ᠪᠠᠭᠠᠪᠡᠷᠬᠡ ᠣᠷᠣᠨ ᠤ ᠪᠠᠭ᠎ᠠ ᠰᠤᠷᠭᠠᠭᠤᠯᠢ ᠶ᠋ᠢᠨ ᠲᠠᠷᠬᠠᠯᠲᠠ ᠪᠠ ᠬᠣᠪᠢᠷᠠᠯᠲᠠ

ᠣᠩᠰᠢᠭᠰᠠᠨ ᠤᠳᠠᠭ᠎ᠠ ᠄ 3014     ᠨᠡᠶᠢᠳᠡᠯᠡᠭᠰᠡᠨ ᠴᠠᠭ ᠄ 2017/11/8 8:57:15


        ᠥᠪᠥᠷ ᠮᠤᠩᠭᠤᠯ ᠤᠨ ᠥᠪᠡᠷᠳᠡᠭᠡᠨ ᠵᠠᠰᠠᠬᠤ ᠣᠷᠣᠨ ᠪᠠᠶᠢᠭᠤᠯᠤᠬᠳᠠᠬᠰᠠᠨ ᠤ ᠳᠠᠷᠠᠭᠠᠬᠠᠨ ᠳᠠᠷᠤᠢ ᠪᠠᠭᠠᠪᠡᠷᠬᠡ ᠣᠷᠣᠨ ᠳ᠋ᠥ ᠠᠯᠪᠠᠨ ᠤ ᠰᠤᠷᠭᠠᠭᠤᠯᠢ ᠲᠠᠢ ᠪᠣᠯᠵᠦ ᠂ ᠤᠯᠤᠰ ᠪᠠᠶᠢᠭᠤᠯᠤᠬᠳᠠᠬᠤ ᠡᠴᠠ ᠡᠮᠦᠨ᠎ᠡ ᠳᠤᠩᠬᠤᠯ ᠂ ᠱᠸᠵᠢᠨ ᠂ ᠪᠠᠷᠠᠭᠤᠨ ᠪᠣᠷᠤᠬᠤᠵᠠᠷ ᠂ ᠬᠠᠶᠢᠰᠤ ᠶ᠋ᠢᠨ ᠠᠶᠢᠯ ᠳ᠋ᠥ ᠲᠣᠰ ᠲᠣᠰ ᠳᠦᠷᠪᠡᠳᠦᠭᠡᠷ ᠣᠨ ᠲᠠᠢ ᠪᠠᠭ᠎ᠠ ᠰᠤᠷᠭᠠᠭᠤᠯᠢ ᠪᠠᠶᠢᠭᠤᠯᠵᠤ ᠂ ᠣᠶᠢᠷ᠎ᠠ ᠬᠠᠪᠢ ᠶ᠋ᠢᠨ ᠮᠠᠯᠴᠢᠤᠨ  ᠦᠨ ᠬᠡᠦᠬᠡᠳ ᠮᠤᠩᠭᠤᠯ ᠪᠢᠴᠢᠭ ᠢᠶ᠋ᠡᠨ ᠰᠤᠷᠴᠤ ᠪᠠᠶᠢᠪᠠ ᠃ 1955 ᠣᠨ ᠳ᠋ᠥ ᠂ ᠳᠤᠩᠬᠤᠯ ᠰᠤᠷᠭᠠᠭᠤᠯᠢ ᠶ᠋ᠢ ᠬᠠᠰᠤᠵᠤ ᠣᠪᠤᠭᠠᠲᠠᠢ ᠠᠶᠢᠯ ᠳ᠋ᠥ ᠰᠤᠷᠭᠠᠭᠤᠯᠢ ᠪᠠᠶᠢᠭᠤᠯᠪᠠ ᠃ 1956 ᠣᠨ ᠳ᠋ᠥ ᠂ ᠪᠠᠭ᠎ᠠ ᠵᠡᠭᠡᠰᠦᠲᠡᠢ ᠂ ᠱᠠᠵᠢᠨ   (ᠣᠤᠯ ᠤᠨ ᠠᠩᠨᠠᠢ ᠰᠢᠶᠠᠩ ) ᠂ ᠰᠢᠷᠠᠲᠠᠯ᠎ᠠ ᠳ᠋ᠥ ᠠᠯᠪᠠᠨ ᠤ ᠪᠠᠭ᠎ᠠ ᠰᠤᠷᠭᠠᠭᠤᠯᠢ ᠪᠠᠶᠢᠭᠤᠯᠵᠤ ᠂ ᠳᠠᠷᠠᠭ᠎ᠠ ᠵᠢᠯ ᠨᠢ ᠤᠳᠠᠨᠨᠠᠭᠤᠷ ᠲᠣ ᠰᠤᠷᠭᠠᠭᠤᠯᠢ ᠲᠠᠢ ᠪᠣᠯᠪᠠ ᠃ 1958 ᠣᠨ ᠳ᠋ᠥ ᠂ ᠮᠦᠩᠬᠡ ᠂ ᠭᠤᠳᠤᠷᠠᠢ ᠠᠷᠠᠳ ᠡᠴᠠ ᠡᠷᠬᠢᠯᠡᠭᠰᠡᠨ ᠰᠤᠷᠭᠠᠭᠤᠯᠢ ᠡᠷᠬᠢᠯᠡᠵᠦ ᠂ ᠰᠤᠷᠭᠠᠭᠤᠯᠢ ᠨᠢ ᠠᠯᠪᠠᠨ ᠡᠴᠠ ᠪᠠᠶᠢᠭᠤᠯᠬᠤ ᠠᠷᠠᠳ ᠡᠴᠠ ᠡᠷᠬᠢᠯᠡᠬᠦ ᠬᠣᠶᠠᠷ ᠬᠥᠯ ᠢᠶ᠋ᠡᠷ ᠶᠠᠪᠤᠬᠤ ᠴᠢᠭᠯᠡᠯᠲᠡ ᠪᠠᠷ ᠬᠦᠭᠵᠢᠬᠦ ᠪᠣᠯᠪᠠ ᠃ ᠲᠣᠰ ᠵᠢᠯ ᠳ᠋ᠥ ᠣᠪᠤᠭᠠᠲᠠᠢ ᠪᠠᠭ᠎ᠠ ᠰᠤᠷᠭᠠᠭᠤᠯᠢ ᠨᠢ ᠵᠢᠷᠭᠤᠳᠤᠭᠠᠷ ᠣᠨ ᠲᠠᠢ ᠪᠦᠷᠢᠨ ᠪᠠᠭ᠎ᠠ ᠰᠤᠷᠭᠠᠭᠤᠯᠢ ᠪᠣᠯᠵᠤ ᠂ ᠪᠠᠭᠠᠪᠡᠷᠬᠡ ᠣᠷᠣᠨ ᠤ ᠲᠠᠪᠤ᠋ ᠂ ᠵᠢᠷᠭᠤᠳᠤᠭᠠᠷ ᠣᠨ ᠤ ᠰᠤᠷᠤᠬᠴᠢᠤᠨ ᠳᠠᠬᠢᠨ ᠬᠡᠳᠦᠨ ᠠᠷᠪᠠᠨ ᠭᠠᠵᠠᠷ ᠤᠨ ᠠᠯᠤᠰ ᠲᠠᠬᠢ ᠪᠠᠶᠠᠨᠲᠠᠯ᠎ᠠ ᠶ᠋ᠢᠨ ᠪᠦᠷᠢᠨ ᠪᠠᠭ᠎ᠠ ᠰᠤᠷᠭᠠᠭᠤᠯᠢ ᠳ᠋ᠥ ᠶᠠᠪᠠᠭᠠᠨ ᠭᠦᠶᠦᠬᠦ ᠠᠶᠠᠨ ᠤ ᠲᠡᠦᠬᠡ ᠡᠴᠦᠰᠯᠡᠪᠡ ᠃ 1963 ᠣᠨ ᠤ ᠨᠠᠮᠤᠷ ᠂ ᠵᠡᠭᠦᠨ ᠪᠣᠷᠤᠬᠤᠵᠠᠷ ᠤᠨ ᠤᠯᠠᠭᠠᠨ ᠤᠰᠤᠲᠤ ( ᠤᠯᠠᠭᠠᠨ ᠦᠬᠦᠳᠡᠯ )ᠳ᠋ᠥ ᠨᠡᠭᠦᠬᠦ ᠪᠣᠯᠲᠠᠯ᠎ᠠ ᠪᠠᠨ ᠣᠪᠤᠭᠠᠲᠠᠢ ᠪᠦᠷᠢᠨ ᠪᠠᠭ᠎ᠠ ᠰᠤᠷᠭᠠᠭᠤᠯᠢ ᠭᠡᠵᠦ ᠨᠡᠷᠡᠶᠢᠳᠴᠦ ᠪᠠᠶᠢᠪᠠ ᠃ ᠡᠭᠦᠨ  ᠶ᠋ᠢ ᠣᠳᠤᠬᠠᠨ ᠤ ᠪᠠᠭᠠᠪᠡᠷᠬᠡ ᠭᠣᠤᠯ ᠪᠠᠭ᠎ᠠ ᠰᠤᠷᠭᠠᠭᠤᠯᠢ ᠶ᠋ᠢᠨ ᠡᠮᠦᠨ᠎ᠡ ᠪᠡᠶ᠎ᠡ ᠭᠡᠵᠦ ᠬᠡᠯᠡᠵᠦ ᠪᠣᠯᠬᠤ ᠶᠤᠮ ᠃ ᠡᠨᠳᠡ ᠲᠤᠬᠠᠢ ᠶ᠋ᠢᠨ ᠦᠶ᠎ᠡ ᠶ᠋ᠢᠨ ᠪᠦᠬᠦ ᠪᠠᠭᠠᠪᠡᠷᠬᠡ ᠶ᠋ᠢᠨ ᠲᠠᠪᠤ᠋ ᠂ ᠵᠢᠷᠭᠤᠳᠤᠭᠠᠷ ᠣᠨ ᠤ ᠰᠤᠷᠤᠬᠴᠢᠤᠨ ᠴᠦᠮ ᠲᠦᠪᠯᠡᠷᠡᠨ ᠪᠠᠶᠢᠷᠢᠨ ᠳ᠋ᠥ ᠰᠠᠭᠤᠵᠤ ᠰᠤᠷᠤᠯᠴᠠᠵᠤ ᠪᠠᠶᠢᠬᠰᠠᠨ ᠶᠤᠮ ᠃ 1960 ᠣᠨ ᠳ᠋ᠥ ᠂ ᠬᠤᠸᠠᠮᠤᠲᠠᠢ ᠠᠶᠢᠯ ᠳ᠋ᠥ ᠠᠯᠪᠠᠨ ᠤ ᠰᠤᠷᠭᠠᠭᠤᠯᠢ ᠪᠠᠶᠢᠭᠤᠯᠵᠤ ᠂ 1963 ᠣᠨ ᠳ᠋ᠥ ᠂ ᠰᠢᠷᠠᠨᠠᠭᠤᠷ ᠠᠶᠢᠯ ᠠᠷᠠᠳ ᠡᠴᠠ ᠡᠷᠬᠢᠯᠡᠭᠰᠡᠨ ᠰᠤᠷᠭᠠᠭᠤᠯᠢ ᠲᠠᠢ ᠪᠣᠯᠵᠤ ᠂ ᠳᠤᠩᠬᠤᠯ ᠰᠤᠷᠭᠠᠭᠤᠯᠢ ᠶ᠋ᠢ ᠳᠠᠬᠢᠨ ᠰᠡᠷᠭᠦᠭᠡᠨ ᠠᠷᠠᠳ ᠡᠴᠠ ᠡᠷᠬᠢᠯᠡᠭᠰᠡᠨ ᠰᠤᠷᠭᠠᠭᠤᠯᠢ ᠪᠣᠯᠭᠠᠪᠠ ᠃ 1965 ᠣᠨ ᠳ᠋ᠥ ᠂ ᠬᠠᠪᠢᠷᠭ᠎ᠠ ᠶ᠋ᠢᠨ ᠠᠶᠢᠯ ᠰᠤᠷᠭᠠᠭᠤᠯᠢ ᠲᠠᠢ ᠪᠣᠯᠪᠠ ᠃ ᠲᠣᠰ ᠵᠢᠯ ᠳ᠋ᠥ ᠂ ᠬᠤᠰᠢᠭᠣᠨ ᠤ ᠢᠳᠡᠭᠡᠨ ᠦ ᠺᠣᠮᠫᠠᠨᠢ ᠭᠣᠷᠪᠠᠨ ᠤᠰᠤ ᠶ᠋ᠢᠨ ᠮᠠᠯᠵᠢᠯ ᠤᠨ ᠲᠠᠯᠠᠪᠠᠢ ᠳ᠋ᠥ ᠰᠤᠷᠭᠠᠭᠤᠯᠢ ᠡᠷᠬᠢᠯᠡᠵᠦ 1968 ᠣᠨ ᠳ᠋ᠥ ᠮᠠᠯᠵᠢᠯ ᠤᠨ ᠲᠠᠯᠠᠪᠠᠢ ᠨᠡᠭᠦᠵᠦ  ᠰᠤᠷᠭᠠᠭᠤᠯᠢ ᠬᠠᠰᠤᠬᠳᠠᠪᠠ ᠃ 1967 ᠣᠨ ᠳ᠋ᠥ ᠂ ᠶᠡᠬᠡ ᠵᠡᠭᠡᠰᠦᠲᠡᠢ ᠠᠶᠢᠯ ᠠᠷᠠᠳ ᠡᠴᠠ ᠡᠷᠬᠢᠯᠡᠭᠰᠡᠨ ᠰᠤᠷᠭᠠᠭᠤᠯᠢ ᠲᠠᠢ ᠪᠣᠯᠪᠠ ᠃ 1969 ᠣᠨ ᠤ ᠨᠠᠮᠤᠷ ᠂ ᠪᠦᠬᠦ ᠪᠠᠭᠠᠪᠡᠷᠬᠡ ᠨᠢᠭᠡᠳᠦᠯ ᠦᠨ 4 ᠶᠡᠬᠡ ᠪᠠᠷᠢᠭᠠᠳᠠ ᠳ᠋ᠥ ᠲᠣᠰ ᠪᠦᠷᠢ 5 ᠵᠢᠯ ᠦᠨ ᠳᠦᠷᠢᠮᠲᠦ ᠪᠦᠷᠢᠨ ᠪᠠᠭ᠎ᠠ ᠰᠤᠷᠭᠠᠭᠤᠯᠢ ᠪᠠᠶᠢᠭᠤᠯᠪᠠ ᠃ ᠨᠢᠭᠡᠳᠦᠯ ᠦᠨ ᠰᠠᠭᠤᠭ᠎ᠠ ᠪᠣᠷᠤᠬᠤᠵᠠᠷ  ᠲᠦ 2 ᠵᠢᠯ ᠦᠨ ᠳᠦᠷᠢᠮᠲᠦ ᠠᠩᠬ᠎ᠠ ᠳᠤᠮᠳᠠᠳᠤ ᠶ᠋ᠢᠨ ᠠᠩᠭᠢ ᠨᠡᠮᠡᠵᠡᠢ ᠃ 1975 ᠣᠨ  ᠳ᠋ᠥ ᠂ ᠣᠪᠤᠭᠠᠲᠠᠢ ᠂ ᠪᠠᠭ᠎ᠠ ᠵᠡᠭᠡᠰᠦᠲᠡᠢ ᠰᠤᠷᠭᠠᠭᠤᠯᠢ ᠳ᠋ᠥ ᠲᠣᠰ ᠲᠣᠰ ᠠᠩᠬ᠎ᠠ ᠳᠣᠮᠳᠠᠳᠤ ᠶ᠋ᠢᠨ ᠠᠩᠭᠢ ᠭᠠᠷᠭᠠᠵᠤ 1979 ᠣᠨ ᠤ ᠨᠠᠮᠤᠷ ᠬᠠᠰᠤᠵᠠᠢ ᠃ 1969 ᠣᠨ ᠡᠴᠠ 1980 ᠣᠨ ᠪᠣᠯᠲᠠᠯ᠎ᠠ ᠣᠳᠤᠷ ᠤᠨ ᠰᠤᠷᠭᠠᠭᠤᠯᠢ ᠡᠷᠬᠢᠯᠡᠵᠦ ᠂ ᠮᠠᠯ ᠤᠨ ᠲᠣᠪᠣ ᠶ᠋ᠢᠨ ᠬᠡᠦᠬᠡᠳ ᠲᠣ ᠮᠣᠷᠢ ᠤᠨᠤᠨ ᠪᠢᠴᠢᠭ ᠵᠢᠭᠠᠳᠠᠭ ᠪᠠᠶᠢᠪᠠ ᠃ ᠡᠭᠦᠨ ᠢ ᠪᠠᠰᠠ ᠨᠡᠭᠦᠳᠡᠯ ᠪᠠᠭ᠎ᠠ ᠰᠤᠷᠭᠠᠭᠤᠯᠢ ᠪᠤᠶᠤ ᠮᠣᠷᠢᠨ ᠨᠢᠷᠤᠭᠤᠨ ᠳᠡᠭᠡᠷᠡᠬᠢ ᠰᠤᠷᠭᠠᠭᠤᠯᠢ ᠭᠡᠳᠡᠭ ᠃ 1981 ᠣᠨ ᠳ᠋ᠥ ᠂  《 ᠳᠥᠷᠪᠡ ᠪᠠᠷ ᠭᠣᠤᠯ ᠪᠤᠯᠭᠠᠬᠰᠠᠨ 》 (ᠲᠦᠪᠯᠡᠷᠡᠭᠦᠯᠬᠦ ᠪᠠᠷ ᠭᠣᠤᠯ ᠪᠣᠯᠭᠠᠬᠤ ᠂ ᠪᠠᠶᠢᠷᠢᠨ ᠳ᠋ᠥ ᠰᠠᠭᠤᠯᠭᠠᠬᠤ ᠪᠠᠷ ᠭᠣᠤᠯ ᠪᠣᠯᠭᠠᠬᠤ ᠂ ᠪᠦᠬᠦᠯᠢ ᠡᠳᠦᠷ ᠦᠨ ᠲᠦᠷᠢᠮᠳᠦ ᠪᠠᠷ ᠭᠣᠤᠯ ᠪᠣᠯᠭᠠᠬᠤ ᠂ ᠠᠯᠪᠠᠨ ᠡᠴᠠ ᠡᠷᠬᠢᠯᠡᠬᠦ ᠪᠠᠷ ᠭᠣᠤᠯ ᠪᠣᠯᠭᠠᠬᠤ )ᠭᠣᠤᠯ ᠪᠠᠭ᠎ᠠ ᠰᠤᠷᠭᠠᠭᠤᠯᠢ ᠪᠠᠶᠢᠭᠤᠯᠵᠤ ᠂ ᠪᠦᠬᠦ ᠪᠠᠭᠠᠪᠡᠷᠬᠡ ᠶ᠋ᠢᠨ ᠲᠥᠷᠪᠡ ᠂ ᠲᠠᠪᠤᠳᠤᠭᠠᠷ ᠣᠨ ᠤ ᠰᠤᠷᠤᠬᠴᠢᠤᠨ ᠲᠦᠪᠯᠡᠷᠡᠨ ᠪᠠᠶᠢᠷᠢᠨ ᠳ᠋ᠥ ᠰᠠᠭᠤᠵᠤ ᠰᠤᠷᠤᠯᠴᠠᠨ 《 ᠪᠠᠭᠠᠪᠡᠷᠬᠡ ᠭᠣᠤᠯ ᠪᠠᠭ᠎ᠠ ᠰᠤᠷᠭᠠᠭᠤᠯᠢ 》 ᠬᠡᠮᠡᠬᠦ ᠨᠡᠷᠡᠶᠢᠳᠦᠯ ᠲᠠᠢ ᠪᠣᠯᠪᠠ ᠃ 1983 ᠣᠨ ᠳ᠋ᠥ ᠂ ᠪᠣᠯᠤᠩ ᠂ ᠭᠣᠷᠪᠠᠨ ᠤᠰᠤ ᠬᠣᠶᠠᠷ ᠭᠠᠵᠠᠷ ᠤᠨ ᠮᠠᠯ ᠤᠨ ᠲᠣᠪᠣ ᠳ᠋ᠥ ᠲᠣᠰ ᠲᠣᠰ ᠪᠠᠭ᠎ᠠ ᠰᠤᠷᠭᠠᠭᠤᠯᠢ ᠲᠠᠢ ᠪᠣᠯᠵᠤ ᠂ ᠪᠠᠭᠠᠪᠡᠷᠬᠡ ᠰᠤᠮᠤ ᠶ᠋ᠢᠨ 14 ᠪᠠᠶᠢᠭᠠᠯᠢᠯᠢᠭ ᠲᠣᠰᠬᠤᠨ ᠳ᠋ᠥ 16 ᠰᠠᠭᠤᠷᠢ ᠰᠤᠷᠭᠠᠭᠤᠯᠢ ᠲᠠᠢ ᠪᠣᠯᠪᠠ ᠃ 2001 ᠣᠨ ᠳ᠋ᠥ ᠂ ᠠᠶᠢᠯ ᠤᠨ ᠪᠠᠭ᠎ᠠ ᠰᠤᠷᠭᠠᠭᠤᠯᠢ ᠶ᠋ᠢ ᠴᠦᠮ ᠬᠠᠰᠤᠵᠤ ᠂ ᠮᠦᠩᠬᠡ ᠪᠦᠷᠢᠨ ᠪᠠᠭ᠎ᠠ ᠰᠤᠷᠭᠠᠭᠤᠯᠢ ᠪᠣᠯᠣᠨ ᠪᠠᠭᠠᠪᠡᠷᠬᠡ ᠭᠣᠤᠯ ᠪᠠᠭ᠎ᠠ ᠰᠤᠷᠭᠠᠭᠤᠯᠢ ᠦᠯᠡᠳᠡᠪᠡ ᠃ 2005 ᠣᠨ ᠤ7 ᠰᠠᠷ᠎ᠠ ᠳ᠋ᠥ ᠮᠦᠩᠬᠡ ᠪᠦᠷᠢᠨ ᠪᠠᠭ᠎ᠠ ᠰᠤᠷᠭᠠᠭᠤᠯᠢ ᠶ᠋ᠢ ᠬᠠᠰᠤᠵᠤ ᠂ ᠪᠦᠬᠦ ᠰᠤᠮᠤᠨ ᠳ᠋ᠥ ᠭᠠᠬᠴᠠᠬᠦ ᠭᠣᠤᠯ ᠪᠠᠭ᠎ᠠ ᠰᠤᠷᠭᠠᠭᠤᠯᠢ ᠦᠯᠡᠳᠡᠪᠡ ᠃ 2015 ᠣᠨ ᠳ᠋ᠥ ᠮᠦᠩᠬᠡ ᠰᠤᠷᠭᠠᠭᠤᠯᠢ ᠶ᠋ᠢ ᠰᠡᠷᠭᠦᠭᠡᠪᠡ ᠃

                                                             ᠯᠢ ᠪᠤᠶᠠᠨᠴᠤᠭᠯᠠ ᠮᠠᠳᠡᠭᠡᠯᠡᠪᠠ


ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ