ᠴᠢᠨᠡᠭᠡᠯᠢᠭᠵᠢᠯ ‍ᠤᠨ ᠬᠠᠷᠭᠣᠢ  ᠳᠤ ᠬᠡᠷᠡᠯᠳᠣ ᠴᠠᠮᠬᠠᠭ ᠪᠣᠯᠵᠣ ᠶᠠᠪᠦᠭ᠎ᠠ ᠪᠠᠶᠠᠵᠢᠯ ‍ᠤᠨ ᠣᠶᠢᠯᠡᠰ  ᠳᠠᠬᠢ ᠰᠠᠶᠢᠨ ᠲᠠᠭᠠᠭᠣᠯᠣᠭᠴᠢ —— ᠰᠢᠪᠡᠭᠡᠳᠣ ᠲᠣᠰᠬᠣᠨ ‍ᠤ ᠨᠠᠮ ‍ᠤᠨ ᠡᠬᠦᠷ ‍ᠤᠨ ᠱᠦᠵᠢ ᠵᠠᠩ ᠴᠢᠶᠠᠩ

ᠣᠩᠰᠢᠭᠰᠠᠨ ᠤᠳᠠᠭ᠎ᠠ ᠄ 3047     ᠨᠡᠶᠢᠳᠡᠯᠡᠭᠰᠡᠨ ᠴᠠᠭ ᠄ 2017/9/1 18:12:58

    《ᠰᠠᠶᠢᠨ ‍ᠢ ᠬᠥᠭᠡᠭᠡᠴᠡᠯᠳᠦᠬᠦ ᠲᠡᠬᠦᠨ ‍ᠤ ᠬᠠᠮᠣᠭ ‍ᠤᠨ ᠶᠡᠬᠡ ᠣᠨᠴᠠᠯᠢᠭ ᠪᠣᠯᠠᠢ ᠂ ᠨᠢᠬᠡ ᠵᠣᠶᠢᠯ ‍ᠤᠨ ᠠᠵᠢᠯ ‍ᠢ ᠬᠢᠬᠦ  ᠳᠤ ᠰᠠᠶᠢᠨ ᠬᠢᠬᠦ ᠬᠡᠷᠡᠭᠲᠠᠢ ᠂ ᠦᠬᠡᠢ ᠪᠣᠯ ᠬᠢᠬᠦ ᠦᠬᠡᠢ ᠶ᠋ᠢ ᠬᠦᠷᠬᠦ ᠦᠬᠡᠢ 》 ᠡᠨᠡ ᠪᠣᠯ ᠨᠠᠢᠮᠠᠨ ᠬᠣᠰᠢᠭᠣᠨ ‍ᠤ ᠪᠠᠶᠠᠨᠳᠠᠯ᠎ᠠ ᠰᠣᠮᠣ ᠶ᠋ᠢᠨ ᠰᠢᠪᠡᠭᠡᠳᠣ ᠲᠣᠰᠬᠣᠨ ‍ᠤ ᠨᠠᠮ ‍ᠤᠨ ᠡᠬᠦᠷ ‍ᠤᠨ ᠱᠦᠵᠢ  ᠵᠠᠡᠭ ᠴᠢᠶᠠᠡᠭ ᠶ᠋ᠢᠨ ᠦᠷᠬᠦᠯᠵᠢ ᠬᠡᠯᠡᠳᠡᠭ ᠦᠬᠡ  ᠪᠠᠶᠢᠨ᠎ᠠ᠃ ᠵᠠᠡᠭ ᠴᠢᠶᠠᠡᠭ ‍ᠢ ᠲᠣᠷᠠᠳᠬᠣ ᠪᠦᠷᠢ ᠲᠣᠰᠬᠣᠨ ‍ᠤ ᠠᠷᠠᠳ ᠨᠢ  ᠬᠠᠷᠠᠮ ᠦᠭᠡᠢ ᠯᠡ ᠮᠠᠭᠳᠠᠳᠠᠭ ᠶᠣᠮ ᠃ ᠡᠨᠡᠬᠦ  ᠰᠢᠳᠣᠷᠭᠣ ᠰᠢᠯᠣᠭᠣᠨ  ᠵᠠᠩ ᠲᠠᠢ ᠲᠣᠰᠬᠣᠨ ‍ᠤ ᠱᠦᠵᠢ ᠦᠪᠡᠷ ‍ᠤᠨ ᠦᠢᠯᠡ ᠠᠵᠢᠯᠯᠠᠭ᠎ᠠ ᠂ ᠣᠷᠣᠰᠬᠣ ᠬᠦᠯᠣᠰᠣ ᠪᠡᠷ ᠢᠶᠡᠨ ᠵᠣᠷᠢᠭᠳᠠᠢ ᠪᠡᠷ ᠡᠷᠢᠯᠬᠢᠯᠡᠨ ᠲᠡᠮᠡᠴᠡᠬᠦ ᠵᠣᠷᠢᠭ ᠰᠠᠨᠠᠭ᠎ᠠ  ᠪᠠ ᠪᠠᠭᠠᠳᠣᠷᠯᠢᠭ ᠢᠶᠠᠷ  ᠡᠬᠦᠷᠭᠡᠯᠡᠨ ᠣᠶᠢᠯᠡᠰ ᠪᠦᠳᠣᠭᠡᠬᠦ ᠰᠡᠳᠬᠢᠯᠬᠡ ᠶ᠋ᠢ  ᠨᠢ ᠢᠯᠡᠷᠡᠬᠦᠯᠵᠣ ᠂ ᠡᠬᠦᠨ ‍ᠤ ᠬᠠᠷᠢᠭᠣ ᠳᠤ ᠂ 2016 ᠣᠨ  ᠳᠤ ᠦᠪᠡᠷᠳᠡᠭᠡᠨ ᠵᠠᠰᠠᠬᠣ ᠣᠷᠣᠨ ‍ᠤ《 ᠰᠢᠯᠢᠳᠡᠭ ᠭᠠᠴᠠᠭ᠎ᠠ ᠲᠣᠰᠬᠣᠨ ‍ᠤ ᠨᠠᠮ ‍ᠤᠨ ᠵᠣᠬᠢᠶᠠᠨ ᠪᠠᠶᠢᠭᠣᠯᠣᠯᠳᠠ ᠶ᠋ᠢᠨ ᠱᠦᠵᠢ 》 ᠶ᠋ᠢᠨ ᠢᠷᠠᠭᠣ ᠠᠯᠳᠠᠷ ‍ᠢ ᠬᠦᠷᠳᠡᠵᠣ ᠂ ᠲᠡᠬᠦᠨ ‍ᠤ ᠪᠠᠶᠢᠭ᠎ᠠ ᠨᠠᠮ ‍ᠤᠨ ᠡᠬᠦᠷ ᠨᠢ  ᠴᠦ 5 ᠵᠢᠯ ᠲᠠᠷᠠᠭᠠᠯᠠᠨ ᠣᠷᠣᠨ ᠂ ᠬᠣᠳᠠ ᠂ ᠬᠣᠰᠢᠭᠣᠨ ‍ᠤ 《  ᠦᠨᠳᠣᠰᠣᠨ ᠱᠠᠳᠣᠨ ‍ᠤ ᠣᠷᠣᠭᠰᠢᠯᠠᠭᠰᠠᠨ  ᠦᠨᠳᠣᠰᠣᠨ ᠱᠠᠳᠣᠨ ‍ᠤ ᠨᠠᠮ ᠡᠬᠦᠷ 》  ᠭᠡᠬᠦ ᠴᠣᠯᠠ ᠶ᠋ᠢ ᠬᠦᠷᠲᠡᠭᠰᠡᠨ ᠪᠠᠶᠢᠨ᠎ᠠ ᠃
   《 ᠦᠨᠳᠣᠰᠣᠨ ᠱᠠᠳᠣᠨ ‍ᠤ ᠨᠠᠮ ‍ᠤᠨ ᠡᠬᠦᠷ ᠪᠤᠯ ᠨᠢᠬᠡ ᠰᠠᠭᠣᠷᠢ  ᠲᠠᠶᠢᠨ ‍ᠤ  ᠪᠡᠬᠢᠯᠡᠯᠳᠡ ᠂ ᠵᠠᠢ ᠵᠠᠪᠰᠠᠷ  ᠦᠭᠡᠢ ᠪᠠᠶᠢᠪᠠᠯ ᠰᠠᠶᠢ  ᠪᠠᠲᠤ ᠪᠡᠬᠢ ᠪᠠᠶᠢᠳᠠᠭ 》 ᠬᠡᠵᠣ ᠵᠠᠡᠭ ᠴᠢᠶᠠᠡᠭ ᠦᠷᠬᠦᠯᠵᠢ ᠶᠠᠷᠢᠳᠠᠭ ᠃ 《 ᠬᠣᠶᠠᠷ ‍ᠢ ᠰᠣᠷᠣᠯᠴᠠᠵᠣ ᠬᠢᠷᠢ ᠲᠡᠡᠭᠴᠡᠭᠰᠡᠨ ᠨᠠᠮ ‍ᠤᠨ ᠬᠡᠰᠢᠬᠦᠨ ᠪᠤᠯᠬᠤ 》 ᠰᠣᠷᠣᠯᠴᠠᠯᠭ᠎ᠠ ᠬᠦᠮᠣᠵᠢᠯ ‍ᠤᠨ ᠶᠠᠪᠣᠴᠡ  ᠳᠦ ᠂ ᠨᠠᠮ ‍ᠤᠨ ᠬᠡᠰᠢᠬᠦᠳ ‍ᠤᠨ ᠰᠣᠷᠣᠯᠴᠠᠯᠭ᠎ᠠ ᠶ᠋ᠢ ᠴᠢᠡᠭᠭ᠎ᠠ ᠱᠠᠭᠠᠷᠳᠠᠳᠠᠭ ᠶᠣᠮ ᠃ ᠲᠡᠷᠡ ᠦᠪᠡᠷ ‍ᠤᠨ ᠪᠡᠶ᠎ᠡ ᠪᠠᠨ ᠣᠷᠢᠳᠡᠪᠡᠷ ᠱᠠᠭᠠᠷᠳᠠᠵᠣ ᠂  ᠥᠪᠡᠷᠲᠡᠭᠡᠨ ᠬᠦᠨᠵᠡᠬᠡᠢ ᠰᠣᠷᠣᠯᠴᠠᠵᠣ ᠨᠠᠷᠢᠯᠢᠭ ᠲᠡᠮᠳᠡᠭᠯᠡᠯ ᠬᠢᠵᠣ ᠂ ᠨᠠᠮ ‍ᠤᠨ ᠬᠡᠰᠢᠬᠦᠳ ᠲᠠᠢ ᠪᠠᠨ ᠬᠠᠮᠳᠣᠪᠡᠷ ᠶᠠᠷᠢᠯᠴᠠᠵᠣ ᠂ ᠲᠡᠳᠡᠨᠡᠷ ‍ᠢ ᠵᠣᠬᠢᠶᠠᠨ ᠪᠠᠶᠢᠭᠣᠯᠵᠣ ᠂ 《 ᠨᠠᠮ ‍ᠤᠨ ᠬᠡᠰᠢᠬᠦᠨ  ᠲᠠᠨ ‍ᠢ ᠲᠠᠶᠢᠴᠢᠯᠠᠨ ᠶᠠᠷᠢᠶ᠎ᠠ ᠶ᠋ᠢ  ᠰᠤᠷᠤᠯᠴᠠᠬᠤ 》 《 ᠨᠠᠮ ‍ᠤᠨ ᠬᠡᠰᠢᠬᠦᠨ ᠲᠠᠶᠢᠰᠠᠨ ᠲᠡᠭᠡᠷ᠎ᠡ ᠭᠠᠷᠴᠣ  ᠨᠠᠮᠴᠢ ᠴᠢᠨᠠᠷ ‍ᠢ  ᠶᠠᠷᠢᠬᠤ 》 ᠬᠡᠬᠦ ᠵᠡᠷᠭᠡ ᠠᠵᠢᠯᠯᠠᠭᠠᠨ ᠦᠷᠨᠢᠬᠦᠯᠵᠣ ᠂ ᠲᠡᠷᠭᠡᠳᠡᠬᠢ ᠨᠡᠶᠢᠳᠡᠯᠢᠭ ᠵᠢᠱᠢᠶ᠎ᠡ ᠪᠠᠨ ᠢᠳᠡᠪᠬᠢᠲᠠᠢ ᠢᠯᠡᠷᠡᠬᠦᠯᠣᠨ ᠭᠠᠷᠭᠠᠵᠣ ᠂  ᠰᠠᠶᠢᠨ ᠶᠠᠪᠤᠳᠠᠯ ᠵᠢᠷᠤᠮᠲᠤ  ᠠᠵᠢᠯᠯᠠᠭ᠎ᠠ  ᠶ᠋ᠢᠨ ᠰᠠᠮᠪᠠᠷ᠎ᠠ ᠪᠠᠶᠢᠭᠣᠯᠵᠣ ᠂ ᠵᠢᠱᠢᠶᠡᠴᠢ ᠲᠠᠭᠣᠷᠢᠶᠠᠯ ‍ᠢ ᠲᠡᠭᠰᠢᠳᠭᠡᠨ ᠭᠠᠷᠭᠠᠵᠣ ᠂ ᠨᠠᠮ ‍ᠤᠨ ᠬᠡᠰᠢᠬᠦᠳ ᠬᠠᠷᠠᠯᠳᠠ ᠲᠠᠢ ᠂ ᠬᠢᠬᠦ  ᠳᠦ ᠴᠢᠭᠯᠡᠯ ᠲᠠᠢ ᠪᠤᠯᠵᠡᠢ ᠃ ᠬᠠᠮᠳᠣ ᠨᠢ ᠨᠠᠮ ‍ᠤᠨ ᠬᠡᠰᠢᠬᠦᠳ ‍ᠤᠨ ᠬᠣᠰᠢᠭᠣᠴᠢ ᠵᠢᠱᠢᠶᠡᠴᠢ ᠦᠢᠯᠡᠳᠣᠯ ‍ᠢ  ᠪᠠᠳᠠᠷᠠᠭᠣᠯᠬᠣ ᠶ᠋ᠢ ᠴᠢᠬᠣᠯᠠᠴᠢᠯᠠᠵᠣ ᠂ ᠲᠣᠰᠬᠣᠨ ‍ᠤ ᠲᠣᠳᠣᠷ᠎ᠠ ᠪᠠᠨ 《 ᠲᠠᠷᠢᠶᠠᠴᠢᠨ ᠡᠷᠣᠭᠡ ᠲᠠᠢ ᠬᠣᠯᠪᠣᠭᠠᠯᠠᠵᠣ ᠂  ᠵᠢᠷᠭᠣᠭᠠᠨ ᠬᠡᠰᠢᠬᠦᠨ ᠪᠣᠯᠬᠣ 》 ᠣᠯᠠᠨ ᠲᠦᠮᠡᠨ ᠲᠠᠢ ᠬᠣᠯᠪᠣᠭᠠᠯᠠᠬᠣ ᠠᠵᠢᠯ ‍ᠤᠨ ᠠᠷᠭ᠎ᠠ ᠶ᠋ᠢ ᠰᠦᠪᠡᠭᠴᠢᠯᠡᠨ ᠬᠡᠷᠡᠭᠵᠢᠬᠦᠯᠵᠣ ᠂ ᠪᠦᠬᠦ ᠲᠣᠰᠬᠣᠨ ‍ᠤ ᠪᠠᠨ ᠲᠠᠷᠢᠶᠠᠴᠢᠨ ᠡᠷᠣᠭᠡ ᠲᠠᠢ ᠬᠣᠯᠪᠣᠭᠠᠯᠠᠬᠣ ᠶ᠋ᠢ  ᠪᠡᠶᠡᠯᠡᠬᠦᠯᠵᠣ ᠂ ᠣᠯᠠᠨ ᠲᠦᠮᠡᠨ ᠳᠦ ᠪᠣᠳᠠᠳᠣ ᠶᠠᠪᠣᠳᠠᠯ ᠰᠠᠶᠢᠨ ᠶᠠᠪᠣᠳᠠᠯ ᠬᠢᠬᠦ ᠶ᠋ᠢ ᠬᠦᠢᠴᠡᠳᠭᠡᠵᠣ ᠂ ᠨᠠᠮ ‍ᠤᠨ ᠬᠡᠰᠢᠬᠦᠳ ‍ᠤᠨ  ᠨᠠᠮᠴᠢ ᠴᠢᠨᠠᠷ ‍ᠤᠨ ᠣᠬᠠᠮᠰᠠᠷ  ‍ᠢ ᠦᠷ᠎ᠡ ᠪᠦᠳᠣᠮᠵᠢᠲᠠᠢ ᠪᠡᠷ ᠲᠡᠭᠡᠭᠰᠢᠯᠡᠬᠦᠯᠵᠣ ᠂ ᠨᠠᠮ ‍ᠤᠨ ᠡᠬᠦᠷ ‍ᠤᠨ ᠨᠢᠭᠳᠠᠷᠠᠯ ‍ᠤᠨ ᠬᠦᠴᠣᠨ ᠪᠠ ᠲᠠᠶᠢᠴᠢᠨ ᠬᠦᠴᠣᠨ ‍ᠢ ᠴᠢᠡᠭᠭᠠᠳᠬᠠᠵᠡᠢ ᠃
   《  ᠲᠣᠰᠬᠣᠨ ‍ᠤ ᠺᠠᠳ᠋ᠷ ᠪᠣᠯᠪᠠᠰᠣ ᠠᠷᠠᠳ ᠢᠷᠭᠡᠳ ‍ᠢ ᠲᠠᠭᠠᠭᠣᠯᠣᠨ ᠪᠠᠶᠠᠵᠢᠭᠣᠯᠬᠣ ᠬᠡᠷᠡᠭᠲᠠᠢ 》 ᠬᠡᠵᠣ ᠵᠠᠡᠭ ᠴᠢᠶᠠᠡᠭ ᠬᠡᠯᠡᠳᠡᠭ ᠮᠦᠷᠳᠡᠭᠡᠨ ᠬᠢᠳᠡᠭ ᠶᠣᠮ ᠃ ᠲᠡᠷᠡ  ᠲᠣᠰᠬᠣᠨ ‍ᠤ ᠪᠠᠨ ᠪᠣᠳᠠᠳᠣ ᠪᠠᠶᠢᠳᠠᠯ ᠡᠴᠠ ᠪᠠᠨ  ᠣᠴᠢᠵᠤ ᠂ ᠣᠯᠠᠨ ᠲᠦᠮᠡᠨ ‍ᠢ ᠲᠠᠶᠢᠴᠢᠯᠠᠨ ᠠᠵᠣ ᠣᠶᠢᠯᠡᠰᠵᠢᠯᠳᠡ ᠶ᠋ᠢᠨ  ᠬᠥᠭᠵᠢᠯᠲᠡ ᠪᠡᠷ  ᠶᠠᠳᠠᠭᠣ ᠡᠴᠠ ᠪᠠᠨ ᠠᠡᠭᠬᠢᠵᠢᠷᠠᠵᠣ ᠣᠷᠣᠯᠭ᠎ᠠ ᠪᠠᠨ ᠨᠡᠮᠡᠭᠳᠡᠬᠦᠯᠬᠦ ᠵᠠᠮ ᠢᠶᠠᠷ ᠶᠠᠪᠣᠭᠣᠯᠵᠣ ᠂ ᠨᠡᠶᠢᠳᠡ ᠶ᠋ᠢᠨ ᠬᠡᠷᠡᠭᠯᠡᠭᠳᠡᠭᠡ ᠦᠬᠡᠢ ᠭᠠᠵᠠᠷ ‍ᠢ ᠡᠷᠬᠢᠯᠳᠡ  ᠳᠦ ᠣᠷᠣᠭᠣᠯᠬᠣ ᠂ ᠬᠦᠳᠡᠭᠡ ᠲᠣᠰᠬᠣᠨ ‍ᠤ ᠵᠣᠭᠠᠴᠠᠯ ‍ᠤᠨ ᠣᠶᠢᠯᠡᠰ ‍ᠢ ᠬᠦᠭᠵᠢᠬᠦᠯᠬᠦ ᠂ ᠠᠷᠠᠯᠵᠢᠶᠠᠴᠢᠨ ᠣᠷᠢᠵᠣ ᠪᠡᠯᠡ ᠣᠷᠣᠭᠣᠯᠬᠣ ᠵᠡᠷᠭᠡ ᠠᠷᠭ᠎ᠠ ᠬᠡᠯᠪᠡᠷᠢ ᠪᠡᠷ ᠲᠠᠮᠵᠢᠭᠣᠯᠵᠣ ᠵᠢᠯ ᠪᠦᠷᠢ ᠶ᠋ᠢᠨ ᠨᠡᠶᠢᠳᠡ ᠶ᠋ᠢᠨ ᠠᠵᠣ ᠠᠬᠣᠢ ᠶ᠋ᠢᠨ ᠣᠷᠣᠯᠭ᠎ᠠ ᠶ᠋ᠢ 80 ᠲᠦᠮᠡᠨ ᠲᠦᠬᠦᠷᠢᠭ ᠪᠣᠯᠵᠡᠢ ᠃ 2014  ᠣᠨ  ᠳᠤ ᠠᠷᠠᠯᠵᠢᠶᠠᠴᠢᠨ ᠣᠷᠢᠵᠣ ᠪᠡᠯᠡ ᠣᠷᠣᠭᠣᠯᠬᠣ ᠪᠡᠷ ᠲᠠᠮᠵᠢᠭᠣᠯᠣᠨ ᠂ ᠢ ᠯᠢ ᠰᠢᠨ ᠵᠦᠡᠭ ᠨᠣᠩ ᠱᠠ ᠺᠣᠮᠫᠠᠨᠢ ‍ᠢ ᠲᠠᠳᠠᠨ  ᠠᠪᠴᠢᠷᠠᠭᠠᠳ 5000 ᠲᠦᠮᠡᠨ ᠲᠦᠬᠦᠷᠢᠭ ‍ᠤᠨ ᠪᠡᠯᠡ ᠣᠷᠣᠭᠣᠯᠵᠣ ᠂ 《 ᠨᠠᠮ ‍ᠤᠨ ᠡᠬᠦᠷ + ᠬᠣᠷᠰᠢᠶᠠᠵᠢᠯ + ᠲᠠᠷᠢᠶᠠᠴᠢᠨ ᠡᠷᠣᠭᠡ 》 ᠬᠡᠬᠦ ᠬᠡᠪ ᠵᠠᠭᠪᠣᠷ ‍ᠢ ᠠᠪᠴᠣ ᠂ ᠬᠣᠷᠰᠢᠶᠠᠵᠢᠯ ‍ᠤᠨ ᠨᠡᠷ᠎ᠡ ᠪᠡᠷ 5000  ᠮᠦ  ᠠᠰᠢᠭᠯᠠᠭ᠎ᠠ ᠦᠬᠡᠢ ᠭᠠᠵᠠᠷ ‍ᠢ ᠲᠣᠰᠬᠣᠨ ‍ᠤ ᠬᠦᠮᠣᠰ ᠳ᠋ᠡᠭᠡᠨ ᠲᠠᠭᠠᠭᠠᠴᠢᠯᠠᠭᠣᠯᠣᠨ ᠦᠭᠴᠣ ᠂ ᠡᠯᠡᠰᠣᠨ ᠭᠠᠵᠠᠷ ‍ᠤᠨ ᠭᠠᠵᠠᠷ  ᠲᠣᠣᠷᠠᠬᠢ ᠣᠰᠣᠨ ‍ᠤ ᠡᠬᠢ ᠰᠣᠷᠪᠣᠯᠵᠢ ‍ᠢ ᠠᠰᠢᠭᠯᠠᠵᠣ ᠂ ᠪᠤᠬᠢᠷᠳᠣᠯ ᠦᠬᠡᠢ ᠣᠷᠭᠠᠨᠢᠭ ᠡᠯᠡᠰᠣᠨ ᠲᠣᠳᠣᠷᠭ᠎ᠠ ᠶ᠋ᠢᠨ ᠲᠠᠷᠢᠮᠠᠯ ᠪᠠ ᠣᠯᠠᠭᠠᠨᠬᠠᠳᠠ ᠶ᠋ᠢᠨ ᠡᠪᠡᠰᠣᠨ ᠲᠡᠵᠢᠬᠡᠯᠳᠣ ᠭᠠᠬᠠᠢ ᠶ᠋ᠢᠨ ᠲᠡᠵᠢᠬᠡᠪᠣᠷᠢ ᠶ᠋ᠢ ᠬᠦᠭᠵᠢᠬᠦᠯᠵᠣ ᠂ ᠪᠣᠬᠢᠷᠳᠣᠯ ᠦᠬᠡᠢ ᠣᠷᠭᠠᠨᠢᠭ ᠰᠣᠳᠣᠨ ᠪᠦᠳᠣᠭᠡᠭᠳᠡᠬᠦᠨ ‍ᠤ ᠵᠠᠮ ᠢᠶᠠᠷ ᠶᠠᠪᠣᠵᠣ ᠂ ᠪᠣᠬᠢᠷᠳᠣᠯ ᠦᠬᠡᠢ ᠲᠣᠭᠣᠷᠢᠨ ᠵᠣᠭᠠᠴᠠᠬᠣ ᠲᠠᠷᠢᠶᠠᠯᠠᠡᠭ ‍ᠢ ᠪᠣᠢ  ᠪᠤᠯᠭᠠᠪᠠ ᠃ ᠨᠢᠬᠡᠯᠡ ᠡᠨᠡᠬᠦ ᠲᠦᠷᠣᠯ ᠵᠣᠶᠢᠯ ᠨᠢ ᠪᠦᠬᠦ ᠲᠣᠰᠬᠣᠨ ‍ᠤ ᠵᠢᠯ ‍ᠤᠨ ᠣᠷᠣᠯᠭ᠎ᠠ ᠶ᠋ᠢ 300 ᠭᠠᠷᠣᠢ ᠲᠦᠮᠡᠨ ᠲᠦᠬᠦᠷᠢᠭ ‍ᠤᠨ ᠣᠷᠣᠯᠭ᠎ᠠ ᠲᠠᠢ  ᠪᠤᠯᠭᠠᠪᠠ ᠃ 《 ᠵᠠᠡᠭ ᠱᠦᠵᠢ ᠬᠣᠵᠢᠬᠡᠷ ᠮᠠᠡᠭᠬ᠎ᠠ ᠶ᠋ᠢ ᠬᠦᠬᠡᠷᠡᠨ ᠨᠣᠭᠣᠭᠠᠷᠠᠭᠰᠠᠨ ᠣᠰᠣᠨ ᠲᠣᠳᠣᠷᠭ᠎ᠠ ᠶ᠋ᠢᠨ ᠲᠠᠷᠢᠶ᠎ᠠ ᠪᠣᠯᠭᠠᠪᠠ ᠂ ᠲᠣᠷᠪᠢᠯᠢᠭ  ᠱᠦᠵᠢ  ᠦᠨᠡᠭᠡᠷ  ᠢᠳᠡ  ᠬᠦᠴᠣᠨ ᠲᠠᠢ 》 ᠬᠡᠵᠣ  ᠣᠯᠠᠨ ᠢᠶᠠᠷ ᠢᠶᠡᠨ ᠮᠠᠭᠳᠠᠵᠣ ᠪᠠᠶᠢᠯ᠎ᠠ ᠃ 2016 ᠤᠨ  ᠳᠦ ᠪᠦᠬᠦ ᠲᠣᠰᠬᠣᠨ ‍ᠤ ᠬᠦᠮᠣᠨ ᠪᠦᠷᠢ ᠶ᠋ᠢᠨ ᠲᠡᠭᠰᠢᠳᠭᠡᠭᠰᠡᠨ ᠣᠷᠣᠯᠭ᠎ᠠ ᠨᠢ 1.6 ᠲᠦᠮᠡᠨ ᠲᠦᠬᠦᠷᠢᠭ ᠪᠣᠯᠵᠣ ᠂ ᠣᠷᠣᠨ ᠰᠠᠭᠣᠴᠡ ᠶ᠋ᠢᠨ ᠲᠠᠯ᠎ᠠ  ᠳᠦ᠂ ᠲᠣᠭᠣᠰᠬᠠᠨ ᠬᠡᠷ ᠶ᠋ᠢᠨ ᠨᠣᠷᠮ᠎ᠠ ᠨᠢ100% ᠪᠤᠯᠵᠤ  ᠂ 80% ᠲᠠᠷᠢᠶᠠᠴᠢᠨ ᠡᠷᠣᠭᠡ ᠵᠢᠵᠢᠭ ᠮᠠᠰᠢᠨ ᠲᠡᠷᠭᠡ ᠲᠠᠢ ᠪᠤᠯᠪᠠ ᠃
   《 ᠨᠠᠮ ‍ᠤᠨ ᠡᠬᠦᠷ ‍ᠤᠨ ᠪᠠᠭ ᠬᠦᠴᠣᠷᠭᠡᠭ ᠪᠣᠯᠪᠠᠯ ᠨᠠᠮ ‍ᠤᠨ ᠬᠡᠰᠢᠬᠦᠨ ᠺᠠᠳ᠋ᠷ ‍ᠤᠨ ᠬᠡᠪ ᠴᠢᠨᠠᠷ ᠰᠠᠶᠢᠨ ᠂ ᠨᠠᠮ ᠨᠢᠭᠳᠠᠷᠠᠯ ‍ᠤᠨ ᠬᠦᠴᠣᠨ ᠲᠠᠢ ᠪᠣᠯᠪᠠᠯ ᠪᠠᠶᠢᠯᠳᠣᠭᠠᠨᠳᠣ ᠴᠢᠨᠠᠷ ᠨᠢ ᠬᠦᠴᠣᠨ ᠲᠠᠢ ᠂ ᠡᠶᠢᠮᠣ ᠪᠠᠶᠢᠪᠠᠯ ᠰᠠᠶᠢ ᠣᠯᠠᠨ ᠲᠦᠮᠡᠨ ‍ᠤ ᠢᠳᠡᠭᠡᠯ ᠬᠦᠨᠳᠣ ᠶ᠋ᠢ ᠣᠯᠵᠣ ᠴᠢᠳᠠᠨ᠎ᠠ 》 ᠂ ᠲᠣᠰᠬᠣᠨ ‍ᠤ ᠱᠦᠵᠢ ᠪᠣᠯᠣᠭᠰᠠᠨ ᠵᠠᠡᠭ ᠴᠢᠶᠠᠡᠭ ᠡᠨᠡᠬᠦ ᠦᠨᠡᠨ ᠶᠣᠰᠣ ᠶ᠋ᠢ ᠢᠳᠡᠭᠡᠨ᠎ᠡ ᠃ ᠵᠠᠡᠭ ᠴᠢᠶᠠᠡᠭ ᠵᠢᠯ ᠪᠦᠷᠢ ᠪᠠᠭ ‍ᠤᠨ ᠬᠡᠰᠢᠬᠦᠳ ᠪᠠ ᠵᠠᠯᠠᠭᠣ ᠨᠠᠮ ‍ᠤᠨ ᠬᠡᠰᠢᠬᠦᠳ ‍ᠢ ᠵᠣᠬᠢᠶᠠᠨ ᠪᠠᠶᠢᠭᠣᠯᠣᠨ ᠭᠠᠳᠠᠨ᠎ᠠ ᠭᠠᠵᠠᠷ ᠣᠴᠢᠵᠣ ᠂ ᠲᠣᠭᠣᠷᠢᠨ  ᠰᠣᠷᠣᠯᠴᠠᠭᠣᠯᠵᠣ ᠂ ᠲᠡᠳᠡᠨ ‍ᠤ ᠬᠠᠷᠠᠭ᠎ᠠ ᠶ᠋ᠢ ᠨᠢ  ᠨᠡᠬᠡᠬᠡᠵᠣ ᠂ ᠰᠡᠳᠬᠢᠬᠦᠢ ᠶ᠋ᠢ ᠨᠢ ᠦᠷᠭᠡᠳᠭᠡᠵᠣ ᠂ ᠠᠷᠠᠳ ᠢᠶᠡᠨ ᠪᠠᠶᠠᠵᠢᠭᠣᠯᠬᠣ ᠴᠢᠳᠠᠪᠣᠷᠢ ᠶ᠋ᠢ ᠨᠢ ᠲᠡᠭᠡᠭᠰᠢᠯᠡᠬᠦᠯᠳᠡᠭ ᠶᠣᠮ ᠃ ᠣᠳᠣᠬᠠᠨ  ᠳᠦ ᠪᠦᠬᠦ ᠲᠣᠰᠬᠣᠨ ‍ᠤ 70 ᠨᠡᠷᠡᠰ ᠨᠠᠮ ‍ᠤᠨ ᠬᠡᠰᠢᠬᠦᠳ ‍ᠤᠨ ᠲᠣᠮᠳᠠ ᠂ ᠪᠠᠶᠠᠵᠢᠯ ‍ᠤᠨ ᠴᠢᠳᠠᠪᠣᠷᠢᠳᠡᠨ51% ᠶ᠋ᠢ ᠡᠵᠡᠯᠡᠵᠣ ᠪᠠᠶᠢᠨ᠎ᠠ ᠃ ᠵᠠᠡᠭ ᠴᠢᠶᠠᠡᠭ ᠲᠣᠰᠬᠣᠨ ‍ᠤ ᠲᠣᠳᠣᠷ᠎ᠠ ᠪᠠᠨ ᠪᠦᠳᠣᠭᠡᠯᠴᠢ ᠪᠡᠷ 《 ᠨᠢᠬᠡ ᠶᠠᠷᠢᠯᠴᠠᠭ᠎ᠠ ᠭᠣᠷᠪᠠᠨ ᠠᠵᠢᠯᠯᠠᠭ᠎ᠠ 》 ᠦᠷᠨᠢᠬᠦᠯᠵᠣ ᠂ ᠦᠷᠬᠦᠯᠵᠢ ᠨᠠᠮ ‍ᠤᠨ ᠬᠡᠰᠢᠬᠦᠳ ᠣᠯᠠᠨ ᠲᠦᠮᠡᠨ ᠲᠠᠢ ᠰᠡᠳᠬᠢᠯ ᠢᠶᠡᠨ ᠶᠠᠷᠢᠯᠴᠠᠬᠣ ᠪᠠ ᠨᠠᠮ ‍ᠤᠨ ᠬᠡᠰᠢᠬᠦᠳ ‍ᠤᠨ ᠬᠦᠳᠡᠯᠬᠡᠬᠡᠨ ᠂ ᠵᠠᠯᠠᠭᠣᠴᠣᠳ ‍ᠤᠨ ᠬᠦᠳᠡᠯᠬᠡᠬᠡᠨ ᠂ ᠡᠮᠡᠭᠳᠠᠶᠢᠴᠣᠳ ‍ᠤᠨ ᠬᠦᠳᠡᠯᠬᠡᠬᠡᠨ ‍ᠤ ᠡᠳᠣᠷ ᠲᠣᠭᠳᠠᠭᠠᠵᠣ ᠦᠷᠬᠦᠯᠵᠢ ᠶᠠᠪᠣᠭᠣᠯᠳᠠᠭ ᠃ ᠣᠳᠠᠭ᠎ᠠ ᠪᠦᠷᠢ ᠶ᠋ᠢᠨ ᠬᠦᠳᠡᠯᠬᠡᠬᠡᠨ ᠳᠦ 130 ᠲᠡᠭᠡᠭᠰᠢ ᠬᠦᠮᠣᠰ ᠣᠷᠣᠯᠴᠠᠳᠠᠭ ᠃
  《 ᠴᠢᠨᠡᠭᠡᠯᠢᠭᠵᠢᠯ ‍ᠤᠨ ᠬᠠᠷᠭᠣᠢ ᠳᠦ ᠬᠡᠷᠡᠯᠳᠣ ᠴᠠᠮᠬᠠᠭ ᠪᠣᠯᠵᠣ ᠂ ᠪᠠᠶᠠᠵᠢᠯ ‍ᠤᠨ ᠣᠶᠢᠯᠡᠰ  ᠲᠤ ᠰᠠᠶᠢᠨ ᠲᠠᠭᠠᠭᠣᠯᠣᠭᠴᠢ ᠪᠣᠯᠬᠣ ᠨᠢ ᠮᠢᠨᠣ ᠬᠠᠷᠢᠭᠣᠴᠠᠯᠭ᠎ᠠ ᠪᠣᠯᠣᠨ᠎ᠠ 》 ᠃  ᠨᠠᠮ ‍ᠤᠨ ᠡᠬᠦᠷ ‍ᠤᠨ ᠱᠦᠵᠢ ᠪᠣᠯ ᠣᠯᠠᠨ ᠲᠦᠮᠡᠨ ‍ᠤ ᠵᠠᠮ ‍ᠢ ᠵᠢᠭᠠᠭᠴᠢ ᠬᠡᠷᠡᠯᠳᠣ ᠳ᠋ᠸᠡᠭ ᠪᠣᠯᠬᠣ ᠣᠴᠢᠷ ᠪᠦᠬᠦ ᠰᠡᠳᠬᠢᠯ ᠪᠦᠬᠦ ᠵᠣᠷᠢᠭ ᠢᠶᠠᠷ ᠢᠶᠡᠨ ᠠᠷᠠᠳ ᠲᠦᠮᠡᠨ  ᠳᠤ ᠦᠢᠯᠡᠴᠢᠯᠡᠬᠦ ᠬᠡᠷᠡᠭᠲᠠᠢ  ᠬᠡᠵᠣ ᠵᠠᠡᠭ ᠴᠢᠶᠠᠡᠭ  ᠦᠵᠡᠵᠣ ᠪᠠᠶᠢᠨ᠎ᠠ ᠃ ᠵᠠᠡᠭ ᠴᠢᠶᠠᠡᠭ ‍ᠤᠨ ᠲᠠᠭᠠᠭᠣᠯᠭ᠎ᠠ ᠲᠣᠣᠷ᠎ᠠ ᠂ ᠣᠳᠣᠬᠠᠨ ‍ᠤ ᠰᠢᠪᠡᠭᠡᠳᠣ ᠲᠣᠰᠬᠣᠨ  ᠤᠯᠤᠰ ᠤᠨ ᠣᠮᠠᠷᠠᠳᠣ ᠬᠢᠯᠢ ᠶ᠋ᠢᠨ ᠰᠢᠨ᠎ᠡ ᠬᠦᠳᠡᠭᠡ ᠲᠣᠰᠬᠣᠨ ‍ᠤ ᠪᠦᠳᠣᠭᠡᠨ ᠪᠠᠶᠢᠭᠣᠯᠣᠯᠳᠠ   ᠳᠤ ᠬᠣᠰᠢᠭᠣᠷᠠᠨ ᠣᠷᠣᠭᠰᠢᠯᠠᠵᠣ ᠪᠠᠶᠢᠨ᠎ᠠ ᠃ (  ᠮᠠᠡᠭᠭᠣᠳ ᠪᠦᠬᠡ   ᠮᠡᠳᠡᠭᠡᠯᠡᠪᠡ  )
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ