ᠰᠢᠯᠢᠳᠡᠭ ᠺᠠᠳ᠋ᠷ ᠰᠢᠷᠤᠪ ᠤᠨ ᠨᠠᠮᠲᠠᠷ

ᠣᠩᠰᠢᠭᠰᠠᠨ ᠤᠳᠠᠭ᠎ᠠ ᠄ 10397     ᠨᠡᠶᠢᠳᠡᠯᠡᠭᠰᠡᠨ ᠴᠠᠭ ᠄ 2017/11/7 8:16:21

      ᠰᠢᠶᠸᠵᠢᠨ ᠰᠢᠷᠤᠪ ᠪᠣᠯ ᠨᠠᠢᠮᠠᠨ ᠬᠤᠰᠢᠭᠣᠨ ᠤ ᠣᠤᠯ ᠤᠨ  ᠨᠠᠢᠮᠠᠳᠤᠭᠠᠷ ᠨᠤᠳᠣᠭ ᠪᠠᠶᠠᠨᠲᠠᠯ᠎ᠠ ᠶ᠋ᠢᠨ ᠪᠠᠭᠠᠪᠡᠷᠬᠡ ᠭᠠᠴᠠᠭ᠎ᠠ ᠶ᠋ᠢᠨ ᠡᠮᠡᠭᠡᠨ ᠠᠶᠢᠯ (ᠡᠳᠦᠭᠡ ᠶ᠋ᠢᠨ ᠮᠦᠩᠬᠡ ᠠᠶᠢᠯ ) ᠨᠤᠳᠣᠭ ᠲᠠᠢ ᠃ 1938 ᠣᠨ ᠤ ᠪᠢᠯᠢᠭ ᠦᠨ ᠤᠯᠠᠷᠢᠯ ᠤᠨ 3 ᠰᠠᠷ᠎ᠠ ᠶ᠋ᠢᠨ 3 ᠦ ᠡᠳᠦᠷ ᠶᠠᠭ ᠰᠠᠶᠢᠬᠠᠨ ᠡᠴᠢᠭᠡ ᠶ᠋ᠢᠨ ᠢᠶ᠋ᠡᠨ ᠮᠡᠨᠳᠦᠯᠡᠭᠰᠡᠨ ᠰᠠᠷ᠎ᠠ ᠡᠳᠦᠷ ᠢᠷᠦᠭᠡᠯ ᠲᠠᠢ ᠵᠠᠶᠠᠭᠠᠵᠤ ᠶᠢᠷᠲᠢᠨᠴᠦ ᠳ᠋ᠥ ᠢᠷᠡᠵᠡᠢ ᠃ ᠡᠭᠡᠯ ᠶᠠᠳᠠᠭᠤ ᠮᠠᠯᠴᠢᠨ ᠤ ᠭᠡᠷ ᠲᠣ ᠲᠦᠷᠦᠵᠦ ᠥᠰᠦᠭᠰᠡᠨ ᠲᠡᠷᠡ ᠪᠠᠷ ᠳᠡᠭᠡᠲᠡᠢ ᠬᠦᠮᠦᠰ ᠦᠨ ᠲᠣᠳᠤᠨᠤ ᠬᠠᠶᠢᠷ᠎ᠠ ᠶ᠋ᠢ ᠬᠦᠷᠲᠡᠵᠦ 10 ᠨᠠᠰᠦᠨ ᠡᠴᠠ ᠪᠠᠨ ᠪᠢᠴᠢᠭ ᠰᠣᠶᠤᠯ ᠤᠨ ᠮᠦᠷ ᠬᠠᠶᠢᠵᠤ ᠂ ᠤᠷᠢᠳ ᠬᠣᠵᠢᠳ ᠳᠣᠯᠴᠢᠨ ᠂ ᠡᠮᠡᠭᠡᠨ ᠂ ᠬᠠᠶᠢᠰᠤ ᠂ ᠨᠠᠷᠢᠨᠲᠠᠯ᠎ᠠ ᠵᠡᠷᠭᠡ ᠭᠠᠵᠠᠷ ᠤᠨ ᠭᠡᠷ ᠦᠨ ᠪᠣᠶᠤ ᠠᠶᠢᠯ ᠤᠨ ᠰᠤᠷᠭᠠᠭᠤᠯᠢ ᠳ᠋ᠥ ᠮᠤᠩᠭᠤᠯ ᠂ ᠬᠢᠲᠠᠳ ᠦᠰᠦᠭ ᠢ ᠬᠡᠳᠦᠨ ᠭᠠᠷᠠᠭ ᠪᠣᠶᠤ ᠬᠡᠳᠦᠨ ᠰᠠᠷ᠎ᠠ ᠪᠠᠷ ᠰᠤᠷᠴᠤ ᠶᠠᠪᠤᠵᠠᠢ ᠃ 1951 ᠣᠨ ᠳ᠋ᠥ ᠳᠤᠩᠬᠤᠯ ᠪᠠᠭ᠎ᠠ ᠰᠤᠷᠭᠠᠭᠤᠯᠢ ᠳ᠋ᠥ ᠵᠢᠩᠭᠢᠨᠢ ᠣᠷᠤᠵᠦ ᠰᠤᠷᠤᠯᠴᠠᠨ 1954 ᠣᠨ ᠳ᠋ᠥ ᠪᠠᠶᠠᠨᠲᠠᠯ᠎ᠠ ᠪᠦᠷᠢᠨ ᠪᠠᠭ᠎ᠠ ᠰᠤᠷᠭᠠᠭᠤᠯᠢ ᠶ᠋ᠢ ᠲᠡᠭᠦᠰᠭᠡᠨ ᠭᠡᠷ ᠨᠤᠳᠣᠭ ᠲᠠᠭᠠᠨ ᠪᠤᠴᠠᠨ ᠢᠷᠡᠵᠦ ᠲᠠᠷᠢᠶᠠᠯᠠᠩ ᠤᠨ ᠬᠣᠷᠰᠢᠶᠠᠨ ᠤ ᠨᠢᠬᠲᠠᠯᠠᠨ ᠪᠣᠳᠤᠬᠴᠢ ᠶ᠋ᠢᠨ ᠠᠵᠢᠯ ᠢ 2 ᠵᠢᠯ ᠬᠢᠵᠦ ᠂ ᠬᠤᠰᠢᠭᠤ ᠨᠤᠳᠣᠭ ᠤᠨ ᠲᠤᠰᠬᠠᠢ ᠪᠤᠯᠪᠠᠰᠤᠷᠠᠯ ᠳ᠋ᠥ ᠣᠷᠤᠯᠴᠠᠨ ᠣᠯᠠᠨ ᠡᠴᠠ ᠴᠣᠯᠭᠤᠷᠠᠬᠰᠠᠨ ᠰᠡᠴᠡᠨ ᠤᠬᠠᠭᠠᠨ ᠢᠶᠠᠷ ᠢᠶᠡᠨ ᠤᠳᠤᠷᠢᠳᠤᠯᠭ᠎ᠠ ᠳ᠋ᠥ ᠲᠠᠨᠢᠬᠳᠠᠨ ᠲᠣᠭᠤᠬᠳᠠᠵᠤ 1956 ᠣᠨ ᠤ 6 ᠰᠠᠷ᠎ᠠ ᠳ᠋ᠥ 17 ᠲᠠᠢ ᠳ᠋ᠠᠭᠠᠨ ᠤᠯᠤᠰ ᠤᠨ ᠠᠯᠪᠠᠲᠠᠨ ᠪᠤᠯᠵᠦ ᠂ ᠬᠤᠰᠢᠭᠣᠨ ᠤ ᠲᠠᠷᠢᠶᠠᠯᠠᠩ ᠮᠠᠯ ᠠᠵᠤ ᠠᠬᠤᠢ ᠶ᠋ᠢᠨ ᠰᠠᠯᠠᠭᠠᠨ ᠳ᠋ᠥ ᠠᠵᠢᠯ ᠬᠣᠪᠢᠶᠠᠬᠳᠠᠨ ᠪᠦᠬᠦ ᠬᠤᠰᠢᠭᠤᠨ ᠤ ᠲᠠᠷᠢᠶᠠᠯᠠᠩ ᠤᠨ ᠬᠣᠷᠰᠢᠶ᠎ᠠ ᠶ᠋ᠢᠨ ᠨᠢᠬᠲᠠᠯᠠᠨ ᠪᠤᠳᠤᠬᠴᠢ ᠶ᠋ᠢᠨ ᠬᠠᠪᠰᠤᠷᠤᠨ ᠵᠢᠯᠤᠭᠤᠳᠤᠬᠴᠢ ᠶ᠋ᠢᠨ ᠠᠵᠢᠯ ᠢ ᠪᠤᠳᠠᠲᠠᠢ ᠬᠠᠷᠢᠭᠤᠴᠠᠨ ᠬᠢᠵᠡᠢ ᠃ ᠠᠵᠢᠯ ᠤᠨ ᠪᠠᠶᠢᠷᠢᠨ ᠳ᠋ᠥ ᠰᠣᠯᠠ ᠰᠡᠯᠡᠭᠦᠦ ᠴᠠᠭ ᠢ ᠰᠠᠶᠢᠳᠤᠷ ᠠᠰᠢᠬᠯᠠᠨ ᠰᠢᠮᠳᠠᠨ ᠰᠤᠷᠤᠯᠴᠠᠵᠤ ᠂ ᠰᠣᠨᠢᠨ ᠰᠡᠦᠨᠬᠦᠯ ᠷᠠᠲᠢᠤ᠋ ᠳ᠋ᠥ ᠪᠠᠶᠢᠩᠭᠤ ᠡᠬᠡ ᠪᠢᠴᠢᠭ ᠪᠢᠴᠢᠨ ᠂ ᠵᠤᠬᠢᠶᠠᠨ ᠪᠦᠳᠦᠭᠡᠬᠦ ᠴᠢᠳᠠᠪᠤᠷᠢ ᠪᠠᠨ ᠳᠡᠭᠡᠭᠰᠢᠯᠡᠭᠦᠯᠦᠨ ᠂ ᠤᠳᠤᠷᠢᠳᠤᠯᠭ᠎ᠠ ᠳ᠋ᠥ ᠲᠠᠨᠢᠬᠳᠠᠨ 1962 ᠣᠨ ᠳ᠋ᠥ ᠨᠠᠢᠮᠠᠨ ᠬᠤᠰᠢᠭᠣᠨ ᠤ ᠨᠠᠮ ᠤᠨ ᠬᠣᠷᠢᠶᠠᠨ ᠤ ᠨᠠᠷᠢᠨ ᠪᠢᠴᠢᠭᠡᠴᠢ ᠪᠠᠷ ᠲᠣᠮᠢᠯᠠᠬᠳᠠᠵᠠᠢ ᠃ 1968 ᠣᠨ ᠤ4 ᠰᠠᠷ᠎ᠠ ᠳ᠋ᠥ ᠨᠠᠢᠮᠠᠨ ᠬᠤᠰᠢᠭᠣᠨ ᠤ ᠬᠣᠪᠢᠰᠬᠠᠯ ᠤᠨ ᠵᠦᠪᠯᠡᠯ ᠦᠨ ᠨᠠᠷᠢᠨ ᠪᠢᠴᠢᠭᠡᠴᠢ ᠂ 1971 ᠣᠨ ᠳ᠋ᠥ ᠨᠠᠢᠮᠠᠨ ᠬᠤᠰᠢᠭᠤᠨ ᠤ ᠬᠣᠪᠢᠰᠬᠠᠯ ᠤᠨ ᠵᠦᠪᠯᠡᠯ ᠦᠨ ᠤᠬᠠᠭᠤᠯᠬᠤ ᠳᠤᠭᠤᠶᠢᠯᠠᠩ ᠤᠨ ᠳᠡᠳ᠋ ᠳᠠᠷᠤᠭ᠎ᠠ ᠂ 1973 ᠣᠨ ᠤ 3 ᠰᠠᠷ᠎ᠠ ᠳ᠋ᠥ ᠨᠠᠢᠮᠠᠨ ᠬᠤᠰᠢᠭᠤᠨ ᠤ ᠨᠠᠮ ᠤᠨ ᠬᠣᠷᠢᠶᠠᠨ ᠤ ᠤᠬᠠᠭᠤᠯᠬᠤ ᠬᠡᠯᠲᠡᠰ ᠦᠨ ᠳᠡᠳ᠋ ᠳᠠᠷᠤᠭ᠎ᠠ ᠂ 1975 ᠣᠨ ᠤ 3 ᠰᠠᠷ᠎ᠠ ᠳ᠋ᠥ ᠨᠠᠢᠮᠠᠨ ᠤ ᠨᠢᠭᠡᠳᠦᠭᠡᠷ ᠳᠣᠮᠳᠠᠳᠤ ᠰᠤᠷᠭᠠᠭᠤᠯᠢ ᠶ᠋ᠢᠨ ᠵᠠᠬᠢᠷᠤᠯ ᠂ ᠱᠦᠵᠢ ᠶ᠋ᠢᠨ ᠲᠤᠰᠢᠶᠠᠯ ᠬᠠᠷᠢᠭᠤᠴᠠᠵᠤ ᠂ 1980 ᠣᠨ ᠤ 3 ᠰᠠᠷ᠎ᠠ ᠪᠤᠯᠲᠠᠯ᠎ᠠ ᠠᠮᠵᠢᠯᠲᠠ ᠪᠦᠳᠦᠮᠵᠢ ᠲᠠᠢ ᠠᠵᠢᠯᠯᠠᠵᠠᠢ ᠃ 1980 ᠣᠨ ᠤ 4 ᠰᠠᠷ᠎ᠠ ᠳ᠋ᠥ ᠬᠤᠰᠢᠭᠣᠨ ᠤ ᠵᠠᠰᠠᠭ ᠤᠨ ᠣᠷᠳᠤᠨ ᠤ ᠠᠯᠪᠠᠨ ᠭᠡᠷ ᠦᠨ ᠳᠡᠳ᠋ ᠡᠷᠬᠢᠯᠡᠭᠴᠢ ᠪᠤᠯᠵᠦ ᠂ ᠲᠣᠰ ᠵᠢᠯ ᠦᠨ 12 ᠰᠠᠷ᠎ᠠ ᠳ᠋ᠥ ᠨᠠᠢᠮᠠᠨ ᠬᠤᠰᠢᠭᠣᠨ ᠤ ᠨᠠᠢᠮᠠᠳᠤᠭᠠᠷ ᠬᠣᠭᠤᠴᠠᠭᠠᠨ ᠤ ᠠᠷᠠᠳ ᠤᠨ ᠲᠦᠯᠦᠭᠡᠯᠡᠭᠴᠢᠦᠨ ᠶ᠋ᠢᠨ ᠶᠡᠬᠡ ᠬᠤᠷᠠᠯ ᠤᠨ ᠨᠢᠭᠡᠳᠦᠭᠡᠷ ᠤᠳᠠᠭᠠᠨ ᠤ ᠬᠤᠷᠠᠯᠳᠤᠭᠠᠨ ᠳ᠋ᠥ ᠵᠠᠰᠠᠭ ᠤᠨ ᠣᠷᠳᠤᠨ ᠤ ᠳᠡᠳ᠋ ᠬᠤᠰᠢᠭᠣᠨ ᠳᠠᠷᠤᠭ᠎ᠠ ᠪᠠᠷ ᠰᠤᠩᠭᠤᠬᠳᠠᠵᠠᠢ ᠃ 1983 ᠣᠨ ᠤ 10 ᠰᠠᠷ᠎ᠠ ᠳ᠋ᠥ ᠨᠠᠢᠮᠠᠨ ᠬᠤᠰᠢᠭᠤᠨ ᠤ ᠪᠠᠶᠢᠩᠭᠤ ᠶ᠋ᠢᠨ ᠳᠡᠳ᠋ ᠬᠤᠰᠢᠭᠤᠨ ᠳᠠᠷᠤᠭ᠎ᠠ ᠪᠤᠯᠵᠦ ᠂ ᠵᠠᠰᠠᠭ ᠤᠨ ᠣᠷᠳᠤᠨ ᠤ ᠡᠳᠦᠷ ᠲᠣᠳᠤᠮ ᠤᠨ ᠪᠤᠳᠠᠳᠤ ᠠᠵᠢᠯ ᠢ ᠬᠠᠷᠢᠭᠤᠴᠠᠨ ᠪᠦᠬᠦ ᠬᠤᠰᠢᠭᠤᠨ ᠤ ᠦᠭᠡᠷᠡᠴᠢᠯᠡᠯᠳᠡ ᠨᠡᠭᠡᠬᠡᠯᠳᠡ ᠬᠢᠵᠦ ᠬᠦᠳᠡᠭᠡ ᠲᠤᠰᠬᠤᠨ ᠳ᠋ᠥ ᠳᠠᠭᠠᠭᠠᠴᠢᠯᠠᠯᠲᠠ ᠶ᠋ᠢᠨ ᠳᠦᠷᠢᠮ ᠢ ᠬᠡᠷᠡᠭᠵᠢᠭᠦᠯᠬᠦ ᠳ᠋ᠥ ᠮᠠᠰᠢ ᠴᠢᠬᠤᠯᠠ ᠢᠳᠡᠪᠬᠢ ᠤᠶᠢᠯᠡᠳᠦᠯ ᠦᠵᠡᠭᠦᠯᠵᠡᠢ ᠃ ᠠᠵᠢᠯ ᠤᠨ ᠠᠮᠵᠢᠯᠲᠠ ᠨᠢ ᠲᠣᠪᠣᠶᠢᠮ᠎ᠠ ᠪᠠᠶᠢᠵᠤ ᠠᠷᠠᠳ ᠤᠨ ᠢᠲᠡᠬᠡᠯ ᠢ ᠭᠦᠨ ᠣᠯᠵᠤ 1989 ᠣᠨ ᠤ5 ᠰᠠᠷ᠎ᠠ ᠳ᠋ᠥ ᠨᠠᠢᠮᠠᠨ ᠬᠤᠰᠢᠭᠣᠨ ᠤ ᠨᠠᠮ ᠤᠨ ᠬᠣᠷᠢᠶᠠᠨ ᠤ ᠳᠡᠳ᠋ ᠱᠦᠵᠢ ᠪᠠᠷ ᠲᠣᠮᠢᠯᠠᠬᠳᠠᠨ 11 ᠰᠠᠷ᠎ᠠ ᠳ᠋ᠦ᠋ᠨᠢ ᠨᠠᠢᠮᠠᠨ ᠬᠤᠰᠢᠭᠣᠨ ᠤ ᠳᠣᠯᠤᠳᠤᠭᠠᠷ ᠤᠳᠠᠭᠠᠨ ᠤ ᠨᠠᠮ ᠤᠨ ᠲᠦᠯᠦᠭᠡᠯᠡᠭᠴᠢᠦᠨ ᠶᠡᠬᠡ ᠬᠤᠷᠠᠯ ᠳᠡᠭᠡᠷ᠎ᠡ ᠨᠠᠮ ᠤᠨ ᠬᠣᠷᠢᠶᠠᠨ ᠤ ᠱᠦᠵᠢ ᠪᠠᠷ ᠰᠤᠩᠭᠤᠬᠳᠠᠵᠠᠢ ᠃ 1994 ᠣᠨ ᠤ 2 ᠰᠠᠷ᠎ᠠ ᠳ᠋ᠥ ᠤᠯᠤᠰ ᠲᠦᠷᠦ ᠶ᠋ᠢᠨ ᠵᠦᠪᠯᠡᠯᠭᠡᠨ ᠦ ᠨᠠᠢᠮᠠᠨ ᠬᠤᠰᠢᠭᠤᠨ ᠤ ᠲᠠᠪᠤᠳᠤᠭᠠᠷ ᠬᠣᠭᠤᠴᠠᠭᠠᠨ ᠤ ᠵᠦᠪᠯᠡᠯ ᠦᠨ ᠲᠡᠷᠢᠭᠦᠯᠡᠭᠴᠢ ᠪᠠᠷ ᠰᠤᠩᠭᠤᠬᠳᠠᠨ ᠂ 7 ᠰᠠᠷ᠎ᠠ ᠳ᠋ᠦ᠋ᠨᠢ ᠵᠢᠷᠢᠮ ᠠᠶᠢᠮᠠᠭ ᠤᠨ ᠠᠷᠠᠳ ᠤᠨ ᠲᠥᠯᠦᠭᠡᠯᠡᠭᠴᠢᠦᠨ ᠶ᠋ᠢᠨᠶᠡᠬᠡ ᠬᠤᠷᠠᠯ ᠤᠨ ᠠᠵᠢᠯ ᠤᠨ ᠵᠦᠪᠯᠡᠯ ᠦᠨ ᠳᠡᠳ᠋ ᠡᠷᠬᠢᠯᠡᠭᠴᠢ ᠪᠣᠯᠵᠠᠢ ᠃ 1999 ᠣᠨ ᠤ 10 ᠰᠠᠷ᠎ᠠ ᠳ᠋ᠥ ᠠᠵᠢᠯ ᠤᠨ ᠠᠮᠠᠷᠠᠯᠲᠠ ᠠᠪᠴᠠᠢ ᠃ 1989 ᠣᠨ ᠤ 9 ᠰᠠᠷ᠎ᠠ ᠳ᠋ᠥ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠪᠤᠳᠤᠭᠠᠷ ᠤᠳᠠᠭᠠᠨ ᠤ ᠨᠠᠮ ᠤᠨ ᠲᠥᠯᠦᠭᠡᠯᠡᠭᠴᠢᠦᠨ  ᠤᠨᠶᠡᠬᠡ ᠬᠤᠷᠠᠯ ᠤᠨ ᠲᠥᠯᠦᠭᠡᠯᠡᠭᠴᠢ ᠪᠠᠷ ᠰᠤᠩᠭᠤᠬᠳᠠᠵᠠᠢ ᠃
      ᠰᠢᠯᠢᠳᠡᠭ ᠺᠠᠳ᠋ᠷ ᠰᠢᠷᠤᠪ ᠭᠤᠸᠠᠢ ᠠᠮᠠᠷᠠᠯᠲᠠ ᠠᠪᠤᠭᠠᠳ ᠠᠷᠤ ᠭᠡᠷ ᠲᠣ ᠪᠠᠨ ᠠᠮᠤᠷ ᠵᠢᠮᠤᠷ ᠰᠠᠭᠤᠭ᠎ᠠ ᠦᠭᠡᠢ ᠠᠰᠢᠳᠠ ᠣᠯᠠᠨ ᠠᠰᠢᠬᠲᠤ ᠶᠠᠪᠤᠳᠠᠯ ᠬᠢᠭᠰᠡᠨ ᠪᠠᠶᠢᠳᠠᠭ ᠃ 2004 ᠣᠨ ᠳ᠋ᠥ ᠂ 《 ᠡᠯᠡᠰᠦᠨ ᠮᠦᠬᠦᠯᠢᠭ ᠦᠨ ᠴᠢᠭᠤᠯᠭᠠᠨ 》 ᠬᠡᠮᠡᠬᠦ ᠨᠣᠮ ᠢᠶᠡᠨ ᠬᠡᠪᠯᠡᠭᠦᠯᠪᠡ ᠃  ᠨᠣᠮ ᠤᠨ ᠣᠷᠤᠰᠢᠯ ᠢᠶᠡᠨ ᠥᠪᠡᠰᠦᠪᠡᠨ ᠪᠠᠨ ᠪᠢᠴᠢᠵᠦ ᠂ ᠨᠣᠮ ᠨᠢ 《 ᠥᠰᠦᠨ ᠪᠣᠶᠢᠵᠢᠬᠰᠠᠨ ᠲᠡᠮᠳᠡᠭᠯᠡᠯ 》 ᠂ 《 ᠰᠤᠯᠠ ᠦᠭᠦᠯᠡᠯ 》 (65 ᠬᠣᠪᠢ ) ᠂ 《 ᠠᠵᠢᠯ ᠤᠨ ᠦᠭᠦᠯᠡᠮᠵᠢ 》 (10 ᠬᠣᠪᠢ )3 ᠪᠦᠯᠦᠭ ᠢᠶ᠋ᠡᠷ ᠪᠦᠷᠢᠯᠳᠦᠵᠦ ᠂ ᠥᠪᠡᠷ ᠦᠨ ᠦᠵᠡᠭᠰᠡᠨ ᠂ ᠰᠣᠨᠤᠰᠤᠬᠰᠠᠨ ᠂ ᠰᠡᠦᠨᠬᠢᠭᠰᠡᠨ ᠢᠶ᠋ᠡᠨ 《 ᠡᠯᠡᠰᠦᠨ ᠮᠦᠭᠦᠯᠢᠭ 》 ᠪᠤᠯᠭᠠᠨ ᠬᠤᠷᠢᠶᠠᠩᠭᠤᠶᠢᠯᠠᠨ ᠡᠮᠬᠢᠯᠡᠵᠦ ᠬᠣᠷᠠᠮᠳᠤᠭᠤᠯᠤᠨ ᠪᠢᠴᠢᠭᠡᠳ ᠦᠷ᠎ᠡ ᠬᠣᠶᠢᠴᠢᠰ ᠲᠠᠭᠠᠨ ᠦᠵᠡᠯ ᠰᠠᠨᠠᠭᠠᠨ ᠤ ᠰᠠᠶᠢᠨ ᠬᠦᠷᠲᠡᠭᠡᠮᠵᠢ ᠤᠶᠢᠯᠡ ᠠᠵᠢᠯᠯᠠᠭ᠎ᠠ ᠶ᠋ᠢᠨ ᠰᠠᠶᠢᠬᠠᠨ ᠵᠢᠯᠤᠭᠤᠳᠤᠮᠵᠢ ᠪᠤᠯᠭᠠᠬᠤ ᠶ᠋ᠢ ᠬᠦᠰᠡᠵᠦ ᠰᠠᠨᠠᠬᠰᠠᠨ ᠨᠢ ᠢᠪ ᠢᠯᠡᠷᠬᠡᠢ ᠬᠠᠷᠠᠬᠳᠠᠨ᠎ᠠ ᠃ ᠲᠡᠷᠡ ᠪᠠᠰᠠ ᠥᠯᠦᠭᠡᠢ ᠨᠤᠳᠣᠭ ᠮᠦᠩᠬᠡ ᠠᠶᠢᠯ ᠤᠨ ᠥᠷᠨᠢᠯ ᠭᠦᠭᠵᠢᠯ ᠳ᠋ᠥ ᠰᠠᠨᠠᠭᠠᠰᠢᠷᠠᠨ ᠣᠷᠴᠢᠨ ᠲᠣᠭᠤᠷᠢᠨ ᠠᠮᠢ ᠠᠬᠤᠢ ᠶ᠋ᠢ ᠬᠠᠮᠠᠭᠠᠯᠠᠨ ᠭᠦᠭᠵᠢᠬᠦᠯᠬᠦ ᠳ᠋ᠥ ᠠᠬᠠᠰᠢᠷᠠᠭ᠎ᠠ ᠪᠡᠶ᠎ᠡ ᠪᠠᠨ ᠵᠦᠳᠡᠭᠡᠨ ᠂ ᠠᠶᠢᠯ ᠣᠯᠠᠨ ᠳ᠋ᠥ ᠪᠠᠨ ᠠᠯᠢ ᠣᠯᠠᠨ ᠠᠰᠢᠬᠲᠤ ᠠᠵᠢᠯ ᠬᠢᠭᠰᠡᠨ ᠪᠠᠶᠢᠨ᠎ᠠ ᠃
ᠬᠠᠷᠠᠮᠰᠠᠯᠲᠠᠢ ᠨᠢ ᠂ 2013 ᠣᠨ ᠤ 10 ᠰᠠᠷ᠎ᠠ ᠳ᠋ᠥ ᠂ ᠰᠢᠯᠢᠳᠡᠭ ᠺᠠᠳ᠋ᠷ ᠪᠤᠯᠵᠦ ᠭᠢᠯᠠᠷᠠᠭᠤᠯᠵᠤ ᠶᠠᠪᠤᠬᠰᠠᠨ ᠰᠢᠷᠤᠪ ᠨᠠᠰᠤᠲᠠᠨ ᠵᠠᠰᠠᠪᠤᠷᠢ ᠮᠠᠭᠤᠲᠠᠢ ᠡᠪᠡᠦᠨᠴᠢᠨ ᠣᠯᠵᠤ ᠵᠣᠯ ᠪᠣᠰᠤ ᠪᠠᠷ ᠨᠠᠰᠦ ᠪᠠᠷᠠᠵᠠᠢ ᠃ ᠨᠠᠰᠦᠨ ᠰᠡᠭᠦᠳᠡᠷ 76 ᠠᠵᠢ ᠃
       ᠲᠡᠷᠡ ᠪᠠᠷ ᠂ ᠣᠯᠠᠨ ᠵᠢᠯ ᠦᠨ ᠲᠤᠷᠰᠢ ᠂ ᠨᠠᠮ ᠵᠠᠰᠠᠭ ᠤᠨ ᠪᠠᠶᠢᠭᠤᠯᠤᠯᠭ᠎ᠠ ᠳ᠋ᠥ ᠤᠳᠤᠷᠢᠤᠨᠬᠤ ᠲᠤᠰᠢᠶᠠᠯ ᠬᠠᠷᠢᠭᠤᠴᠠᠵᠤ ᠂ ᠠᠷᠢᠭᠤᠨ ᠴᠢᠭᠡᠴᠢ ᠪᠠᠷ ᠵᠠᠰᠠᠭ ᠪᠠᠷᠢᠬᠤ ᠶ᠋ᠢ ᠡᠷᠡᠰ ᠴᠢᠩᠭ᠎ᠠ ᠪᠠᠷᠢᠮᠲᠠᠯᠠᠨ ᠂ ᠠᠷᠠᠳ ᠲᠣ ᠪᠠᠨ ᠡᠨᠡᠷᠢᠩᠭᠦᠢ ᠠᠵᠢᠯ ᠳ᠋ᠥ ᠪᠠᠨ ᠬᠢᠴᠢᠶᠡᠩᠭᠦᠢ ᠬᠠᠶᠢᠷ᠎ᠠ ᠰᠡᠦᠨᠬᠢᠯᠭᠡ ᠲᠠᠢ ᠬᠠᠲᠠᠭᠤ ᠵᠣᠷᠢᠭ ᠲᠠᠢ ᠲᠣᠮᠤᠭ᠎ᠠ ᠰᠠᠶᠢᠲᠠᠢ ᠳᠣᠳᠤᠷ ᠲᠠᠮᠢᠷ ᠲᠠᠢ ᠲᠣᠳᠤᠨᠤ ᠵᠠᠩ ᠲᠠᠢ ᠳᠤᠷ᠎ᠠ ᠪᠠᠬᠠᠲᠠᠢ ᠪᠠᠷ ᠤᠶᠢᠯᠡᠰ ᠠᠵᠢᠯ ᠂ ᠥᠪ ᠰᠣᠶᠣᠯ ᠂ ᠥᠯᠦᠭᠡᠢ ᠨᠤᠳᠣᠭ ᠂ ᠦᠷ᠎ᠡ ᠬᠣᠶᠢᠴᠢᠰ ᠂ ᠦᠨᠳᠦᠰᠦᠳᠡᠨ ᠢᠷᠡᠭᠡᠳᠦᠢ ᠬᠡᠮᠡᠨ ᠦᠨᠡᠨᠴᠢ ᠪᠠᠷ ᠴᠢᠷᠮᠠᠶᠢᠨ ᠦᠬᠦᠬᠦᠸᠠᠷ ᠵᠢᠦᠨᠬᠦᠭᠰᠡᠨ ᠦᠨᠳᠦᠰᠦᠳᠡᠨ ᠦ ᠰᠢᠯᠢᠳᠡᠭ ᠺᠠᠳ᠋ᠷ ᠪᠠᠶᠢᠭ᠎ᠠ ᠶᠤᠮ ᠃
ᠶᠢᠰᠦᠨ ᠪᠤᠯᠠᠭ ᠤᠨ ᠳᠣᠤᠷ᠎ᠠ ᠠᠮᠤᠷᠯᠢᠩᠭᠤᠢ ᠨᠣᠶᠢᠷᠰᠤᠭᠠᠷᠠᠢ ᠲᠠ ᠮᠠᠨᠢ !
     ᠢᠲᠡᠭᠡᠯ ᠬᠦᠨᠳᠦᠳᠦ ᠲᠠᠨ ᠳ᠋ᠠᠭᠠᠨ 《 ᠮᠢᠭᠵᠢᠮ 》 ᠤᠩᠰᠢᠨ ᠠᠷᠢᠭᠤᠨ ᠰᠦᠨᠡᠰᠦ ᠶ᠋ᠢ ᠴᠢᠨᠢ ᠲᠠᠶᠢᠰᠤᠭᠠᠢ !    ( ᠯᠢ ᠪᠤᠶᠠᠨᠴᠤᠭᠯᠠ ᠮᠡᠳᠡᠭᠡᠯᠡᠪᠠ)
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ