠨ ᠢᠯᠡᠷᠬᠡᠶᠢᠯᠡᠵᠦ ᠂ ᠨᠤᠮ ‍ᠤᠨ ᠳᠠᠯᠠᠢ ᠳ᠋ᠥ ᠨᠠᠨᠳᠢᠨ ᠤᠰᠤ ᠨᠡᠮᠡᠷᠢᠯᠡᠭᠰᠡᠨ ᠪᠠᠶᠢᠨ᠎ᠠ ᠃  ᠡᠳᠡᠭᠡᠷ ᠪᠠᠭᠰᠢ ᠨᠠᠷ ‍ᠤᠨ ᠰᠡᠳᠬᠢᠯ ᠳᠤᠭᠳᠤᠯᠤᠭᠤᠯᠤᠮ᠎ᠠ ᠪᠤᠶᠠᠨᠰᠠᠭ ᠠᠵᠢᠯᠯᠠᠭ᠎ᠠ ᠨᠢ ᠰᠤᠷᠭᠠᠭᠤᠯᠢ ᠶ᠋ᠢᠨ ᠢᠶᠡᠨ ᠪᠦᠬᠦ ᠪᠠᠭᠰᠢ ᠰᠤᠷᠤᠭᠴᠢᠳ ‍ᠤᠨ ᠬᠠᠯᠠᠭᠤᠨ ᠬᠦᠷᠢᠶᠡᠯᠡᠯ ‍ᠢ ᠤᠯᠤᠭᠰᠠᠨ ‍ᠢᠶ᠋ᠡᠷ ᠦᠯᠦ ᠪᠠᠷᠠᠨ ᠂   ᠨᠠᠶᠢᠭᠡᠮ ᠳᠠᠶᠠᠭᠠᠷ ᠢᠳᠡ ᠦᠷᠨᠢᠬᠦᠯᠵᠦ ᠪᠠᠶᠢᠭ᠎ᠠ ᠨᠤᠮ ᠤᠩᠰᠢᠬᠤ ᠬᠦᠳᠡᠯᠭᠡᠭᠡᠨ ᠳ᠋ᠥ  ᠴᠤ ᠵᠢᠱᠢᠶᠡᠴᠢ ᠠᠵᠢᠯᠯᠠᠭ᠎ᠠ ᠪᠤᠯᠤᠨ ᠲᠤᠳᠤᠷᠠᠭᠰᠠᠨ ᠪᠠᠶᠢᠨ᠎ᠠ ᠃
                                                                   ᠰᠠᠴᠠᠨᠳᠤᠶᠠᠭ᠎ᠠ ᠮᠡᠳᠡᠭᠡᠯᠡᠪᠡ

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ