ᠡᠭᠦᠰᠭᠡᠯ ᠦᠨ ᠦᠨᠳᠦᠷ

ᠣᠩᠰᠢᠭᠰᠠᠨ ᠤᠳᠠᠭ᠎ᠠ ᠄ 6963     ᠨᠡᠶᠢᠳᠡᠯᠡᠭᠰᠡᠨ ᠴᠠᠭ ᠄ 2017/8/31 18:28:36

      ᠨᠠᠢᠮᠠᠨ ᠬᠤᠰᠢᠭᠣᠨ ᠤ ᠲᠠᠴᠢᠨᠲᠠᠯ᠎ᠠ ᠪᠠᠯᠭᠠᠰᠤᠨ ᠤ ᠪᠠᠭᠠᠪᠡᠷᠬᠡ ᠶ᠋ᠢᠨ ᠬᠠᠷᠢᠶᠠᠨ ᠳ᠋ᠠᠬᠢ ᠣᠪᠤᠭᠠᠲᠠᠢ ᠭᠠᠴᠠᠭᠠᠨ ᠤ ᠬᠠᠪᠢᠷᠭ᠎ᠠ ᠠᠶᠢᠯ ᠤᠨ ᠡᠮᠦᠨ᠎ᠡ ᠲᠠᠯ᠎ᠠ ᠳ᠋ᠥ ᠨᠢᠭᠡᠨ ᠪᠤᠷᠣ ᠦᠨᠳᠦᠷ ᠪᠠᠶᠢᠵᠤ ᠂ ᠡᠨᠳᠡᠬᠢ ᠬᠦᠮᠦᠰ 《 ᠡᠭᠦᠰᠭᠡᠯ ᠦᠨ ᠦᠨᠳᠦᠷ》 ᠭᠡᠳᠡᠭ ᠃ ᠶᠡᠬᠡ ᠯᠢᠶᠣᠤ ᠤᠯᠣᠰ ᠤᠨ ᠭᠢᠳᠠᠨ ᠤ ᠲᠠᠶᠢᠽᠦ ᠡᠵᠡᠨ ᠶᠧ ᠯᠢᠤᠢ ᠠᠪᠣᠤᠵᠢ ᠂ ᠰᠢᠯᠥ ᠶ᠋ᠢᠨ ᠣᠷᠤᠨ ᠬᠠᠪᠢᠷᠭ᠎ᠠ ᠨᠡᠷᠡᠳᠥ ᠭᠠᠵᠠᠷ ᠳᠠᠪᠤᠰᠤᠲᠡᠮᠦᠷ ᠦᠨ ᠤᠶᠢᠯᠡ ᠶ᠋ᠢ ᠬᠢᠴᠢᠶᠡᠵᠦ ᠂ ᠬᠦᠴᠦᠨ ᠢᠶ᠋ᠡᠨ ᠲᠡᠵᠢᠭᠡᠵᠦ ᠂ ᠡᠨᠡ ᠭᠠᠵᠠᠷ ᠪᠠᠷᠤᠭ ᠠᠷᠪᠠᠭᠠᠤᠨ ᠵᠢᠯ ᠢᠰᠡᠭᠡᠢ ᠦᠷᠭᠦᠭᠡ ᠳ᠋ᠥ ᠰᠠᠭᠤᠵᠤ ᠠᠭᠰᠠᠨ ᠪᠦᠯᠦᠭᠡ ᠃ ᠲᠡᠭᠦᠨ ᠦ ᠶᠧ ᠯᠢᠤᠢ ᠯᠠᠭᠧ ᠂ ᠶᠧ ᠯᠢᠤᠢ ᠠᠨᠳᠦᠢᠨ ᠵᠡᠷᠭᠡ ᠳᠦᠷᠪᠡᠨ ᠲᠡᠭᠦᠥ ᠨᠢ ᠠᠬ᠎ᠠ ᠶᠧ ᠯᠢᠤᠢ ᠠᠪᠣᠤᠵᠢ ᠲᠠᠢ ᠬᠠᠭᠠᠨ ᠰᠠᠭᠤᠷᠢᠨ ᠢ ᠪᠤᠯᠢᠶᠠᠯᠳᠤᠵᠤ ᠣᠷᠪᠠᠯᠭ᠎ᠠ ᠭᠠᠷᠭᠠᠭᠠᠤᠨ ᠪᠠᠷᠢᠬᠳᠠᠪᠠᠢ ᠃ ᠶᠧ ᠯᠢᠤᠢ ᠠᠪᠣᠤᠵᠢ ᠲᠡᠭᠦᠥ ᠨᠠᠷ ᠢᠶᠡᠨ ᠠᠯᠠᠵᠤ ᠳᠦᠪᠳᠡᠬᠦ ᠦᠭᠡᠢ ᠃ ᠠᠰᠢᠭ ᠬᠣᠤᠷ ᠢ ᠭᠦᠨᠵᠡᠭᠡᠢ ᠲᠠᠶᠢᠯᠪᠦᠷᠢᠯᠠᠨ ᠪᠤᠷᠤᠭᠤᠰᠢᠶᠠᠭᠠᠤᠨ ᠮᠠᠯ ᠠᠯᠠᠵᠤ ᠂ ᠮᠠᠨᠳᠠᠯ ᠪᠤᠰᠬᠠᠨ ᠡᠨᠡ ᠬᠦ 《 ᠡᠭᠦᠰᠭᠡᠯ ᠦᠨᠳᠦᠷ  》 ᠲᠡᠭᠡᠷ᠎ᠡ ᠲᠡᠭᠷᠢ ᠳ᠋ᠤᠷ ᠮᠦᠷᠭᠦᠭᠦᠯᠦᠨ ᠠᠮᠠ ᠠᠯᠳᠠᠭᠤᠯᠵᠤ ᠶᠠᠯ᠎ᠠ ᠶ᠋ᠢ ᠨᠢ ᠤᠭᠤᠷᠤᠬᠰᠠᠨ ᠪᠠᠶᠢᠳᠠᠭ ᠃
     ᠠᠯᠲᠠᠨ ᠤᠯᠤᠰ ᠲᠠᠶᠢᠯᠢᠶᠣᠤ ᠤᠯᠤᠰ ᠢ ᠮᠦᠭᠦᠭᠡᠭᠰᠡᠨ ᠦ ᠰᠡᠭᠦᠯᠡᠷ ᠂ ᠡᠨᠡ ᠬᠦ 《 ᠡᠭᠦᠰᠭᠡᠯ ᠦᠨ ᠦᠨᠳᠦᠷ》 ᠢ ᠠᠩ ᠠᠩᠨᠠᠬᠤ ᠴᠤᠬᠯᠠᠭᠠᠨ ᠤ ᠭᠠᠵᠠᠷ ᠪᠤᠯᠭᠠᠨ ᠬᠡᠷᠡᠭᠯᠡᠵᠦ ᠪᠠᠶᠢᠬᠰᠠᠨ ᠪᠦᠭᠡᠤᠨ ᠠᠯᠳᠠᠨ ᠤᠯᠤᠰ ᠤᠨ ᠡᠮᠦᠨᠡᠰᠢ ᠤᠷᠤᠬᠤ ᠵᠠᠮ ᠲᠡᠭᠡᠷᠡᠬᠢ ᠬᠠᠷᠠᠭᠤᠯ ᠤᠨ ᠴᠠᠮᠬᠠᠭ ᠤᠨ ᠨᠢᠭᠡ ᠪᠤᠯᠭᠠᠵᠠᠢ ᠃

      ᠴᠢᠩ ᠤᠯᠤᠰ ᠳᠤᠬᠳᠠᠨᠢᠵᠤ᠂ ᠨᠠᠢᠮᠠᠨ ᠬᠤᠰᠢᠭᠤᠨ ᠤ ᠠᠩᠬᠠᠨ ᠤ ᠵᠠᠰᠠᠭ ᠸᠠᠩ ᠭᠤᠨᠴᠤᠬᠪᠠᠭᠠᠳᠤᠷ  ᠡᠴᠠ ᠡᠬᠢᠯᠡᠨ ᠲᠡᠭᠡᠳᠦᠰ ᠦᠨ ᠮᠦᠷᠢ ᠵᠠᠯᠭᠠᠮᠵᠢᠯᠠᠵᠤ ᠂ ᠨᠠᠢᠮᠠᠨ ᠤ ᠸᠠᠩ ᠨᠠᠷ ᠴᠦᠮ ᠡᠨᠡ ᠬᠦ 《 ᠡᠬᠦᠰᠭᠡᠯ ᠦᠨ ᠦᠨᠳᠦᠷ 》 ᠢ ᠨᠠᠶᠢᠷ ᠨᠠᠭᠠᠳᠤᠮ ᠡᠭᠦᠰᠭᠡᠬᠦ ᠬᠤᠰᠢᠭᠤᠨ ᠸᠠᠩ   ᠤᠨ  ᠠᠪᠠ ᠬᠢᠬᠦ ᠴᠢᠭᠤᠯᠭᠠᠨ ᠤ ᠭᠠᠵᠠᠷ ᠪᠤᠯᠭᠠᠨ ᠬᠡᠷᠡᠭᠯᠡᠭᠰᠡᠨ ᠪᠠᠶᠢᠵᠤ ᠂ ᠠᠷᠪᠠᠳᠤᠭᠠᠷ ᠵᠠᠰᠠᠭ ᠸᠠᠩ ᠠᠬᠸᠠᠩᠳᠤᠸᠠᠳᠢᠵᠠᠪ 《 ᠭᠤᠷᠪᠠᠨ ᠬᠠᠷᠠᠩᠭᠤᠢ ᠶ᠋ᠢᠨ ᠣᠷᠤᠨ》 ᠢ《 ᠭᠤᠷᠪᠠᠨ ᠰᠠᠶᠢᠬᠠᠨ ᠤ ᠣᠷᠤᠨ 》 ᠪᠤᠯᠭᠠᠨ ᠲᠠᠷᠬᠠᠯᠠᠬᠰᠠᠨ ᠶᠤᠰᠤᠯᠠᠯ ᠢ ᠡᠨᠡ ᠬᠦ 《 ᠡᠬᠦᠰᠭᠡᠯ ᠦᠨᠳᠦᠷ  》 ᠲᠡᠭᠡᠷ᠎ᠡ ᠬᠦᠢᠴᠡᠤᠨᠬᠡᠭᠰᠡᠨ ᠪᠠᠶᠢᠨ᠎ᠠ ᠃

                                         (ᠸᠠᠩᠨᠣᠤᠨ ᠪᠤᠯᠤᠴᠢᠯᠠᠭᠤ ᠂ ᠯᠢ ᠪᠤᠶᠠᠨᠴᠤᠬᠯᠠ ᠮᠡᠳᠡᠭᠡᠯᠡᠪᠡ )


ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ