ᠮᠤᠩᠭᠤᠯ ᠰᠣᠶᠣᠯ ᠤᠨ ᠮᠤᠨᠳᠠᠭ ᠵᠢᠦᠨᠬᠦᠯᠲᠡᠨ —— ᠪᠦᠬᠡᠭᠡᠰᠢᠭ

ᠣᠩᠰᠢᠭᠰᠠᠨ ᠤᠳᠠᠭ᠎ᠠ ᠄ 10361     ᠨᠡᠶᠢᠳᠡᠯᠡᠭᠰᠡᠨ ᠴᠠᠭ ᠄ 2017/9/24 9:26:21

     ᠣᠶᠢᠷ᠎ᠠ ᠶ᠋ᠢᠨ ᠲᠡᠦᠬᠡᠨ ᠳ᠋ᠥ ᠂ ᠮᠤᠩᠭᠤᠯ ᠰᠣᠶᠣᠯ ᠢᠶᠡᠨ ᠠᠯᠳᠠᠷᠰᠢᠭᠤᠯᠤᠨ ᠮᠠᠨᠳᠤᠭᠤᠯᠤᠬᠰᠠᠨ ᠨᠤᠳᠣᠭ ᠤᠨ ᠨᠡᠷ᠎ᠡ ᠪᠠᠨ ᠡᠷᠭᠦᠨ ᠲᠡᠮᠡᠴᠡᠭᠰᠡᠨ ᠰᠣᠶᠣᠯ ᠤᠨ ᠵᠢᠦᠨᠬᠦᠯᠲᠡᠨ ᠰᠣᠳᠣᠨ ᠰᠡᠭᠡᠭᠡᠳᠡᠨ ᠪᠣᠯ ᠪᠦᠬᠡᠭᠡᠰᠢᠭ ᠭᠡᠭᠴᠢ ᠨᠢᠭᠡ ᠪᠠᠶᠢᠭ᠎ᠠ ᠶᠤᠮ ᠃ ᠲᠡᠷᠡ ᠪᠠᠷ ᠬᠣᠷᠢᠳᠤᠭᠠᠷ ᠵᠠᠭᠤᠨ ᠤ ᠡᠮᠦᠨ᠎ᠡ ᠬᠠᠭᠠᠰ  ᠲᠦ ᠠᠵᠤ ᠲᠦᠷᠦᠵᠦ ᠂ ᠠᠰᠢᠭ ᠢ ᠣᠮᠠᠷᠲᠠᠨ ᠠᠮᠢ ᠪᠠᠨ ᠴᠦᠯᠡᠵᠦ ᠂ ᠬᠣᠪᠢᠰᠬᠠᠯ ᠤᠨ ᠤᠶᠢᠯᠡᠰ  ᠲᠦ ᠬᠣᠶᠢᠷᠭᠤᠰᠢᠷᠠᠯ ᠦᠭᠡᠢ ᠬᠤᠰᠢᠭᠤᠴᠢᠯᠠᠨ ᠲᠡᠮᠡᠴᠡᠵᠦ ᠂ ᠰᠣᠶᠣᠯ ᠰᠤᠷᠭᠠᠨ ᠬᠦᠮᠦᠵᠢᠯ ᠢᠶ᠋ᠡᠷ ᠤᠯᠤᠰ ᠦᠨᠳᠦᠰᠦᠲᠡᠨ ᠢᠶ᠋ᠡᠨ ᠠᠪᠤᠷᠠᠬᠤ ᠠᠣᠭ᠎ᠠ ᠤᠶᠢᠯᠡᠰ ᠲᠦ ᠥᠷᠯᠦᠭᠡ ᠦᠳᠡᠰᠢ ᠶ᠋ᠢ ᠲᠡᠮᠡᠴᠡᠨ ᠣᠶᠤᠨ ᠤᠬᠠᠭᠠᠨ ᠢᠶᠡᠨ ᠰᠢᠪᠬᠠᠵᠤ ᠬᠦᠴᠦᠨ ᠴᠢᠳᠠᠯ ᠢᠶᠡᠨ ᠭᠠᠷᠭᠠᠨ ᠭᠠᠯ ᠪᠠᠳᠠᠷᠠᠩᠭᠤᠢ ᠭᠡᠷᠡᠯ ᠰᠠᠴᠤᠷᠠᠩᠭᠤᠢ ᠤᠷᠢ ᠵᠠᠯᠠᠭᠤ ᠨᠠᠰᠤ ᠪᠠᠨ ᠬᠠᠷᠠᠮ ᠦᠭᠡᠢ ᠵᠣᠷᠢᠭᠤᠯᠤᠬᠰᠠᠨ ᠪᠠᠶᠢᠳᠠᠭ ᠃ ᠣᠪ ᠣᠬᠣᠷᠬᠠᠨ ᠢᠳᠡᠷ ᠵᠠᠯᠠᠭᠤ ᠲᠦᠴᠢᠬᠡᠨ ᠨᠠᠰᠦ ᠡ ᠃ ᠨᠡᠬᠡᠷᠡᠨ ᠬᠠᠶᠢᠷᠠᠯᠠᠯᠲᠠᠢ ᠪᠦᠯᠦᠭᠡ ᠂ ᠬᠠᠷᠠᠮᠰᠠᠯᠲᠠᠢ ᠠᠵᠤᠭᠤ ᠃ 《 ᠰᠠᠶᠢᠨ ᠬᠦᠮᠦᠨ ᠦ ᠨᠠᠰᠤᠨ ᠬᠤᠳᠤᠭ ᠣᠬᠤᠷ 》 ᠭᠡᠭᠴᠢ ᠡᠨᠡ ᠪᠤᠶᠤ ᠃ ᠪᠦᠬᠡᠬᠡᠰᠢᠭ ᠢᠶ᠋ᠡᠨ ᠡᠷᠲᠡ ᠠᠯᠳᠠᠬᠰᠠᠨ ᠠᠨᠤ ᠤᠯᠤᠰ ᠦᠨᠳᠦᠰᠦᠲᠡᠨ ᠦ ᠶᠡᠬᠡ ᠬᠣᠬᠢᠷᠠᠯ ᠤᠯᠠᠭᠠᠨ ᠵᠢᠷᠦᠬᠡᠨ ᠦ ᠮᠦᠩᠬᠡ ᠶ᠋ᠢᠨ ᠬᠠᠷᠠᠮᠰᠠᠯ ᠡ ᠃
     ᠣᠯᠠᠨ ᠤ  ᠮᠡᠳᠡᠭᠡᠵᠢ ᠪᠠᠷ ᠂ ᠬᠣᠷᠢᠳᠤᠭᠠᠷ ᠵᠠᠭᠤᠨ ᠤ ᠡᠮᠦᠨ᠎ᠡ ᠬᠠᠭᠠᠰ ᠳᠠᠷᠤᠢ ᠪᠦᠬᠡᠬᠡᠰᠢᠭ ᠦᠨ ᠣᠷᠤᠰᠢᠨ ᠠᠮᠢᠳᠣᠷᠠᠵᠤ ᠪᠠᠶᠢᠬᠰᠠᠨ ᠴᠠᠭ ᠦᠶ᠎ᠡ ᠪᠣᠯ ᠬᠣᠷᠸ᠎ᠠ ᠳᠡᠯᠡᠬᠡᠢ ᠳ᠋ᠥ ᠬᠥᠯ ᠳᠡᠪᠵᠢᠶᠡᠨ ᠪᠤᠯᠵᠦ ᠂ ᠲᠡᠯᠡᠬᠡᠢ ᠶ᠋ᠢᠨ ᠴᠢᠨᠠᠷᠲᠠᠢ ᠶᠡᠭᠡ ᠳᠠᠶᠢᠨ ᠨᠢᠭᠡ  ᠪᠢᠰᠢ ᠬᠣᠶᠠᠷ ᠤᠳᠠᠭ᠎ᠠ ᠳᠡᠭᠳᠡᠵᠦ ᠂ ᠳᠤᠮᠳᠠᠳᠤ ᠭᠦᠷᠦᠨ ᠬᠡᠳᠦᠶᠢᠪᠡᠷ ᠬᠡᠳᠦᠨ ᠮᠢᠩᠭᠠᠨ ᠣᠨ ᠤ ᠬᠠᠭᠠᠨᠳᠤ ᠲᠦᠷᠦ ᠶ᠋ᠢ ᠲᠦᠯᠬᠢᠨ ᠤᠨᠠᠭᠠᠵᠤ ᠂ ᠲᠦᠷᠦ ᠵᠠᠰᠠᠭ ᠤᠨ ᠨᠡᠷ᠎ᠡ ᠴᠣᠯᠠ ᠬᠤᠪᠢᠷᠠᠬᠰᠠᠨ ᠪᠤᠯᠪᠠᠴᠤ ᠭᠠᠳᠠᠭᠠᠳᠤ ᠶ᠋ᠢᠨ ᠲᠦᠷᠢᠮᠡᠬᠡᠶᠢᠯᠡᠯ ᠲᠣᠳᠣᠭᠠᠳᠤ ᠶ᠋ᠢᠨ ᠰᠠᠮᠠᠭᠤᠷᠠᠯ ᠥᠷᠬᠦᠯᠵᠢᠯᠡᠨ ᠬᠡᠴᠡᠭᠦᠳᠡᠵᠦ ᠂ ᠲᠦᠭ ᠲᠦᠮᠡᠨ ᠠᠷᠠᠳ ᠲᠠᠶᠢᠪᠣᠩ ᠪᠣᠰᠤ ᠶᠠᠳᠠᠭᠤ ᠵᠦᠲᠡᠭᠦᠦ ᠠᠮᠢᠳᠤᠷᠠᠵᠤ ᠭᠠᠯ ᠤᠰᠤᠨ ᠤ ᠭᠠᠰᠠᠯᠠᠩ ᠵᠤᠪᠠᠯᠠᠩ ᠠᠮᠰᠠᠵᠤ ᠪᠠᠶᠢᠯ᠎ᠠ ᠃ ᠡᠭᠦᠨ ᠳ᠋ᠥ ᠂ ᠨᠠᠢᠮᠠᠨ ᠨᠤᠳᠣᠭ ᠤᠨ ᠰᠡᠭᠡᠭᠡᠷᠡᠭᠰᠡᠨ ᠪᠢᠴᠢᠭᠲᠡᠨ ᠰᠣᠳᠣᠨ ᠰᠡᠭᠡᠭᠡᠲᠡᠨ ᠪᠦᠭᠡᠭᠡᠰᠢᠭ ᠠᠪᠤᠭᠠᠢ ᠳᠤᠮᠳᠠᠳᠤ ᠤᠯᠤᠰ ᠤᠨ ᠡᠪ ᠬᠠᠮᠳᠣ ᠨᠠᠮ ᠤᠨ ᠲᠦᠷᠦ ᠤᠯᠤᠰ ᠢᠶᠡᠨ ᠠᠪᠤᠷᠠᠬᠤ ᠲᠦᠮᠡᠨ ᠠᠷᠠᠳ ᠢᠶᠡᠨ ᠲᠡᠦᠨᠬᠦᠬᠦ ᠲᠥᠪ ᠶᠣᠰᠣᠨ ᠤ ᠲᠦᠷᠦ ᠶ᠋ᠢᠨ ᠪᠤᠳᠤᠯᠭ᠎ᠠ ᠶ᠋ᠢᠨ ᠵᠣᠷᠢᠭ ᠰᠠᠨᠠᠭᠠᠨ ᠤ ᠵᠢᠯᠤᠭᠤᠳᠤᠯᠭ᠎ᠠ ᠪᠠᠷ ᠰᠣᠶᠣᠯ ᠰᠤᠷᠭᠠᠨ ᠬᠦᠮᠦᠵᠢᠯ  ᠢᠶ᠋ᠡᠷ ᠤᠯᠤᠰ ᠦᠨᠳᠦᠰᠦᠲᠡᠨ ᠢᠶ᠋ᠡᠨ ᠠᠪᠤᠷᠠᠨ ᠴᠢᠯᠦᠭᠡᠯᠡᠬᠦ ᠥᠷᠭᠡᠨ ᠳᠠᠷᠳᠠᠩ ᠰᠠᠷᠠᠭᠤᠯ ᠵᠠᠮ ᠢ ᠰᠢᠯᠢᠨ ᠰᠤᠩᠭᠤᠵᠤ ᠰᠢᠭᠤᠷᠬᠠᠶᠢᠯᠠᠨ ᠲᠡᠮᠡᠴᠡᠭᠰᠡᠨ ᠪᠠᠶᠢᠳᠠᠭ ᠃
     ᠪᠦᠬᠡᠬᠡᠰᠢᠭ ᠪᠣᠯ ᠨᠠᠢᠮᠠᠨ ᠨᠤᠳᠣᠭ ᠤᠨ ᠰᠣᠳᠣᠨ  ᠬᠦᠪᠡᠭᠦᠨ ᠂ ᠨᠠᠷᠮᠠᠢ ᠮᠤᠩᠭᠤᠯ ᠤᠨ ᠮᠠᠩᠯᠠᠢ ᠡᠷ᠎ᠡ ᠂ ᠮᠠᠭᠠᠳ ᠦᠨᠡᠨ ᠮᠠᠬᠲᠠᠭᠠᠯ ᠲᠠᠢ ᠬᠦᠮᠦᠨ ᠂ ᠮᠤᠩᠭᠤᠯ ᠰᠣᠶᠣᠯ ᠤᠨ ᠲᠤᠭᠴᠢ ᠬᠦᠮᠦᠨ ᠡ ᠃
ᠪᠦᠬᠡᠭᠡᠰᠢᠭ ᠢᠶ᠋ᠡᠨ ᠪᠣᠳᠤᠬᠤᠯᠠᠷ ᠣᠶᠣᠨ ᠤᠬᠠᠭᠠᠨ ᠰᠡᠷᠭᠦᠵᠦ ᠢᠷᠡᠨ᠎ᠡ ᠂ ᠣᠷᠮᠠᠰ ᠵᠣᠷᠢᠭ ᠬᠦᠭᠵᠢᠵᠦ ᠢᠷᠡᠨ᠎ᠡ ᠃ ᠪᠦᠬᠡᠭᠡᠰᠢᠭ ᠢ ᠲᠤᠷᠠᠤᠨᠬᠤᠶ᠎ᠠ ᠰᠣᠶᠣᠯ ᠤᠨ ᠤᠬᠠᠮᠰᠠᠷ ᠣᠷᠬᠢᠯᠵᠤ ᠭᠠᠷᠤᠨ᠎ᠠ ᠂ ᠰᠤᠷᠭᠠᠨ ᠬᠦᠮᠦᠵᠢᠯ ᠦᠨ ᠡᠷᠴᠢ ᠪᠤᠷᠭᠢᠯᠵᠤ ᠭᠠᠷᠤᠨ᠎ᠠ ᠃ ᠪᠦᠬᠡᠭᠡᠰᠢᠭ ᠪᠣᠯ ᠪᠢᠴᠢᠭ ᠦᠨ ᠣᠷᠮᠠᠰ ᠢ ᠪᠠᠳᠠᠷᠠᠭᠠᠬᠤ ᠬᠦᠮᠦᠨ ᠂ ᠪᠢᠯᠢᠭ ᠦᠨ ᠮᠡᠳᠡᠯᠭᠡ ᠶ᠋ᠢ ᠪᠠᠶᠠᠯᠢᠬᠵᠢᠭᠤᠯᠬᠤ ᠬᠦᠮᠦᠨ ᠡ ᠃
    ᠣᠷᠴᠢᠨ ᠦᠶ᠎ᠡ ᠶ᠋ᠢᠨ ᠮᠤᠩᠭᠤᠯ ᠦᠨᠳᠦᠰᠦᠲᠡᠨ ᠦ ᠰᠣᠶᠣᠯ ᠤᠨ ᠠᠪᠤᠷᠭᠤ ᠵᠢᠦᠨᠬᠦᠯᠲᠡᠨ ᠲᠣᠮᠣ ᠭᠠᠪᠢᠶᠠᠲᠠᠨ ᠪᠦᠬᠡᠭᠡᠰᠢᠭ ᠠᠪᠤᠭᠠᠢ 《 ᠮᠤᠩᠭᠤᠯ ᠣᠤᠨᠬ᠎ᠠ ᠶ᠋ᠢᠨ ᠰᠤᠷᠭᠠᠯ ᠤᠨ ᠬᠤᠷᠠᠯ 》 ᠢ ᠡᠭᠦᠰᠭᠡᠨ ᠪᠠᠶᠢᠭᠤᠯᠵᠤ ᠂ 《 ᠠᠩᠬ᠎ᠠ ᠤᠳᠠᠭ᠎ᠠ  ᠶ᠋ᠢᠨ ᠬᠡᠰᠢᠭᠦᠨ ᠪᠣᠯ ᠨᠠᠢᠮᠠᠨ ᠤ ᠪᠦᠬᠡᠭᠡᠰᠢᠭ ᠂ ᠬᠦᠷᠢᠶ᠎ᠡ ᠶ᠋ᠢᠨ ᠷᠢᠨᠴᠢᠨᠬᠣᠷᠯᠤ ᠂ ᠷᠠᠰᠢᠰᠡᠩᠭᠡ ᠂ ᠰᠦᠷᠦᠭ ᠦᠨ ᠮᠠᠬᠰᠠᠷ ᠂ ᠨᠠᠢᠮᠠᠨ ᠤ  ᠪᠦᠬᠡᠡᠦᠢᠨᠳᠦᠰᠦ ᠂ ᠵᠢᠭᠮᠢᠳ ᠂ ᠡᠩᠬᠡᠪᠤᠶᠠᠨ ᠵᠡᠷᠬᠡ ᠰᠤᠷᠭᠠᠬᠴᠢ ᠪᠠᠭᠰᠢ ᠂ ᠠᠯᠪᠠᠨ ᠬᠠᠭᠠᠬᠴᠢ ᠂ ᠡᠮᠴᠢ ᠂ ᠲᠠᠷᠢᠶᠠᠴᠢᠨ ᠢᠶᠠᠷ ᠪᠦᠷᠢᠯᠳᠦᠭᠰᠡᠨ ᠲᠣᠯᠤᠭᠠᠬᠠᠨ ᠬᠦᠮᠦᠨ ᠪᠠᠶᠢᠵᠠᠢ 》 ᠭᠡᠵᠦ ᠥᠪᠦᠷ ᠮᠤᠩᠭᠤᠯ ᠤᠨ ᠦᠨᠳᠦᠰᠦᠲᠡᠨ ᠦ ᠶᠡᠬᠡ ᠰᠤᠷᠭᠠᠭᠤᠯᠢ ᠶ᠋ᠢᠨ ᠡᠷᠲᠡᠮᠲᠡᠨ ᠫᠷᠣᠹᠸᠰᠰᠤᠷᠪ ᠂ ᠰᠦᠬᠡ ᠪᠠᠭᠰᠢ 《 ᠪᠦᠬᠡᠭᠡᠰᠢᠭ ᠬᠢᠭᠡᠤᠨ < ᠤᠯᠠᠭᠠᠨ ᠪᠠᠷᠰ > ᠰᠡᠦᠨᠬᠦᠯ ᠦᠨ ᠰᠤᠳᠤᠯᠤᠯ 》 ᠬᠡᠮᠡᠬᠦ ᠨᠣᠮ ᠳ᠋ᠥ ᠪᠠᠨ ᠲᠣᠳᠤᠷᠠᠭᠤᠯᠤᠨ ᠲᠡᠮᠳᠡᠭᠯᠡᠭᠰᠡᠨ ᠪᠠᠶᠢᠳᠠᠭ ᠃ ᠦᠵᠡᠭᠡᠴᠢ ︕ ᠪᠦᠬᠡᠭᠡᠰᠢᠭ ᠦᠨ ᠡᠷᠬᠢᠯᠡᠨ ᠪᠠᠶᠢᠭᠤᠯᠤᠬᠰᠠᠨ 《 ᠮᠤᠩᠭᠤᠯ ᠣᠤᠨᠬ᠎ᠠ ᠶ᠋ᠢᠨ ᠰᠤᠷᠭᠠᠯ ᠤᠨ ᠬᠤᠷᠠᠯ 》 ᠤᠨ ᠬᠠᠮᠤᠭ ᠠᠩᠬᠠᠨ ᠤ 7 ᠬᠡᠰᠢᠭᠦᠨ ᠦ ᠲᠣᠳᠤᠷ᠎ᠠ ᠨᠢ 4 ᠨᠢ ᠳᠠᠷᠤᠢ ᠨᠠᠢᠮᠠᠨ ᠨᠤᠳᠣᠭ ᠤᠨ ᠬᠦᠮᠦᠨ ᠪᠠᠶᠢᠵᠤ ᠂ ᠡᠨᠡ ᠨᠢ ᠨᠠᠢᠮᠠᠨ ᠨᠤᠳᠣᠭ ᠤᠨ ᠮᠤᠩᠭᠣᠯᠴᠣᠤᠨ  ᠤᠨ ᠤᠶᠤᠨ ᠰᠠᠨᠠᠭᠠᠨ ᠤ ᠥᠨᠳᠦᠷ ᠤᠬᠠᠮᠰᠠᠷ ᠦᠵᠡᠬᠦ ᠨᠢᠳᠦᠨ ᠦ ᠥᠷᠭᠡᠨ ᠬᠠᠷᠠᠴᠠ ᠶ᠋ᠢ ᠲᠣᠳᠤᠷᠠᠭᠤᠯᠵᠤ ᠪᠠᠶᠢᠬᠤ ᠶ᠋ᠢᠨ ᠳᠠᠭᠠᠤ ᠪᠦ᠋ᠬᠡᠭᠡᠰᠢᠭ ᠦᠨ ᠨᠦᠯᠦᠭᠡᠯᠡᠯ ᠤᠬᠠᠭᠤᠯᠤᠯ ᠤᠨ ᠬᠦᠴᠦᠨ ᠶᠡᠭᠡ ᠪᠤᠯᠬᠣ ᠶ᠋ᠢ ᠪᠠᠰᠠ ᠨᠢᠭᠡᠨ ᠲᠠᠯ᠎ᠠ ᠡᠴᠠ ᠪᠤᠳᠠᠲᠠᠢ ᠢᠯᠡᠦᠨᠬᠡᠵᠦ ᠪᠠᠶᠢᠭ᠎ᠠ ᠶᠤᠮ ᠃ ᠡᠨᠡ ᠪᠣᠯ ᠨᠠᠢᠮᠠᠨ ᠨᠤᠳᠣᠭ ᠤᠨ ᠣᠮᠤᠬᠰᠢᠯ ᠂ ᠨᠠᠢᠮᠠᠨ ᠲᠦᠮᠡᠨ ᠦ ᠪᠠᠬᠠᠷᠬᠠᠯ ᠡ ᠃ ᠡᠶᠢᠨᠬᠦ 《 ᠮᠤᠩᠭᠤᠯ ᠣᠤᠨᠬ᠎ᠠ ᠶ᠋ᠢᠨ ᠰᠤᠷᠭᠠᠯ ᠤᠨ ᠬᠤᠷᠠᠯ 》 ᠨᠢ ᠥᠦᠨᠳᠦᠷ ᠲᠦᠷᠭᠡᠨ ᠬᠦᠭᠵᠢᠵᠦ ᠬᠡᠰᠢᠭᠦᠦᠨ ᠨᠢ ᠨᠡᠮᠡᠭᠲᠡᠨ ᠬᠡᠪᠴᠢᠶ᠎ᠡ ᠨᠢ ᠥᠷᠭᠡᠵᠢᠵᠦ ᠬᠦᠳᠡᠯᠭᠡᠭᠡᠨ ᠨᠢ ᠪᠤᠳᠠᠲᠠᠶᠢᠵᠢᠨ ᠨᠥᠯᠦᠭᠡ ᠲᠤᠰᠬᠠᠯ ᠨᠢ ᠶᠡᠭᠡ ᠪᠤᠯᠵᠠᠢ ᠃1926 ᠣᠨ ᠤ ᠤᠯᠠᠭᠠᠨ ᠪᠠᠷᠰ ᠵᠢᠯ ᠳᠠᠷᠤᠢ 《 ᠤᠯᠠᠭᠠᠨ ᠪᠠᠷᠰ 》 ᠰᠡᠦᠨᠬᠦᠯ ᠡᠷᠬᠢᠯᠡᠵᠦ ᠂ ᠮᠤᠩᠭᠤᠯ ᠲᠦᠮᠡᠨ ᠢ ᠥᠷᠭᠡᠨ ᠬᠡᠪᠴᠢᠶ᠎ᠡ ᠪᠠᠷ ᠤᠷᠢᠶᠠᠯᠠᠨ ᠰᠡᠷᠭᠦᠭᠡᠵᠦ ᠤᠬᠠᠭᠤᠯᠤᠨ ᠳᠠᠶᠢᠴᠢᠯᠠᠵᠤ ᠤᠯᠤᠰ ᠦᠨᠳᠦᠰᠦᠲᠡᠨ ᠢᠶ᠋ᠡᠨ ᠠᠪᠤᠷᠠᠨ ᠴᠢᠯᠦᠭᠡᠯᠡᠬᠦ ᠠᠭᠣᠤ ᠶᠡᠬᠡ ᠬᠣᠪᠢᠰᠬᠠᠯᠳᠤ ᠤᠶᠢᠯᠡᠰ ᠲᠦ ᠬᠦᠳᠦᠯᠦᠨ ᠣᠷᠤᠭᠤᠯᠵᠤ ᠵᠢᠭᠠᠨ ᠵᠢᠯᠤᠭᠣᠤᠨᠴᠠᠢ ᠃ 《 ᠤᠯᠠᠭᠠᠨ ᠪᠠᠷᠰ 》 ᠰᠡᠦᠨᠬᠦᠯ ᠢᠶ᠋ᠡᠷ ᠳᠠᠮᠵᠢᠭᠤᠯᠤᠨ ᠮᠤᠩᠭᠤᠯ ᠬᠡᠯᠡ ᠪᠢᠴᠢᠭ ᠢᠶ᠋ᠡᠨ ᠰᠠᠶᠢᠳᠤᠷ ᠰᠤᠷᠬᠤ ᠴᠢᠬᠤᠯᠠ ᠴᠢᠨᠠᠷ ᠲᠡᠦᠬᠡᠨ ᠠᠴᠢ ᠬᠣᠯᠪᠤᠬᠳᠠᠯ ᠢ ᠲᠣᠲᠤᠷᠬᠠᠶᠢᠯᠠᠨ ᠤᠬᠠᠭᠤᠯᠤᠬᠰᠠᠨ ᠂ ᠦᠨᠳᠦᠰᠦᠲᠡᠨ ᠦ ᠰᠤᠷᠭᠠᠨ ᠬᠦᠮᠦᠵᠢᠯ ᠢ ᠬᠦᠨᠳᠦᠦᠨᠬᠡᠨ ᠬᠦᠭᠵᠢᠬᠦᠯᠬᠦ ᠬᠦᠨᠳᠦ ᠲᠤᠯᠭᠠᠮ᠎ᠠ ᠴᠢᠨᠠᠷ ᠪᠠ ᠠᠯᠤᠰ ᠬᠡᠳᠦ ᠶ᠋ᠢᠨ ᠠᠴᠢ ᠬᠤᠯᠪᠤᠬᠳᠠᠯ ᠢ ᠲᠣᠳᠤᠷᠠᠭᠤᠯᠤᠨ ᠮᠡᠳᠡᠭᠦᠯᠦᠭᠰᠡᠨ ᠂ ᠠᠷᠠᠳ ᠤᠨ ᠳᠠᠭᠣᠤ ᠶ᠋ᠢ ᠠᠶᠣᠤᠯᠢᠬᠠᠢ ᠳ᠋ᠠᠭᠠᠨ ᠡᠷᠬᠢᠮᠯᠡᠨ ᠠᠯᠵᠢᠶᠠᠯ ᠦᠭᠡᠢ ᠡᠮᠬᠢᠦᠨᠬᠡᠨ ᠴᠤᠬᠯᠠᠭᠤᠯᠵᠤ ᠲᠡᠮᠳᠡᠭᠯᠡᠨ ᠣᠯᠠᠮᠵᠢᠯᠠᠬᠰᠠᠨ ᠂ ᠠᠷᠠᠳ ᠲᠦᠮᠡᠨ ᠦ ᠡᠷᠡᠭᠦᠯ ᠮᠡᠨᠳᠦ ᠶ᠋ᠢ ᠠᠩᠬᠠᠷᠤᠯ ᠳ᠋ᠠᠭᠠᠨ ᠠᠪᠴᠤ ᠬᠦᠮᠦᠵᠢᠯ ᠮᠡᠳᠡᠯᠭᠡ ᠣᠯᠭᠤᠬᠰᠠᠨ ᠵᠡᠷᠬᠡ ᠮᠠᠰᠢ ᠣᠯᠠᠨ ᠮᠤᠩᠭᠤᠯ ᠲᠦᠮᠡᠨ ᠳ᠋ᠥ ᠲᠤᠰᠠᠲᠠᠢ ᠮᠤᠩᠭᠤᠯ ᠰᠣᠶᠣᠯ ᠤᠨ ᠬᠦᠭᠵᠢᠯ ᠳ᠋ᠥ ᠠᠰᠢᠬᠲᠠᠢ ᠵᠦᠢᠯᠡᠰ ᠢ ᠰᠡᠦᠨᠬᠦᠯ ᠳ᠋ᠡᠬᠡᠨ ᠨᠡᠶᠢᠳᠡᠯᠡᠨ  ᠬᠦᠮᠦᠨ ᠵᠤᠨ ᠳ᠋ᠥ ᠬᠦᠮᠦᠵᠢᠯ ᠬᠦᠷᠳᠡᠭᠡᠨ ᠮᠡᠳᠡᠯᠭᠡ ᠣᠯᠭᠤᠬᠰᠠᠨ ᠪᠠᠶᠢᠳᠠᠭ ᠃ ᠲᠤᠬᠠᠢ ᠶ᠋ᠢᠨ ᠲᠡᠷᠡᠬᠦ ᠪᠤᠳᠤᠯᠢᠶᠠᠨᠲᠠᠢ ᠣᠷᠴᠢᠨ ᠠᠬᠤᠢ ᠳ᠋ᠥ ᠂ ᠲᠤᠬᠠᠢ ᠶ᠋ᠢᠨ ᠲᠡᠷᠡᠬᠦ ᠤᠶᠢᠮᠡᠭᠡᠨᠳᠦ ᠴᠠᠭ ᠡᠷᠢᠨ ᠳ᠋ᠥ ᠡᠶᠢᠨᠬᠦ ᠦᠨᠳᠦᠰᠦᠲᠡᠨ ᠢᠶ᠋ᠡᠨ ᠪᠤᠳᠤᠯᠬᠢᠯᠠᠬᠰᠠᠨ ᠦᠨᠳᠦᠰᠦᠲᠡᠨ ᠦ ᠰᠣᠶᠣᠯ ᠢᠶᠡᠨ ᠣᠯᠠᠮᠵᠢᠯᠠᠨ ᠬᠦᠭᠵᠢᠭᠦᠯᠬᠦ ᠶ᠋ᠢ ᠰᠠᠨᠠᠭᠠᠰᠢᠷᠠᠬᠰᠠᠨ ᠬᠠᠯᠠᠭᠤᠨ ᠰᠡᠦᠨᠬᠢᠯ ᠥᠨᠳᠦᠷ ᠤᠬᠠᠮᠰᠠᠷ ᠨᠢ ᠦᠨᠡᠬᠡᠷ ᠦᠨᠡᠯᠡᠭᠦᠰᠢᠲᠡᠢ ᠶᠤᠮ ᠂ ᠮᠠᠬᠲᠠᠭᠤᠰᠢᠲᠠᠢ ᠶᠤᠮ ᠂ ᠲᠡᠮᠳᠡᠭᠯᠡᠭᠦᠰᠢᠲᠡᠢ ᠶᠤᠮ ᠂ ᠰᠤᠷᠤᠯᠴᠠᠭᠤᠰᠢᠲᠠᠢ ᠶᠤᠮ ᠡ ᠃
     ᠨᠠᠢᠮᠠᠨ ᠨᠤᠳᠣᠭ ᠤᠨ ᠮᠤᠩᠭᠣᠯᠴᠣᠤᠨ ᠰᠣᠶᠣᠯ ᠤᠨ ᠰᠣᠳᠣᠨ ᠮᠤᠩᠭᠤᠯ ᠪᠦᠬᠡᠭᠡᠰᠢᠭ ᠢᠶ᠋ᠡᠨ ᠶᠠᠭᠠᠬᠢᠬᠰᠠᠨ ᠴᠦ ᠮᠠᠷᠲᠠᠬᠤ ᠦᠭᠡᠢ ᠶᠤᠮ ᠂ ᠥᠨᠢ ᠡᠭᠦᠷᠢᠲᠡ ᠮᠠᠷᠲᠠᠬᠤ ᠦᠭᠡᠢ ᠶᠤᠮ ᠡ ᠃ ᠲᠡᠷᠡ ᠮᠦᠷᠲᠡᠭᠡᠨ ᠬᠦᠨᠳᠦᠦᠨᠬᠡᠨ ᠪᠢᠰᠢᠷᠡᠵᠦ ᠪᠠᠬᠠᠷᠬᠠᠨ ᠲᠤᠷᠠᠰᠴᠤ ᠶᠠᠪᠤᠬᠤ ᠶᠤᠮ ᠃ ᠨᠠᠢᠮᠠᠨ ᠰᠣᠶᠣᠯ ᠨᠠᠨᠳᠢᠨ ᠥᠪ ᠢᠶ᠋ᠡᠨ ᠨᠠᠷᠠ ᠲᠠᠢ ᠰᠠᠷᠠ ᠲᠠᠢ ᠡᠷᠭᠦᠵᠦ ᠶᠠᠪᠤᠭ᠎ᠠ ᠨᠠ‍ ᠂ ᠫᠸᠷᠯᠠᠢ ᠂ ᠭᠣ‍ ᠂ ᠬᠦᠰᠡᠯᠳᠦ ᠂ ᠬᠠᠩᠳᠠᠭᠣᠤᠨ ᠤᠰᠤᠨᠪᠤᠳᠤᠭ ᠨᠠᠷ ᠤᠨ ᠬᠠᠯᠠᠭᠤᠨ ᠰᠡᠦᠨᠬᠢᠯᠭᠡ ᠬᠠᠲᠠᠭᠤᠵᠢᠯᠲᠠᠢ ᠴᠢᠷᠮᠠᠶᠢᠯᠭ᠎ᠠ ᠪᠠᠷ ᠪᠦᠬᠦ ᠬᠤᠰᠢᠭᠣᠨ ᠤ ᠬᠡᠪᠴᠢᠶᠡᠨ ᠳ᠋ᠥ 《 ᠪᠦᠬᠡᠭᠡᠰᠢᠭ 》 ᠨᠡᠷᠡᠮᠵᠢᠳᠦ ᠤᠷᠠᠨ ᠵᠣᠬᠢᠶᠠᠯ ᠤᠨ ᠱᠠᠩᠨᠠᠯ ᠂ 《 ᠪᠦᠬᠡᠭᠡᠰᠢᠭ 》 ᠨᠡᠷᠡᠮᠵᠢᠳᠦ ᠤᠷᠠᠨ ᠤᠩᠰᠢᠯᠭ᠎ᠠ ᠶ᠋ᠢᠨ ᠤᠷᠤᠯᠳᠤᠭᠠᠨ ᠢ ᠣᠯᠠᠨ ᠤᠳᠠᠭ᠎ᠠ ᠡᠷᠬᠢᠯᠡᠨ ᠶᠠᠪᠤᠬᠳᠠᠭᠤᠯᠵᠤ ᠂ ᠪᠦᠬᠡᠭᠡᠰᠢᠭ ᠢᠶ᠋ᠡᠨ ᠲᠤᠷᠠᠰᠤᠨ ᠰᠠᠨᠠᠭᠠᠯᠵᠠᠬᠤ ᠶ᠋ᠢᠨ ᠳᠠᠭᠠᠤ ᠪᠦᠬᠡᠭᠡᠰᠢᠭ ᠦᠨ ᠠᠯᠳᠠᠷ ᠴᠣᠯᠠ ᠶ᠋ᠢ ᠨᠢ ᠳᠠᠭᠤᠷᠢᠰᠤᠭᠤᠯᠤᠨ ᠠᠯᠬᠤᠬᠰᠠᠨ ᠮᠦᠷ ᠢ ᠨᠢ ᠲᠣᠷᠠᠶᠢᠯᠭᠠᠵᠤ ᠂ ᠤᠶᠢᠯᠡᠰ ᠢ ᠨᠢ ᠣᠯᠠᠮᠵᠢᠯᠠᠬᠤ ᠶ᠋ᠢ ᠤᠷᠢᠶᠠᠯᠠᠨ ᠂ ᠨᠠᠢᠮᠠᠨ ᠰᠣᠶᠣᠯ ᠤᠨ ᠬᠦᠭᠵᠢᠯᠲᠡ  ᠶ᠋ᠢᠨ ᠠᠯᠬᠤᠮ ᠢ ᠬᠦᠴᠦᠲᠡᠢ ᠪᠤᠳᠠᠲᠠᠢ ᠠᠬᠢᠭᠤᠯᠬᠤ ᠳᠠᠶᠢᠴᠢᠨ ᠤᠶᠢᠯᠡᠳᠦᠯ ᠦᠵᠡᠭᠦᠯᠵᠡᠢ ᠃ ᠪᠠᠰᠠ ᠬᠡᠯᠡᠪᠡᠯ ᠨᠠᠶᠢᠷᠠᠭᠤᠯᠬᠤ ᠺᠣᠮᠢᠰ ᠤᠨ ᠡᠷᠬᠢᠯᠡᠭᠴᠢ ᠨᠠ‍ ᠂ ᠫᠸᠷᠯᠠᠢ ᠂ ᠶᠡᠷᠦᠩᠬᠡᠢ ᠨᠠᠶᠢᠷᠠᠭᠤᠯᠤᠬᠴᠢ ᠬᠠᠩᠳᠠᠭᠣᠤᠨ ᠤᠰᠤᠨᠪᠤᠳᠤᠭ ᠂ ᠳᠡᠳ᠋ ᠶᠡᠷᠦᠩᠬᠡᠢ ᠨᠠᠶᠢᠷᠠᠭᠤᠯᠤᠬᠴᠢ ᠭᠣ‍ ᠂ ᠬᠦᠰᠡᠯᠳᠦ ᠶ᠋ᠢᠨ ᠨᠠᠶᠢᠷᠠᠭᠤᠯᠤᠨ ᠡᠷᠬᠢᠯᠡᠭᠰᠡᠨ 《 ᠪᠡᠬᠡ ᠶ᠋ᠢᠨ ᠤᠰᠤᠨ》 ᠰᠡᠦᠨᠬᠦᠯ ᠨᠢ ᠪᠦᠬᠡᠭᠡᠰᠢᠭ ᠠᠪᠤᠭᠠᠢ ᠶ᠋ᠢᠨ ᠥᠯᠦᠭᠡᠢ ᠨᠤᠳᠣᠭ ᠠᠶᠢᠯ ᠤᠨ ᠨᠡᠷ᠎ᠡ ᠪᠠᠷ ᠨᠢ ᠨᠡᠷᠡᠶᠢᠳᠦᠭᠰᠡᠨ ᠪᠠᠶᠢᠵᠤ ᠂ ᠪᠦᠬᠡᠭᠡᠰᠢᠭ ᠠᠪᠤᠭᠠᠢ ᠶ᠋ᠢᠨ 《 ᠮᠤᠩᠭᠤᠯ ᠰᠣᠶᠣᠯ ᠢᠶᠡᠨ ᠮᠦᠬᠦᠭᠡᠬᠦ ᠦᠭᠡᠢ ᠭᠡᠰᠡᠨ ᠮᠤᠬᠤᠰᠢ ᠦᠭᠡᠢ ᠵᠣᠷᠢᠭ ᠰᠠᠨᠠᠭ᠎ᠠ ᠶ᠋ᠢ ᠣᠯᠠᠮᠵᠢᠯᠠᠨ ᠪᠠᠳᠠᠷᠠᠭᠤᠯᠬᠤ ᠶ᠋ᠢ ᠬᠢᠴᠢᠶᠡᠭᠰᠡᠨ 》 ᠪᠠᠶᠢᠳᠠᠭ ᠃  《 ᠪᠡᠬᠡ ᠶ᠋ᠢᠨ ᠤᠰᠤᠨ 》 ᠨᠢ ᠤᠷᠠᠨ ᠰᠡᠦᠨᠬᠢᠮᠵᠢ ᠤᠶᠠᠷᠠᠭᠤᠨ ᠰᠠᠨᠠᠭ᠎ᠠ ᠪᠦᠬᠦᠢ ᠣᠷᠮᠠᠰ ᠢ ᠬᠦᠭᠵᠢᠭᠡᠬᠦ ᠣᠤᠨᠬ᠎ᠠ ᠲᠡᠭᠦᠯᠳᠡᠷ ᠨᠡᠷᠡᠶᠢᠳᠦᠯ ᠪᠠᠶᠢᠭ᠎ᠠ ᠶᠤᠮ ᠃  ᠤᠬᠠᠭᠠᠨ ᠰᠠᠭᠤᠯᠭᠠᠬᠤ ᠨᠡᠷᠡᠶᠢᠳᠦᠯ ᠲᠠᠢ ᠰᠠᠶᠢᠬᠠᠨ ᠰᠡᠦᠨᠬᠦᠯ ᠪᠠᠶᠢᠭ᠎ᠠ ᠶᠤᠮ ᠃《 ᠪᠡᠬᠡ ᠶ᠋ᠢᠨ ᠤᠰᠤᠨ 》 ᠨᠡᠷᠡᠶᠢᠳᠦᠯ ᠲᠠᠢ ᠨᠤᠳᠣᠭ ᠤᠨ ᠮᠤᠩᠭᠤᠯ ᠰᠡᠦᠨᠬᠦᠯ ᠮᠠᠨᠢ ᠨᠠᠢᠮᠠᠨ ᠨᠤᠳᠣᠭ ᠤᠨ ᠰᠣᠶᠣᠯ ᠤᠨ ᠲᠡᠦᠬᠡᠨ ᠳ᠋ᠥ ᠠᠭᠣᠤ ᠶᠡᠬᠡ ᠪᠦᠬᠡᠭᠡᠰᠢᠭ ᠦᠨ ᠬᠠᠮᠳᠣ ᠠᠰᠢᠳᠠ ᠲᠤᠷᠰᠤᠬᠳᠠᠨ ᠮᠦᠩᠬᠡᠷᠡᠬᠦ ᠤᠴᠢᠷᠲᠠᠢ ᠃
    ᠮᠤᠩᠭᠤᠯ ᠰᠣᠶᠣᠯ ᠤᠨ ᠮᠤᠨᠳᠠᠭ ᠵᠢᠦᠨᠬᠦᠯᠲᠡᠨ ᠨᠤᠳᠣᠭ ᠤᠨ ᠥᠷᠯᠦᠭ ᠪᠦᠬᠡᠭᠡᠰᠢᠭ ᠮᠠᠨᠢ ᠂ ᠶᠢᠰᠦᠨ ᠪᠤᠯᠠᠭ ᠤᠨ ᠳᠣᠤᠷ᠎ᠠ ᠠᠮᠤᠷᠯᠢᠩᠭᠤᠢ ᠨᠣᠶᠢᠷᠰᠤᠭᠠᠷᠠᠢ ! ᠨᠤᠳᠣᠭ ᠤᠨ ᠦᠷᠡᠰ ᠴᠢᠨᠢ ᠲᠠᠨ ᠤ ᠪᠠᠨ ᠮᠦᠷ ᠢᠶ᠋ᠡᠷ ᠲᠡᠮᠡᠦᠯᠦᠨ ᠵᠢᠦᠨᠬᠦᠵᠦ ᠪᠠᠶᠢᠨᠠᠮ ᠃      ( ᠯᠢ ᠪᠤᠶᠠᠨᠴᠤᠭᠯᠠ   )
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ