ᠦ᠋ ᠪᠣᠤ ᠨᠠᠰᠤᠲᠠᠨ ᠤ ᠬᠦᠰᠡᠯ ᠬᠦᠭᠡᠭᠡᠴᠡᠯᠳᠦᠯ ᠥᠪᠡᠷ ᠮᠢᠨᠦ ᠰᠠᠶᠢᠨ ᠰᠠᠶᠢᠬᠠᠨ ᠳᠠᠭᠤᠷᠢᠶᠠᠯ

ᠣᠩᠰᠢᠭᠰᠠᠨ ᠤᠳᠠᠭ᠎ᠠ ᠄ 2881     ᠨᠡᠶᠢᠳᠡᠯᠡᠭᠰᠡᠨ ᠴᠠᠭ ᠄ 2017/11/2 8:24:57



       ᠨᠠᠶᠠᠨ ᠨᠠᠰᠤ ᠶ᠋ᠢ ᠳᠠᠪᠠᠵᠤ ᠶᠠᠪᠤᠭ᠎ᠠ ᠦ᠋ ᠪᠣᠤ ᠨᠠᠰᠤᠲᠠᠨ ᠪᠣᠯ ᠨᠠᠢᠮᠠᠨ ᠬᠤᠰᠢᠭᠣᠨ ᠤ ᠳᠠᠴᠢᠨᠲᠠᠯ᠎ᠠ ᠪᠠᠯᠭᠠᠰᠤ ᠶ᠋ᠢᠨ  ᠤᠶᠢᠮᠡᠭᠡᠨ ᠬᠦᠭᠵᠢᠭᠡᠨ ᠰᠠᠶᠢᠲᠠᠢ ᠨᠠᠢᠮᠠᠨ ᠵᠡᠭᠡᠯᠢ ᠶ᠋ᠢᠨ ᠲᠥᠪ ᠲᠠᠬᠢ ᠨᠢᠭᠡᠨ ᠠᠰᠠᠷ ᠬᠡᠮᠡᠷᠬᠡᠨ ᠵᠠᠰᠠᠯ ᠴᠢᠮᠡᠭᠯᠡᠯ ᠲᠠᠢ ᠴᠠᠭᠠᠨ ᠪᠣᠳᠤᠬᠳᠤ ᠴᠠᠭᠠᠨ ᠲᠣᠭᠤᠰᠬᠠᠨ ᠭᠡᠷ ᠂ ᠴᠡᠴᠡᠷᠯᠢᠭ ᠴᠦ ᠬᠡᠮᠡᠷ ᠰᠠᠨᠠᠬᠳᠠᠭᠤᠯᠤᠮᠠᠷ ᠴᠡᠴᠡᠭ ᠵᠢᠮᠢᠰ ᠦᠨ ᠦᠵᠡᠮᠵᠢ ᠲᠠᠢ ᠲᠦᠷᠪᠡᠯᠵᠢᠨ ᠵᠢᠵᠢᠭᠬᠡᠨ ᠬᠦᠷᠢᠶᠡᠨ ᠳ᠋ᠥ ᠨᠠᠰᠦᠨ ᠤ ᠬᠠᠨᠢ ᠭᠡᠷᠭᠡᠢ ᠲᠠᠢ ᠪᠠᠨ ᠬᠣᠶᠠᠭᠤᠯᠠ ᠨᠠᠶᠢᠷᠰᠠᠭ ᠰᠠᠶᠢᠬᠠᠨ ᠰᠠᠭᠤᠵᠤ ᠪᠤᠢ ᠃
       ᠬᠤᠰᠢᠭᠤ ᠨᠤᠳᠣᠭ ᠤᠨ ᠰᠣᠶᠣᠯ ᠤᠨ ᠰᠤᠳᠤᠯᠤᠨ ᠣᠯᠠᠮᠵᠢᠯᠠᠬᠤ ᠴᠤᠬᠯᠠᠭᠠᠨ ᠪᠤᠶᠤ ᠰᠤᠷᠲᠠᠯ ᠮᠤᠷᠠᠯ ᠤᠨ ᠰᠤᠷᠲᠠᠯᠴᠢᠯᠠᠨ ᠤᠬᠠᠭᠤᠯᠬᠤ ᠬᠤᠷᠠᠯ ᠵᠡᠷᠬᠡ ᠳ᠋ᠥ ᠵᠣᠯ ᠲᠠᠢ ᠲᠠᠭᠠᠷᠠᠵᠤ ᠵᠢᠯ ᠦᠨ ᠬᠡᠳᠦ ᠤᠳᠠᠭ᠎ᠠ ᠵᠣᠯᠭᠠᠨ ᠵᠤᠭᠤᠬᠳᠠᠨ ᠪᠠᠶᠠᠰᠳᠠᠭ ᠮᠦᠷᠳᠡᠭᠡᠨ ᠪᠢ ᠴᠦ ᠭᠡᠰᠡᠨ ᠬᠣᠪᠢ ᠪᠠᠷ ᠢᠶᠡᠨ ᠦᠵᠡᠶ᠎ᠡ ᠂ ᠵᠣᠭᠤᠬᠳᠠᠶ᠎ᠠ ᠂ ᠰᠤᠷᠤᠶ᠎ᠠ ᠂ ᠮᠡᠳᠡᠶ᠎ᠡ ᠬᠡᠮᠡᠨ ᠲᠤᠰᠬᠠᠶᠢᠯᠠᠨ ᠡᠷᠦᠬᠡ ᠭᠡᠷ  ᠲᠦ᠋ᠨᠢ ᠬᠦᠷᠳᠡᠭ ᠪᠢᠯᠡ ᠃ ᠡᠪᠦᠭᠡᠨ ᠠᠬ᠎ᠠ ᠶ᠋ᠢᠨ ᠬᠥᠯ ᠭᠠᠷ ᠤᠨ ᠬᠢᠨ ᠬᠦᠩᠭᠡᠨ ᠱᠦᠩᠭᠡᠨ ᠬᠦᠳᠡᠯᠦᠯ ᠨᠢ ᠂ ᠬᠡᠯᠡ ᠶᠠᠷᠢᠶ᠎ᠠ ᠶ᠋ᠢᠨ ᠬᠢᠨ ᠤᠷᠤᠰᠤᠮ᠎ᠠ ᠰᠠᠶᠢᠬᠠᠨ ᠠᠶᠠᠯᠭᠤ ᠨᠢ ᠂ ᠮᠡᠳᠡᠯᠭᠡ ᠶ᠋ᠢᠨ ᠬᠢᠨ ᠪᠠᠶᠠᠯᠢᠭ ᠨᠢ ᠂ ᠮᠤᠷᠠᠯ ᠤᠨ ᠬᠢᠨ ᠶᠣᠰᠤᠷᠬᠠᠭ ᠨᠢ ᠂ ᠵᠣᠷᠢᠭ ᠤᠨ ᠬᠢᠨ ᠡᠷᠴᠢ ᠨᠢ ᠂ ᠵᠣᠷᠢᠯᠲᠠ ᠶ᠋ᠢᠨ ᠬᠢᠨ ᠠᠯᠤᠰ ᠨᠢ ᠡᠷᠬᠡ ᠦᠭᠡᠢ ᠡᠭᠡᠯ ᠨᠠᠮ᠎ᠠ ᠶ᠋ᠢ ᠪᠠᠶᠠᠰᠬᠠᠨ ᠵᠣᠷᠢᠬᠵᠢᠭᠤᠯᠳᠠᠭ ᠪᠠᠶᠢᠵᠠᠢ ᠃
       ᠦ᠋ ᠪᠣᠤ ᠨᠠᠰᠤᠳᠠᠨ ᠤ ᠵᠠᠯᠠᠭᠤ ᠽᠠᠨᠳᠠᠨ ᠨᠠᠰᠤᠨ ᠳ᠋ᠠᠭᠠᠨ ᠵᠠᠰᠠᠭ ᠲᠦᠷᠦ ᠶ᠋ᠢᠨ ᠠᠯᠪᠠᠨ ᠳ᠋ᠥ ᠵᠠᠪᠰᠠᠷ ᠵᠠᠢ ᠦᠭᠡᠢ ᠭᠢᠯᠠᠷᠠᠭᠤᠯᠵᠤ ᠶᠠᠪᠤᠬᠰᠠᠨ ᠲᠡᠦᠬᠡᠨ ᠤᠯᠠ ᠮᠦᠷ ᠢ ᠡᠨᠲᠡ ᠳᠤᠷᠠᠤᠨᠬᠤ ᠦᠭᠡᠢ ᠃ ᠭᠠᠬᠴᠠᠬᠦ ᠥᠳᠡᠯᠦᠭᠡ ᠥᠨᠳᠥᠷ ᠨᠠᠰᠤᠨ ᠳ᠋ᠥ ᠡᠷᠦᠬᠡ ᠭᠡᠷ ᠢᠶ᠋ᠡᠨ ᠡᠵᠡᠮᠳᠡᠨ ᠡᠷᠭᠦᠵᠦ ᠦᠨᠳᠦᠰᠦᠳᠡᠨ ᠦ ᠰᠤᠶᠣᠯ ᠤᠷᠠᠯᠢᠭ ᠢᠶᠡᠨ ᠣᠯᠠᠮᠵᠢᠯᠠᠨ ᠪᠠᠳᠠᠷᠠᠭᠤᠯᠵᠤ ᠤᠬᠠᠭᠤᠯᠤᠨ ᠮᠠᠨᠳᠤᠭᠤᠯᠵᠤ ᠶᠠᠪᠤᠭ᠎ᠠ ᠡᠷᠬᠢᠮ ᠨᠠᠨᠳᠢᠨ ᠦᠨ᠎ᠡ ᠪᠡᠨ᠎ᠡ ᠲᠠᠢ ᠤᠶᠢᠯᠡ ᠠᠵᠢᠯᠯᠠᠭ᠎ᠠ ᠡᠴᠠ ᠨᠢ ᠬᠡᠰᠡᠭ ᠪᠤᠰᠠᠭ ᠳᠤᠷᠠᠳᠤᠨ ᠬᠡᠯᠡᠵᠦ ᠳᠣᠳᠤᠭᠠᠳᠤ ᠰᠡᠦᠨᠬᠢᠯ ᠡᠴᠡ ᠪᠠᠨ ᠳᠠᠭᠠᠨ ᠰᠤᠷᠤᠯᠴᠠᠬᠤ ᠰᠠᠨᠠᠭ᠎ᠠ ᠪᠠᠨ ᠢᠯᠡᠦᠨᠬᠡᠬᠦ ᠨᠢ ᠡᠨᠡ ᠪᠦᠯᠦᠭᠡ ᠃
       ᠦ᠋ ᠪᠣᠤ ᠨᠠᠰᠤᠲᠠᠨ ᠤ ᠭᠡᠷᠭᠡᠢ ᠨᠢ ᠬᠣᠶᠠᠷ ᠨᠢᠳᠦᠨ ᠦ ᠬᠠᠷᠠᠭ᠎ᠠ ᠪᠠᠨ ᠲᠠᠭ ᠠᠯᠳᠠᠵᠤ ᠠᠷᠪᠠᠨ ᠬᠡᠳᠦᠨ ᠵᠢᠯ ᠪᠣᠯᠵᠤ ᠪᠤᠢ ᠃ ᠲᠠᠪᠤᠨ ᠬᠡᠦᠬᠡᠳ ᠨᠢ ᠴᠦᠮ ᠥᠷᠦᠭᠡᠯ ᠦᠨ ᠭᠠᠵᠠᠷ ᠥᠭᠡᠷ᠎ᠡ ᠣᠷᠣᠨ ᠳ᠋ᠥ ᠠᠵᠢᠯ ᠠᠯᠪᠠ ᠬᠢᠵᠦ ᠬᠠᠪᠢ ᠳ᠋ᠦ᠋ᠨᠢ ᠪᠠᠶᠢᠭ᠎ᠠ ᠦᠭᠡᠢ ᠃ ᠨᠠᠰᠤᠲᠠᠨ ᠭᠤᠸᠠᠢ ᠡᠳᠦᠷᠵᠢᠨ ᠬᠠᠷᠠᠭ᠎ᠠ ᠪᠠᠨ ᠠᠯᠳᠠᠬᠰᠠᠨ ᠬᠥᠭᠰᠢᠨ ᠢᠶ᠋ᠡᠨ ᠰᠣᠪᠢᠯᠠᠨ ᠬᠡᠦᠬᠡᠳ  ᠰᠢᠭ ᠢᠶ᠋ᠡᠷ ᠬᠠᠷᠠᠭᠠᠯᠵᠠᠵᠤ ᠂  ᠡᠷᠦᠭᠡ ᠭᠡᠷ ᠦᠨ ᠠᠮᠢᠳᠤᠷᠠᠯ ᠠᠬᠤᠢ ᠪᠠᠨ ᠵᠦᠢ ᠵᠣᠬᠢᠰᠲᠠᠢ ᠲᠥᠪᠬᠢᠨᠡᠭᠦᠯᠵᠦ ᠂ ᠠᠷᠰᠠᠷ ᠠᠵᠢᠯ ᠣᠯᠠᠨ ᠲᠠᠢ ᠶᠠᠭᠠᠷᠠᠤ ᠬᠦᠮᠦᠨ ᠂ ᠠᠰᠠᠷᠠᠬᠴᠢ ᠠᠪᠴᠤ ᠵᠠᠷᠤᠮᠠᠷ ᠨᠠᠰᠤᠲᠠᠢ ᠬᠦᠮᠦᠨ ᠃ ᠭᠡᠬᠦ ᠳ᠋ᠥ ᠲᠡᠷᠡ ᠪᠠᠷ ᠴᠢᠷᠠᠢ ᠲᠦᠭᠦᠷᠡᠩ ᠮᠦᠰᠢᠶᠡᠳᠦ ᠲᠠᠢ ᠴᠠᠭ ᠢᠮᠠᠬᠲᠠ ᠪᠠᠶᠠᠷ ᠲᠠᠢ ᠶᠠᠪᠤᠨ᠎ᠠ ᠃ ᠡᠳᠦᠷᠵᠢᠨ ᠦᠵᠡᠬᠦ ᠪᠠᠷ ᠢᠷᠡᠬᠦ ᠂ ᠠᠰᠠᠭᠤᠬᠤ ᠪᠠᠷ ᠢᠷᠡᠬᠦ ᠂ ᠮᠡᠳᠡᠬᠦ ᠪᠠᠷ ᠢᠷᠡᠬᠦ ᠂ ᠵᠣᠭᠤᠬᠳᠠᠬᠤ ᠪᠠᠷ ᠢᠷᠡᠬᠦ ᠂ ᠬᠦᠭᠵᠢᠮ ᠰᠤᠷᠬᠤ ᠪᠠᠷ ᠢᠷᠡᠬᠦ ᠂ ᠬᠤᠭᠤᠷ ᠲᠠᠲᠠᠬᠤ ᠪᠠᠷ ᠢᠷᠡᠬᠦ ᠵᠣᠴᠢᠨ ᠨᠠᠶᠢᠵᠠᠰ ᠳᠠᠰᠤᠷᠠᠳᠠᠭ ᠦᠭᠡᠢ ᠂ ᠲᠡᠳᠡᠭᠡᠷ ᠪᠦᠬᠦᠨ ᠢ ᠨᠠᠰᠤᠲᠠᠨ ᠭᠤᠸᠠᠢ ᠪᠠᠶᠠᠷᠯᠠᠨ ᠤᠬᠳᠤᠨ᠎ᠠ ᠪᠠᠶᠠᠰᠤᠨ ᠵᠣᠴᠢᠯᠠᠨ᠎ᠠ ᠃
      ᠦ᠋ ᠪᠣᠤ ᠨᠠᠰᠤᠳᠠᠨ ᠳᠦᠩᠭᠡᠵᠢ 6 ᠵᠢᠯ ᠰᠤᠷᠭᠠᠭᠤᠯᠢ ᠳ᠋ᠥ ᠰᠠᠭᠤᠬᠰᠠᠨ ᠪᠠᠭ᠎ᠠ ᠰᠤᠷᠭᠠᠭᠤᠯᠢ ᠶ᠋ᠢᠨ ᠰᠤᠷᠤᠯᠭ᠎ᠠ ᠶ᠋ᠢᠨ ᠨᠠᠮᠲᠠᠷ ᠲᠠᠢ ᠃ ᠲᠡᠷᠡ ᠪᠠᠷ 70 ᠨᠠᠰᠤᠲᠠᠢ ᠲᠡᠷᠡ ᠵᠢᠯ ᠳ᠋ᠡᠬᠡᠨ 《 ᠳᠥᠷᠦᠭᠡ 》 ᠭᠡᠰᠡᠨ ᠪᠢᠷ ᠦᠨ ᠨᠡᠷ᠎ᠡ ᠠᠪᠴᠤ ᠂ ᠰᠤᠳᠤᠷ ᠨᠣᠮ ᠤᠩᠰᠢᠨ ᠰᠤᠳᠤᠯᠵᠤ ᠰᠣᠶᠤᠯ ᠲᠡᠦᠬᠡ ᠶ᠋ᠢᠨ ᠮᠦᠷ ᠬᠠᠶᠢᠵᠤ ᠡᠬᠢᠯᠡᠵᠡᠢ ᠃ ᠨᠠᠰᠤᠲᠠᠨ ᠭᠤᠸᠠᠢ ᠶᠠᠰᠤᠨ ᠪᠢᠴᠢᠭ ᠰᠤᠳᠤᠯᠵᠤ ᠂ ᠶᠠᠰᠤᠨ ᠪᠢᠴᠢᠭ ᠦᠨ 4000 ᠭᠠᠷᠤᠢ ᠦᠰᠦᠭ ᠦᠨ 2000 ᠭᠠᠷᠤᠢ ᠦᠰᠦᠭ ᠢ ᠲᠠᠨᠢᠵᠤ ᠲᠠᠶᠢᠯᠪᠤᠷᠢ ᠬᠠᠳᠠᠵᠤ ᠰᠦᠯᠵᠢᠶᠡᠨ ᠲᠡᠭᠡᠷ᠎ᠡ ᠨᠡᠶᠢᠳᠡᠯᠡᠨ ᠬᠢᠲᠠᠤᠨ ᠶ᠋ᠢᠨ ᠨᠡᠷᠡᠳᠥ  ᠡᠷᠲᠡᠮᠲᠡᠨ ᠨᠠᠷ ᠤᠨ ᠠᠩᠬᠠᠷᠤᠯ ᠳ᠋ᠥ ᠬᠦᠷᠴᠦ ᠰᠤᠨᠢᠷᠬᠠᠯ ᠢ ᠲᠠᠲᠠᠨ ᠤᠲᠠᠰᠤ ᠶ᠋ᠢ ᠨᠢ ᠣᠯᠠᠨᠲᠠ ᠲᠣᠰᠤᠬᠰᠠᠨ ᠪᠠᠶᠢᠳᠠᠭ ᠃ ᠲᠡᠷᠡ ᠪᠠᠷ《 ᠺᠠᠩ ᠰᠢ ᠶ᠋ᠢᠨ ᠲᠣᠯᠢ 》 ᠪᠢᠴᠢᠭ ᠲᠣᠳᠤᠷᠠᠬᠢ 47034 ᠦᠰᠦᠭ ᠦᠨ ᠤᠴᠢᠷ ᠣᠤᠨᠬ᠎ᠠ ᠶ᠋ᠢ ᠡᠵᠡᠮᠰᠢᠨ ᠮᠡᠳᠡᠵᠦ ᠣᠯᠠᠩᠬᠢ ᠶ᠋ᠢ ᠨᠢ ᠤᠶᠢᠯᠠᠭᠠᠳᠠᠭ ᠪᠠᠶᠢᠵᠠᠢ ᠃ 《 ᠮᠤᠩᠭᠤᠯ ᠬᠢᠲᠠᠳ ᠦᠭᠡ ᠨᠢ 14000 ᠵᠢᠯ ᠦᠨ ᠴᠠᠭᠠᠨ᠎ᠠ ᠲᠦᠷᠪᠡᠳᠦᠭᠡᠷ ᠭᠠᠯᠪᠠ ᠶ᠋ᠢᠨ ᠮᠦᠰᠦᠳᠦᠯᠭᠡ ᠶ᠋ᠢᠨ ᠬᠣᠭᠤᠴᠠᠭᠠᠨ ᠡᠴᠠ ᠡᠮᠦᠨᠡᠬᠢ ᠨᠢᠭᠡ ᠢᠵᠠᠭᠤᠷ ᠤᠨ ᠦᠭᠡ ᠪᠣᠯᠤᠨ᠎ᠠ》 ᠃ 《ᠬᠢᠲᠠᠳ ᠦᠰᠦᠭ ᠪᠣᠯ ᠠᠪᠢᠶ᠎ᠠ ᠶ᠋ᠢᠨ ᠢᠵᠠᠭᠤᠷ ᠤᠣᠨᠬ᠎ᠠ ᠂ ᠲᠦᠷᠰᠦ ᠶ᠋ᠢᠨ ᠢᠵᠠᠭᠤᠷ ᠢᠶᠠᠷ ᠪᠦᠷᠢᠯᠳᠦᠭᠰᠡᠨ ᠦᠰᠦᠭ ᠪᠣᠯᠤᠨ᠎ᠠ ᠃ ᠬᠢᠲᠠᠳ ᠦᠰᠦᠭ 214 ᠴᠠᠭᠠᠨ ᠲᠣᠯᠤᠭᠠᠢ ᠲᠠᠢ ᠂ ᠬᠡᠷᠪᠡ 214 ᠴᠠᠭᠠᠨ ᠲᠣᠯᠤᠭᠠᠢ ᠶ᠋ᠢ ᠨᠡᠪᠳᠡᠷᠳᠡᠯ᠎ᠡ ᠰᠤᠳᠤᠯᠤᠨ ᠰᠤᠷᠴᠢᠬᠠᠪᠠᠯ ᠣᠳᠣᠬᠠᠨ ᠤ 47000 ᠦᠰᠦᠭ ᠢ ᠳᠠᠷᠤᠢ ᠠᠮᠠᠷᠬᠠᠨ ᠡᠵᠡᠮᠰᠢᠵᠦ ᠴᠢᠳᠠᠨ᠎ᠠ 》 ᠭᠡᠵᠦ ᠨᠠᠰᠤᠲᠠᠨ ᠭᠤᠸᠠᠢ ᠣᠷᠮ᠎ᠠ ᠲᠠᠢ ᠶᠠᠷᠢᠨ᠎ᠠ ᠃ ᠡᠨᠡ ᠬᠦ ᠦᠵᠡᠯᠲᠡ ᠪᠠᠨ 《 ᠦ᠋ ᠪᠣᠤ ᠨᠠᠰᠤᠲᠠᠨ ᠦᠭᠡ ᠬᠡᠯᠡᠨ ᠦ ᠰᠤᠳᠤᠯᠭᠠᠨ ᠡᠴᠠ ᠭᠠᠷᠳᠠᠨ ᠲᠡᠦᠬᠡ ᠰᠣᠶᠤᠯ ᠳ᠋ᠥ ᠥᠷᠭᠡᠨ ᠲᠡᠯᠭᠡᠷ ᠰᠤᠳᠤᠯᠤᠯᠲᠠ ᠬᠢᠵᠡᠢ 》 ᠭᠡᠰᠡᠨ ᠰᠡᠳᠦᠪ ᠢᠶ᠋ᠡᠷ 《 ᠥᠪᠥᠷ ᠮᠤᠩᠭᠤᠯ ᠤᠨ ᠳᠡᠯᠡᠬᠡᠢ ᠳ᠋ᠠᠬᠢᠨ ᠳ᠋ᠠᠬᠢ ᠨᠥᠯᠦᠭᠡᠳᠦ ᠬᠦᠮᠦᠰ 》 ᠭᠡᠰᠡᠨ ᠨᠣᠮ ᠳ᠋ᠥ ᠲᠡᠮᠳᠡᠭᠯᠡᠭᠦᠯᠦᠭᠰᠡᠨ ᠪᠠᠶᠢᠳᠠᠭ ᠃ ᠬᠢᠲᠠᠳ ᠮᠤᠩᠭᠤᠯ ᠦᠭᠡ ᠬᠡᠯᠡ ᠂ ᠦᠰᠦᠭ ᠪᠢᠴᠢᠭ ᠦᠨ ᠢᠷᠠᠯ ᠭᠠᠷᠤᠯ ᠬᠦᠭᠵᠢᠯ ᠬᠣᠪᠢᠷᠠᠯ ᠢ ᠭᠦᠨᠵᠡᠭᠡᠢ ᠰᠤᠳᠤᠯᠬᠤ ᠶ᠋ᠢᠨ ᠲᠦᠯᠦᠭᠡ ᠨᠠᠰᠤᠲᠠᠨ ᠭᠤᠸᠠᠢ ᠲᠡᠦᠬᠡᠨ ᠨᠣᠮ ᠂ ᠪᠢᠴᠢᠭ ᠮᠠᠲ᠋ᠸᠷᠢᠶᠠᠯ ᠣᠯᠠᠨ ᠴᠤᠬᠯᠠᠭᠤᠯᠤᠨ ᠤᠩᠰᠢᠬᠰᠠᠨ ᠮᠦᠷᠲᠡᠭᠡᠨ ᠲᠣᠯᠢ ᠪᠢᠴᠢᠭ ᠢ ᠴᠦ ᠣᠪᠣᠭ᠎ᠠ ᠣᠯᠠᠨ ᠠᠪᠴᠤ ᠤᠩᠰᠢᠨ ᠬᠡᠷᠡᠭᠯᠡᠵᠦ ᠠᠰᠢᠬᠯᠠᠬᠰᠠᠨ ᠪᠠᠶᠢᠳᠠᠭ ᠃ ᠲᠡᠭᠦᠨ ᠦ ᠭᠡᠷ  ᠲᠦ ᠲᠡᠦᠬᠡᠨ ᠨᠣᠮ ᠂ ᠲᠣᠯᠢ ᠪᠢᠴᠢᠭ ᠬᠣᠷᠭᠣ ᠲᠦᠭᠦᠷᠡᠩ ᠪᠠᠶᠢᠵᠤ ᠂ ᠨᠣᠮ ᠤᠨ ᠰᠠᠩ ᠳ᠋ᠥ ᠬᠠᠳᠠᠭᠠᠯᠠᠬᠳᠠᠭ᠎ᠠ ᠦᠭᠡᠢ ᠂ ᠨᠣᠮ ᠤᠨ ᠲᠡᠯᠭᠡᠭᠦᠷ ᠲᠣ ᠲᠡᠯᠭᠡᠭᠳᠡᠭᠡ ᠦᠭᠡᠢ ᠲᠣᠯᠢ ᠪᠢᠴᠢᠭ ᠬᠠᠷᠠᠬᠳᠠᠨ ᠰᠣᠨᠢᠷᠬᠠᠯ ᠳ᠋ᠥ ᠬᠦᠷᠦᠨ᠎ᠡ ᠃ 2100 ᠵᠢᠯ ᠦᠨ ᠡᠮᠦᠨ᠎ᠡ ᠬᠠᠨ ᠤᠯᠤᠰ ᠤᠨ ᠰᠢᠤᠢ ᠱᠸᠨ ᠦ ᠵᠣᠬᠢᠶᠠᠬᠰᠠᠨ 《 ᠦᠰᠦᠭ ᠦᠨ ᠲᠠᠶᠢᠯᠪᠤᠷᠢ ᠲᠣᠯᠢ 》 ᠵᠢᠴᠢ 《 ᠡᠯ ᠶᠠ ᠦᠭᠡᠰ ᠦᠨ ᠲᠣᠯᠢ 》 ᠂ 《ᠪᠤᠷᠬᠠᠨ ᠤ ᠤᠬᠠᠭᠠᠨ ᠤ ᠬᠢᠲᠠᠳ ᠬᠡᠯᠡᠨ ᠦ ᠦᠭᠡᠰ ᠦᠨ ᠲᠣᠯᠢ 》 《 ᠰᠢᠨ᠎ᠡ  ᠨᠠᠶᠢᠷᠠᠭᠤᠯᠤᠬᠰᠠᠨ ᠶᠠᠰᠤᠨ ᠪᠢᠴᠢᠭ ᠦᠨ ᠲᠣᠯᠢ 》 ᠂ 24.5 ᠵᠢᠩ ᠦᠨ ᠬᠦᠨᠳᠦ ᠲᠠᠢ 6 ᠲᠡᠪᠲᠡᠷ 《 ᠲᠦᠪᠡᠦᠨ ᠬᠢᠲᠠᠳ ᠶᠡᠬᠡ ᠦᠭᠡᠰ ᠦᠨ ᠲᠣᠯᠢ 》 ᠂ ᠤᠶᠢᠭᠤᠷᠵᠢᠨ ᠰᠯᠠᠸᠵᠢᠨ ᠦᠰᠦᠭ ᠲᠠᠢ 《 ᠰᠢᠨ᠎ᠡ ᠮᠤᠩᠭᠤᠯ ᠬᠢᠲᠠᠳ ᠲᠣᠯᠢ 》 ᠂ 《 ᠣᠳᠣᠬᠢ ᠬᠢᠲᠠᠳ ᠤᠨ ᠨᠤᠳᠣᠭ ᠤᠨ ᠶᠠᠷᠢᠶᠠᠨ ᠤ ᠦᠭᠡᠰ ᠦᠨ ᠶᠡᠬᠡ ᠲᠣᠯᠢ 》᠂ 《 ᠬᠢᠲᠠᠳ ᠠᠩᠭᠯᠢ ᠮᠤᠩᠭᠤᠯ ᠦᠭᠡᠰ ᠦᠨ ᠲᠣᠯᠢ 》 ᠭᠡᠬᠦ ᠮᠡᠳᠥ ᠶ᠋ᠢᠨ 20 ᠰᠢᠬᠠᠮ ᠲᠣᠮᠣ ᠵᠤᠵᠠᠭᠠᠨ ᠲᠣᠯᠢ ᠪᠢᠴᠢᠭ ᠦᠳ ᠪᠠᠶᠢᠵᠤ ᠂ ᠡᠳᠦᠷ ᠪᠦᠷᠢ50 ᠡᠴᠡ60 ᠵᠢᠩ ᠦᠨ ᠬᠦᠨᠳᠦ ᠲᠠᠢ ᠲᠣᠯᠢ ᠪᠢᠴᠢᠭ ᠣᠷᠪᠠᠭᠤᠯᠤᠨ ᠡᠷᠢᠵᠦ ᠠᠰᠢᠬᠯᠠᠨ ᠂ ᠤᠯᠠᠭᠠᠨ ᠬᠥᠬᠡ ᠪᠣᠳᠤᠬᠳᠤ ᠪᠢᠷ ᠢᠶ᠋ᠡᠷ ᠶᠠᠩᠵᠤ ᠪᠦᠷᠢ ᠶ᠋ᠢᠨ ᠲᠡᠮᠳᠡᠭ ᠵᠢᠷᠤᠭᠠᠰᠤ ᠲᠠᠯᠪᠢᠨ ᠲᠣᠳᠤᠷᠬᠠᠶᠢᠯᠠᠯᠲᠠ ᠬᠢᠵᠦ ᠠᠰᠢᠭᠯᠠᠨ ᠡᠵᠡᠮᠰᠢᠵᠦ ᠥᠪᠡᠰᠦᠪᠡᠨ ᠰᠤᠳᠤᠯᠤᠨ ᠰᠤᠷᠳᠠᠭ ᠪᠠᠶᠢᠯ᠎ᠠ ᠃
      ᠦ᠋ ᠪᠣᠤ ᠨᠠᠰᠤᠲᠠᠨ ᠥᠳᠡᠯᠦᠭᠡ ᠨᠠᠰᠤᠨ ᠳ᠋ᠠᠭᠠᠨ ᠰᠤᠷᠬᠤ ᠶ᠋ᠢᠨ ᠠᠮᠲᠠ ᠶ᠋ᠢ ᠮᠡᠳᠡᠭᠰᠡᠨ ᠮᠦᠷᠳᠡᠭᠡᠨ ᠰᠤᠷᠭᠠᠬᠤ ᠶ᠋ᠢᠨ ᠵᠢᠷᠭᠠᠯ ᠢ ᠬᠦᠷᠳᠡᠭᠰᠡᠨ ᠪᠠᠶᠢᠳᠠᠭ ᠃ 2015 ᠣᠨ ᠳ᠋ᠥ ᠂ ᠬᠣᠪᠢ ᠶ᠋ᠢᠨ ᠭᠡᠷ ᠲᠡᠬᠡᠨ 《 ᠬᠢᠲᠠᠳ ᠦᠰᠦᠭ ᠲᠠᠨᠢᠬᠤ ᠰᠤᠳᠤᠯᠭᠠᠨ ᠤ ᠠᠩᠭᠢ 》 ᠡᠷᠬᠢᠯᠡᠨ ᠨᠢᠭᠡᠨ ᠦᠶ᠎ᠡ ᠥᠷᠬᠦᠯᠵᠢᠯᠡᠭᠰᠡᠨ ᠪᠠᠶᠢᠳᠠᠭ ᠃ ᠲᠣᠰ ᠰᠤᠳᠤᠯᠭᠠᠨ ᠤ ᠠᠩᠭᠢ ᠨᠢ ᠦᠭᠡ ᠦᠰᠦᠭ ᠦᠨ ᠬᠣᠪᠢ ᠳ᠋ᠥ ᠬᠢᠲᠠᠳ ᠮᠤᠩᠭᠤᠯ ᠢ ᠬᠠᠷᠢᠴᠠᠭᠤᠯᠤᠨ ᠲᠡᠦᠬᠡᠨ ᠡᠰᠢ ᠪᠠᠷᠢᠮᠲᠠ ᠲᠠᠢ ᠬᠦᠨᠵᠡᠭᠡᠢ ᠰᠤᠳᠤᠯᠤᠯᠲᠠ ᠬᠢᠵᠦ ᠂ ᠬᠢᠲᠠᠳ ᠮᠤᠩᠭᠤᠯ ᠦᠭᠡ ᠭᠠᠷᠤᠯ ᠨᠢᠭᠡ ᠪᠣᠯᠬᠤ  ᠲᠣᠬᠠᠢ ᠰᠢᠨᠵᠢᠯᠡᠭᠡ ᠬᠢᠵᠦ ᠰᠤᠷᠤᠯᠴᠠᠵᠠᠢ ᠃ ᠰᠤᠳᠤᠯᠭᠠᠨ ᠤ ᠠᠩᠭᠢ ᠳ᠋ᠥ ᠬᠠᠮᠤᠭ ᠠᠬᠠᠮᠠᠤᠨ ᠨᠢ 82 ᠨᠠᠰᠤᠲᠠᠢ ᠠᠮᠠᠷᠠᠯᠲᠠ ᠠᠪᠤᠬᠰᠠᠨ ᠺᠠᠳ᠋ᠷ ᠂ ᠬᠠᠮᠤᠭ ᠵᠠᠯᠠᠭᠤ ᠨᠢ 25 ᠨᠠᠰᠤᠲᠠᠢ ᠠᠩᠬ᠎ᠠ ᠲᠡᠭᠦᠰᠦᠭᠰᠡᠨ ᠤᠶᠤᠲᠠᠨ ᠪᠠᠶᠢᠯ᠎ᠠ ᠃ ᠦ᠋ ᠪᠣᠤ ᠨᠠᠰᠤᠲᠠᠨ ᠬᠣᠲᠠ ᠬᠣᠰᠢᠭᠤ ᠬᠣᠶᠠᠷ ᠱᠠᠳᠤᠨ ᠦ ᠪᠣᠳᠠᠰ ᠤᠨ ᠪᠣᠰᠤ ᠰᠣᠶᠣᠯ ᠤᠨ ᠥᠪ ᠦᠨ ᠣᠯᠠᠮᠵᠢᠯᠠᠬᠴᠢ ᠪᠣᠯᠤᠬᠰᠠᠨ ᠤ ᠬᠣᠪᠢ ᠳ᠋ᠥ ᠬᠦᠮᠦᠨ ᠦ ᠬᠣᠪᠣᠷ ᠮᠡᠳᠡᠳᠡᠭ ᠡᠷᠲᠡᠨ ᠦ ᠬᠢᠳᠠᠨ ᠬᠦᠭᠵᠢᠮ ᠢ ᠬᠦᠭᠵᠢᠬᠦᠯᠬᠦ ᠪᠠᠷ 《 ᠬᠢᠳᠠᠨ ᠬᠦᠭᠵᠢᠮ ᠦᠨ ᠬᠠᠮᠳᠤᠯᠢᠭ 》  ᠪᠠᠶᠢᠭᠤᠯᠵᠤ ᠂ ᠬᠠᠮᠳᠤᠯᠢᠭ ᠲᠣ8 ᠬᠦᠮᠦᠨ ᠲᠠᠢ ᠃ ᠪᠠᠶᠢᠩᠭᠤ ᠨᠠᠰᠤᠲᠠᠨ ᠤ ᠭᠡᠷ ᠲᠦ᠋ᠨᠢ ᠴᠤᠬᠯᠠᠷᠠᠵᠦ ᠪᠤᠯᠪᠠᠰᠤᠷᠠᠯ ᠬᠢᠳᠡᠭ ᠪᠠᠶᠢᠨ᠎ᠠ ᠃ ᠡᠨᠡ ᠨᠠᠮᠤᠷ ᠂ ᠲᠡᠳᠡᠨᠦᠰ ᠮᠦᠩᠬᠡ ᠠᠶᠢᠯ ᠳ᠋ᠥ ᠮᠣᠷᠢᠯᠠᠨ ᠢᠷᠡᠵᠦ ᠨᠢᠭᠡ ᠤᠳᠠᠭ᠎ᠠ ᠠᠶᠢᠯ ᠤᠨ ᠪᠦᠵᠢᠭ ᠦᠨ ᠪᠦᠯᠬᠦᠮ ᠲᠠᠢ ᠬᠠᠮᠳᠤᠷᠠᠨ ᠬᠦᠳᠡᠯᠭᠡᠭᠡᠨ ᠬᠢᠵᠦ ᠂ ᠬᠤᠭᠤᠷ ᠶᠠᠳᠤᠭ᠎ᠠ ᠶ᠋ᠢᠨ  ᠡᠭᠡᠰᠢᠭ ᠢᠶ᠋ᠡᠷ ᠭᠢᠳᠠᠨ ᠬᠦᠭᠵᠢᠮ ᠦᠨ ᠠᠶᠠᠯᠭᠤ ᠶ᠋ᠢ ᠣᠯᠠᠮᠵᠢᠯᠠᠨ ᠮᠡᠳᠡᠭᠦᠯᠵᠦ ᠂ ᠰᠤᠨᠤᠰᠤᠬᠰᠠᠨ ᠪᠦᠬᠦᠨ ᠦ ᠰᠤᠨᠢᠷᠬᠠᠯ ᠳ᠋ᠥ ᠬᠦᠷᠴᠦ ᠰᠠᠶᠢᠰᠢᠶᠠᠯ ᠮᠠᠬᠲᠠᠭᠠᠯ ᠢ ᠣᠯᠤᠬᠰᠠᠨ ᠪᠠᠶᠢᠨ᠎ᠠ ᠃
      ᠦ᠋ ᠪᠣᠤ ᠨᠠᠰᠤᠲᠠᠨ ᠥᠳᠡᠯᠦᠭᠡ ᠨᠠᠰᠤᠨ ᠳ᠋ᠠᠭᠠᠨ ᠪᠦᠳᠦᠭᠡᠯ ᠲᠠᠢ ᠶᠠᠪᠤᠭ᠎ᠠ ᠪᠤᠭᠤᠷᠤᠯ ᠪᠠᠶᠢᠭ᠎ᠠ ᠶᠤᠮ ᠃ ᠲᠡᠷᠡ ᠪᠠᠷ 60 ᠨᠠᠰᠤᠲᠠᠢ ᠵᠢᠯ ᠳ᠋ᠡᠬᠡᠨ ᠲᠦᠪᠡᠦᠨ ᠨᠣᠮ ᠣᠯᠵᠤ ᠥᠪᠡᠰᠦᠪᠡᠨ ᠲᠦᠪᠡᠦᠨ ᠪᠢᠴᠢᠭ ᠰᠤᠷᠤᠬᠰᠠᠨ ᠪᠠᠶᠢᠳᠠᠭ ᠃ ᠳᠠᠷᠢᠬᠢ ᠰᠡᠷᠭᠦᠯᠡᠩ ᠲᠡᠷᠡ ᠪᠠᠷ2 ᠰᠠᠷ᠎ᠠ ᠭᠠᠷᠤᠢ ᠰᠤᠷᠤᠯᠴᠠᠭᠠᠳ ᠲᠦᠪᠡᠦᠨ ᠪᠢᠴᠢᠭ ᠤᠩᠰᠢᠵᠤ ᠪᠢᠴᠢᠵᠦ ᠴᠢᠳᠠᠬᠤ ᠪᠣᠯᠵᠤ ᠂ ᠣᠳᠣ ᠲᠦᠪᠡᠦᠨ ᠨᠣᠮ ᠢ ᠣᠷᠴᠢᠭᠤᠯᠵᠤ ᠴᠢᠳᠠᠬᠤ ᠬᠡᠮᠵᠢᠶᠡᠨ ᠳ᠋ᠥ ᠬᠦᠷᠴᠠᠢ ᠃ ᠲᠡᠷᠡ ᠪᠠᠷ ᠲᠦᠪᠡᠦᠨ ᠨᠣᠮ 《 ᠳᠣᠷᠵᠢᠵᠣᠤᠨᠪᠠ 》 ᠂ 《ᠪᠢᠯᠢᠭ ᠪᠠᠷᠢᠮᠲᠠ 》 ᠶ᠋ᠢ ᠣᠷᠴᠢᠭᠤᠯᠤᠨ ᠪᠠᠭᠤᠯᠭᠠᠵᠠᠢ ᠃ 71 ᠨᠠᠰᠤᠨ ᠳ᠋ᠠᠭᠠᠨ ᠡᠮᠨᠡᠯᠭᠡ ᠶ᠋ᠢᠨ ᠤᠬᠠᠭᠠᠨ ᠰᠤᠷᠴᠤ ᠂ ᠲᠡᠭᠦᠨ ᠦ ᠪᠢᠴᠢᠭᠰᠡᠨ ᠠᠮᠢᠳᠤ ᠪᠤᠳᠠᠰ ᠤᠨ ᠡᠷᠳᠡᠮ ᠰᠢᠨᠵᠢᠯᠡᠭᠡᠨ ᠦ ᠦᠭᠦᠯᠡᠯ  ᠪᠤᠯᠬᠣ《 ᠭᠤᠷᠪᠠ ᠳ᠋ᠥ ᠨᠡᠶᠢᠯᠡᠵᠦ ᠂ ᠲᠥᠷᠪᠡ ᠳ᠋ᠥ ᠴᠣᠬᠴᠠᠯᠠᠬᠤ 》 ᠬᠡᠮᠡᠬᠦ ᠦᠭᠦᠯᠡᠯ ᠨᠢ ᠳᠣᠮᠳᠠᠳᠤ ᠶ᠋ᠢᠨ ᠦᠨᠳᠦᠰᠦᠳᠡᠨ ᠦ ᠡᠮ ᠡᠮᠨᠡᠯᠭᠡ ᠰᠡᠦᠨᠬᠦᠯ ᠳ᠋ᠥ ᠨᠡᠶᠢᠳᠡᠯᠡᠭᠳᠡᠨ ᠂ ᠮᠤᠩᠭᠤᠯ ᠣᠯᠤᠰ ᠤᠨ ᠰᠣᠤ ᠤᠬᠠᠭᠠᠨ ᠤ ᠮᠠᠨᠤᠺᠤᠯ ᠠᠺᠠᠳᠧᠮᠢ ᠵᠤᠯᠠ ᠶ᠋ᠢᠨ ᠪᠠᠳᠤᠠᠣᠤᠨᠬᠤᠨ ᠡᠷᠳᠡᠮ ᠰᠢᠨᠵᠢᠯᠡᠭᠡᠨ ᠦ ᠦᠭᠦᠯᠡᠯ ᠳ᠋ᠡᠬᠡᠨ ᠡᠰᠢ ᠳᠠᠳᠠᠨ ᠣᠷᠤᠭᠤᠯᠤᠬᠰᠠᠨ ᠪᠠᠶᠢᠳᠠᠭ ᠃ ᠲᠦᠩᠯᠢᠶᠣᠣ ᠬᠣᠲᠠ ᠶ᠋ᠢᠨ ᠣᠯᠠᠨ ᠲᠦᠮᠡᠨᠴᠢ ᠤᠷᠠᠯᠢᠭ ᠤᠨ ᠭᠡᠷ ᠦᠨ ᠲᠦᠷᠭᠡᠨᠪᠠᠶᠠᠷ ᠤᠨ ᠨᠠᠶᠢᠷᠠᠭᠤᠯᠤᠨ ᠬᠡᠪᠯᠡᠭᠦᠯᠦᠭᠰᠡᠨ 《 ᠮᠤᠩᠭᠤᠯ ᠠᠷᠠᠳ ᠤᠨ ᠠᠮᠠᠨ ᠦᠯᠢᠭᠡᠷ ᠪᠠᠯᠭᠠᠨᠰᠠᠩ 》 ᠬᠡᠮᠡᠬᠦ ᠮᠤᠩᠭᠤᠯ ᠬᠢᠲᠠᠳ ᠬᠡᠪᠯᠡᠯ ᠦᠨ ᠬᠣᠶᠠᠷ ᠨᠣᠮ ᠳ᠋ᠥ ᠨᠠᠰᠤᠲᠠᠨ ᠭᠤᠸᠠᠢ ᠨᠢᠭᠤᠷ ᠵᠢᠷᠤᠭ ᠢᠶᠡᠨ ᠢᠯᠡᠷᠡᠭᠦᠯᠵᠦ ᠨᠡᠷ᠎ᠡ ᠨᠠᠮᠲᠠᠷ ᠢᠶᠡᠨ ᠬᠠᠳᠠᠭᠤᠯᠵᠤ ᠦᠭᠦᠯᠡᠯ ᠵᠤᠬᠢᠶᠠᠯ ᠢᠶᠡᠨ ᠨᠡᠶᠢᠲᠡᠯᠡᠭᠦᠯᠦᠨ ᠪᠠᠯᠭᠠᠨᠰᠠᠩ ᠤᠨ ᠲᠤᠬᠠᠢ 6 ᠬᠣᠪᠢ ᠦᠯᠢᠭᠡᠷ ᠲᠡᠮᠳᠡᠭᠯᠡᠭᠦᠯᠦᠭᠰᠡᠨ ᠪᠠᠶᠢᠨ᠎ᠠ ᠃
       2014ᠣᠨ ᠳ᠋ᠥ ᠂ ᠨᠠᠰᠤᠳᠠᠨ ᠭᠤᠸᠠᠢ 《 ᠬᠣᠷᠴᠢᠨ ᠰᠣᠶᠣᠯ ᠤᠨ ᠣᠯᠠᠮᠵᠢᠯᠠᠬᠴᠢ ᠶ᠋ᠢᠨ ᠰᠢᠯᠭᠠᠷᠠᠬᠰᠠᠨ ᠵᠢᠦᠨᠬᠦᠯᠲᠡᠨ 》 ᠦ ᠥᠨᠡᠮᠯᠡᠯ ᠭᠠᠷᠳᠠᠵᠤ ᠬᠣᠲᠠ ᠶ᠋ᠢᠨ ᠲᠡᠰ ᠦᠨ ᠪᠤᠳᠠᠰ ᠤᠨ ᠪᠣᠰᠤ ᠰᠣᠶᠣᠯ ᠤᠨ ᠥᠪ ᠦᠨ ᠣᠯᠠᠮᠵᠢᠯᠠᠬᠴᠢ ᠪᠣᠯᠪᠠ ᠃2015 ᠣᠨ ᠤ9 ᠰᠠᠷ᠎ᠠ ᠳ᠋ᠥ  ᠨᠠᠢᠮᠠᠨ ᠬᠤᠰᠢᠭᠣᠨ ᠤ ᠬᠣᠶᠠᠳᠤᠭᠠᠷ ᠬᠣᠭᠤᠴᠠᠭᠠᠨ ᠤ 《ᠨᠤᠭᠤᠨᠵᠠᠶᠠᠭ᠎ᠠ 》 ᠰᠣᠶᠣᠯ ᠤᠨ ᠱᠠᠩᠨᠠᠯ ᠲᠣᠰᠴᠠᠢ ᠃ 2017 ᠣᠨ ᠤ ᠬᠠᠪᠤᠷ ᠨᠠᠢᠮᠠᠨ ᠬᠤᠰᠢᠭᠣᠨ ᠤ ᠰᠢᠯᠢᠳᠡᠭ ᠣᠷᠴᠢᠭᠤᠯᠤᠬᠴᠢ ᠶ᠋ᠢᠨ ᠱᠠᠩᠨᠠᠯ ᠬᠦᠷᠳᠡᠵᠡᠢ ᠃

                               (  ᠯᠢ ᠪᠤᠶᠠᠨᠴᠤᠭᠯᠠ ᠮᠠᠳᠡᠭᠡᠯᠡᠪᠠ)

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ