ᠬᠣᠰᠢᠭᠣᠨ ‍ᠤ ᠦᠷ᠎ᠡ ᠦᠬᠡᠢ ᠲᠠᠷᠪᠣᠰ ᠭᠣᠸᠠᠡᠭᠵᠸᠣ ᠱᠸᠨᠵᠸᠨ ᠵᠡᠷᠭᠡ ᠠᠷᠪᠠᠭᠠᠳ ᠮᠣᠵᠢ ᠬᠣᠳᠠ ᠪᠡᠷ ᠪᠣᠷᠣᠯᠠᠭᠣᠯᠣᠭᠳᠠᠵᠣ ᠪᠠᠶᠢᠨ᠎ᠠ

ᠣᠩᠰᠢᠭᠰᠠᠨ ᠤᠳᠠᠭ᠎ᠠ ᠄ 36280     ᠨᠡᠶᠢᠳᠡᠯᠡᠭᠰᠡᠨ ᠴᠠᠭ ᠄ 2017/8/24 9:08:28

                     
     ᠨᠠᠮᠣᠷ ‍ᠤᠨ ᠡᠬᠢᠨ ᠪᠣᠯ ᠶᠠᠭ ᠦᠷ᠎ᠡ ᠦᠬᠡᠢ  ᠲᠠᠷᠪᠣᠰ  ᠵᠠᠬ᠎ᠠ ᠲᠡᠯᠬᠡᠬᠦᠷ ᠲᠤ ᠭᠠᠷᠬᠣ ᠣᠯᠠᠷᠢᠯ ᠪᠣᠯᠣᠨ᠎ᠠ  ᠃  ᠬᠣᠰᠢᠭᠣᠨ ‍ᠤ ᠳ᠋ᠦᠡᠭ ᠮᠢᠡᠭ ᠪᠠᠯᠭᠠᠰᠣ ᠶ᠋ᠢᠨ ᠱᠣᠸᠠᠡᠭ ᠾᠸ ᠰᠢᠩ ᠲᠣᠰᠬᠣᠨ ‍ᠤ ᠦᠷ᠎ᠡ ᠦᠬᠡᠢ ᠲᠠᠷᠪᠣᠰ ᠨᠢ ᠡᠯᠪᠡᠭ ᠬᠣᠷᠢᠶᠠᠯᠳᠠ ᠣᠯᠣᠭᠰᠠᠨ ᠪᠠᠶᠢᠨ᠎ᠠ᠃ ᠲᠠᠷᠢᠶᠠᠴᠢᠨ ᠵᠠᠡᠭ ᠸᠸᠢ ᠰᠢᠨ ᠪᠣᠯ ᠦᠷ᠎ᠡ ᠦᠬᠡᠢ ᠲᠠᠷᠪᠣᠰ ‍ᠤᠨ ᠶᠡᠭᠡ ᠡᠷᠣᠭᠡ ᠶᠣᠮ ᠃ ᠲᠡᠷᠡ ᠵᠠᠭᠣᠭᠠᠳ ᠲᠣᠨ ᠦᠷ᠎ᠡ ᠦᠬᠡᠢ ᠲᠠᠷᠪᠣᠰ ᠢᠶᠡᠨ ᠬᠣᠶᠠᠷ ᠲᠡᠷᠭᠡᠨ  ᠳᠤ  ᠲᠡᠭᠡᠭᠡᠪᠣᠷᠢᠯᠡᠵᠣ ᠂ ᠦᠨ᠎ᠡ ᠶ᠋ᠢ ᠨᠢ ᠨᠢᠬᠡ ᠵᠢᠡᠭ ᠳ᠋ᠡᠭᠡᠨ 0.47  ᠮᠦᠡᠭᠬᠦ ᠪᠡᠷ ᠬᠣᠳᠠᠯᠳᠣᠬᠣ ᠪᠡᠷ ᠨᠢᠬᠡ ᠲᠡᠷᠭᠡ ᠪᠠᠨ ᠹᠦᠵᠸᠣ  ᠳᠤ ᠂ ᠨᠦᠬᠦᠬᠡ ᠲᠡᠷᠭᠡ ᠶ᠋ᠢ ᠨᠢ ᠦᠬᠠᠨ ᠳᠤ ᠶᠠᠪᠣᠭᠣᠯᠬᠣ ᠪᠡᠷ ᠪᠠᠶᠢᠨ᠎ᠠ ᠃ ᠵᠠᠡᠭ ᠸᠸᠢ ᠰᠢᠨ 《 ᠣᠳᠣᠬᠠᠨ ‍ᠤ ᠦᠨ᠎ᠡ  ᠶ᠋ᠢᠨ ᠪᠠᠶᠢᠳᠠᠯ ᠡᠴᠠ ᠦᠵᠡᠪᠡᠯ ᠂ ᠦᠨ᠎ᠡ ᠨᠢ ᠦᠰᠬᠦ ᠪᠣᠯᠣᠯᠴᠠᠭ᠎ᠠ ᠲᠠᠢ ᠪᠠᠶᠢᠨ᠎ᠠ ᠂ ᠬᠠᠮᠣᠭ ᠣᠷᠣᠢ ᠳ᠋ᠠᠭᠠᠨ ᠨᠢᠬᠡ ᠵᠡᠯ᠎ᠡ ᠡᠴᠠ ᠠᠷᠪᠠᠨ ᠨᠢᠬᠡᠨ ᠲᠦᠬᠦᠷᠢᠭ ᠣᠯᠣᠨ᠎ᠠ 》 ᠬᠡᠵᠣ ᠪᠠᠶᠢᠨ᠎ᠠ ᠃  ᠲᠠᠷᠢᠶᠠᠴᠢᠨ ᠵᠠᠡᠭ ᠸᠸᠢ ᠰᠢᠨ 13 ᠵᠢᠯ ᠲᠠᠷᠪᠣᠰ ᠲᠠᠷᠢᠵᠣ  ᠂ ᠨᠢᠬᠡᠯᠬᠡᠨ ᠵᠢᠯ  ᠳᠤ ᠶᠡᠬᠡᠪᠡᠷ  ᠪᠡᠯᠡ  ᠠᠯᠳᠠᠭᠰᠠᠨ ᠪᠠᠶᠢᠨ᠎ᠠ ᠂  ᠲᠡᠷᠡ ᠪᠣᠯ ᠲᠣᠬᠠᠢ ᠶ᠋ᠢᠨ ᠭᠠᠵᠠᠷ ᠲᠠᠭᠠᠨ ᠨᠡᠷ᠎ᠡ ᠲᠠᠢ ᠲᠠᠷᠪᠣᠰ ‍ᠤᠨ ᠬᠠᠰᠢᠷ ᠭᠠᠷ ᠶᠣᠮ ᠃ ᠲᠠᠷᠪᠣᠰ ‍ᠤᠨ ᠲᠠᠷᠢᠮᠠᠯ ‍ᠤᠨ ᠬᠠᠯᠠᠭᠠᠨ ᠲᠣᠯᠠᠭᠠᠨ ‍ᠤ ᠬᠡᠮᠵᠢᠶ᠎ᠡ ᠂ ᠣᠰᠣ ᠂ ᠨᠠᠷᠠᠨ ᠬᠡᠷᠡᠯ ᠂ ᠬᠦᠷᠣᠰᠣ ᠰᠢᠷᠣᠢ ᠶ᠋ᠢᠨ ᠱᠠᠭᠠᠷᠳᠠᠯᠭ᠎ᠠ ᠨᠢ ᠶᠡᠬᠡ ᠂ ᠬᠢᠯᠪᠠᠷᠬᠠᠨ ᠡᠪᠡᠳᠴᠢᠨ ᠣᠷᠣᠨ᠎ᠠ ᠂ ᠬᠠᠮᠢᠶᠠᠷᠣᠯᠳᠠ ᠶ᠋ᠢᠨ ᠬᠦᠴᠢᠷᠳᠡᠯ ᠨᠢ ᠪᠠᠰᠠ ᠶᠡᠬᠡ ᠂ ᠲᠡᠭᠡᠷ᠎ᠡ ᠨᠢ ᠵᠠᠬ᠎ᠠ ᠲᠡᠯᠬᠡᠬᠦᠷ ‍ᠤᠨ ᠦᠨ᠎ᠡ ᠬᠠᠡᠭᠰᠢ ᠨᠢ ᠲᠣᠭᠳᠠᠪᠣᠷᠢ ᠦᠬᠡᠢ  ᠲᠤᠯᠠ ᠡᠳᠡᠭᠡᠷ ᠨᠢ ᠲᠠᠷᠪᠣᠰ ᠡᠵᠡᠡᠭᠨᠡᠵᠣ ᠪᠠᠶᠢᠭ᠎ᠠ ᠵᠠᠡᠭ ᠸᠸᠢ ᠰᠢᠨ  ᠳᠤ ᠠᠪᠴᠣ ᠬᠡᠯᠡᠪᠡᠯ ᠠᠶᠣᠯ ᠬᠢᠮᠣᠷᠠᠯ ᠨᠢ ᠶᠡᠬᠡ ᠪᠠᠶᠢᠳᠠᠭ ᠶᠣᠮ ᠃ 《  ᠲᠠᠷᠪᠣᠰ ‍ᠤᠨ ᠲᠠᠷᠢᠮᠠᠯ ‍ᠤᠨ ᠬᠣᠷᠰᠢᠶ᠎ᠠ  ᠳᠤ ᠣᠷᠣᠭᠰᠠᠨ ‍ᠤ ᠲᠠᠷᠠᠭ᠎ᠠ ᠂ ᠵᠣᠭᠣᠰ ᠬᠣᠷᠢᠶᠠᠵᠣ ᠠᠪᠬᠣ ᠂ ᠪᠣᠷᠣᠯᠠᠭᠣᠯᠬᠣ ᠂ ᠮᠡᠷᠭᠡᠵᠢᠯ ᠂ ᠦᠷ᠎ᠡ ᠂ ᠬᠢᠮᠢ ᠵᠡᠷᠭᠡ ᠶ᠋ᠢ ᠦᠪᠡᠷᠳᠡᠭᠡᠨ ᠰᠠᠨᠠᠭ᠎ᠠ ᠵᠣᠪᠠᠬᠣ ᠭᠡᠷᠡᠭ ᠦᠬᠡᠢ ᠂ ᠨᠢᠬᠡ ᠰᠡᠳᠬᠢᠯ ᠢᠶᠠᠷ ᠰᠠᠶᠢᠨ ᠲᠠᠷᠢᠪᠠᠯ ᠪᠤᠯᠴᠢᠬᠠᠨ᠎ᠠ ᠂ ᠡᠮᠣᠨᠡᠬᠢ ᠶ᠋ᠢ ᠪᠣᠳᠣᠪᠠᠯ ᠠᠶᠣᠯ ᠨᠢ ᠪᠠᠭ᠎ᠠ ᠪᠠᠶᠢᠨ᠎ᠠ ᠂ ᠵᠣᠭᠣᠰ ᠬᠦᠷᠣᠯᠴᠡᠬᠦ  ᠳᠤ ᠬᠦᠷᠪᠡᠯ ᠢᠷᠡᠬᠦ ᠵᠢᠯ ᠪᠠᠰᠠ ᠬᠡᠳᠣᠨ ᠠᠷᠪᠠᠨ  ᠮᠦ ᠲᠠᠷᠢᠨ᠎ᠠ  ᠂ ᠣᠳᠣᠬᠢ ᠦᠨ᠎ᠡ ᠪᠡᠷ ᠦᠵᠡᠪᠡᠯ ᠂ ᠦᠨᠣ ᠵᠢᠯ ‍ᠤᠨ ᠲᠠᠷᠢᠭᠰᠠᠨ110  ᠮᠦ ᠲᠠᠷᠪᠣᠰ ᠂ ᠮᠦ ᠪᠦᠷᠢ ᠨᠢ ᠲᠦᠮᠡᠨ ᠵᠢᠡᠭ ᠣᠷᠴᠢᠮ ᠂ 20 ᠲᠦᠮᠡᠨ ᠲᠦᠬᠦᠷᠢᠭ ‍ᠤᠨ ᠣᠷᠣᠯᠭ᠎ᠠ ᠣᠯᠬᠣ  ᠳᠦ ᠠᠰᠠᠭᠣᠳᠠᠯ ᠦᠬᠡᠢ 》 ᠬᠡᠵᠡᠢ ᠃
     ᠣᠶᠢᠯᠠᠭᠠᠭᠰᠠᠨ ᠢᠶᠠᠷ ᠂ ᠨᠠᠢᠮᠠᠨ ᠬᠣᠰᠢᠭᠣᠨ ‍ᠤ ᠦᠷ᠎ᠡ ᠦᠬᠡᠢ ᠲᠠᠷᠪᠣᠰ ᠲᠣᠮᠣ ᠂ ᠶᠡᠬᠡ ᠪᠠᠭ᠎ᠠ ᠨᠢ  ᠲᠡᠡᠭᠴᠡᠬᠦᠣ ᠂ ᠭᠠᠳᠠᠷ ᠬᠡᠯᠪᠡᠷᠢ ᠨᠢ ᠭᠣᠶᠣ ᠂ ᠢᠳᠡᠬᠦ ᠳᠦ ᠠᠮᠳᠠᠳᠠᠢ ᠂ ᠴᠢᠨᠠᠷ ᠨᠢ ᠰᠠᠶᠢᠨ ᠂ ᠣᠨᠠᠯᠳᠠ ᠨᠢ ᠦᠨᠳᠣᠷ ᠂ ᠬᠠᠳᠠᠭᠠᠯᠠᠬᠣ  ᠳᠦ ᠰᠠᠶᠢᠨ ᠵᠡᠷᠭᠡ ᠣᠨᠴᠠᠯᠢᠭ ᠲᠠᠢ ᠪᠠᠶᠢᠳᠠᠭ ᠃ ᠳ᠋ᠦᠡᠭ ᠮᠢᠡᠭ ᠪᠠᠯᠭᠠᠰᠣ ᠪᠣᠯ ᠡᠯᠡᠰᠣᠨ ᠭᠠᠵᠠᠷ ‍ᠤᠨ ᠦᠷ᠎ᠡ ᠦᠬᠡᠢ ᠲᠠᠷᠪᠣᠰ ‍ᠤᠨ ᠭᠣᠣᠯ ᠲᠠᠷᠢᠮᠠᠯ ‍ᠤᠨ ᠭᠠᠵᠠᠷ ᠶᠣᠮ ᠃ ᠨᠠᠢᠮᠠᠨ ᠰᠠᠷ᠎ᠠ ᠣᠷᠣᠭᠰᠠᠨ ᠡᠴᠠ ᠨᠠᠰᠢ ᠂ ᠡᠳᠣᠷ ᠪᠦᠷᠢ ᠲᠡᠭᠡᠭᠡᠪᠣᠷᠢ ᠶ᠋ᠢᠨ ᠮᠠᠰᠢᠨ ᠴᠣᠪᠣᠷᠠᠯᠳᠣᠵᠣ ᠂ ᠲᠠᠷᠪᠣᠰ ᠢᠶᠡᠨ ᠰᠠᠶᠢᠳᠣᠷ ᠰᠣᠡᠭᠭᠣᠭᠰᠠᠨ ‍ᠤ ᠲᠠᠷᠠᠭ᠎ᠠ ᠪᠡᠭᠡᠵᠢᠡᠭ ᠱᠠᠡᠭᠬᠠᠢ ᠱᠸᠨᠵᠸᠨ ᠂ ᠭᠣᠸᠠᠡᠭᠵᠸᠣ ᠂ ᠵᠸᠵᠢᠶᠠᠡᠭ ᠂ ᠬᠣᠨᠠᠨ ᠂ ᠬᠣᠪᠸᠢ ᠵᠡᠷᠭᠡ ᠮᠣᠵᠢ  ᠳᠦ ᠬᠦᠷᠭᠡᠵᠣ ᠪᠠᠶᠢᠨ᠎ᠠ ᠃ ᠵᠠᠷᠢᠮ ᠨᠢ ᠪᠠᠰᠠ ᠰᠢᠶᠠᠡᠭᠭᠠᠡᠭ ᠂ ᠣᠣᠮᠸᠨ  ᠳᠦ ᠬᠦᠷᠭᠡᠵᠣ   ᠪᠠᠶᠢᠨ᠎ᠠ ᠃ ( ᠮᠠ ᠪᠦᠬᠡ   ᠮᠡᠳᠡᠭᠡᠯᠡᠪᠡ )
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ

ᠬᠠᠮᠢᠶ᠎ᠡ ᠪᠦᠬᠦᠢ ᠰᠣᠨᠢᠨ