ᠠᠷᠠᠳ ᠤᠨ ᠭᠡᠷ ᠢᠶ᠋ᠡᠷ ᠲᠤᠭᠤᠷᠢᠨ ᠪᠠᠶᠢᠴᠠᠭᠠᠵᠣ ᠠᠶᠣᠯ  ᠭᠠᠮᠰᠢᠭ ᠡᠴᠠ ᠠᠪᠣᠷᠠᠭᠰᠠᠨ ᠪᠦᠷᠭᠦᠳ ᠎᠎᠎᠎—— ᠲᠠᠰ ᠱᠦᠵᠢ

ᠣᠩᠰᠢᠭᠰᠠᠨ ᠤᠳᠠᠭ᠎ᠠ ᠄ 3115     ᠨᠡᠶᠢᠳᠡᠯᠡᠭᠰᠡᠨ ᠴᠠᠭ ᠄ 2017/8/18 15:58:13

               

   

      ᠭᠣᠷᠪᠠᠨᠬᠣᠸᠠ ᠰᠣᠮᠣ ᠬᠡᠭᠴᠢ ᠨᠠᠢᠮᠠᠨ ᠬᠣᠰᠢᠭᠣᠨ ᠤ ᠬᠣᠰᠢᠭᠣᠨ ᠲᠦᠪ ᠲᠠᠴᠢᠨᠳᠠᠯ᠎ᠠ ᠪᠠᠯᠭᠠᠰᠣ ᠡᠴᠠ ᠵᠡᠬᠦᠨ40 ᠺᠢᠯᠣᠮᠸᠲ᠋ᠷ ᠬᠣᠯᠠ ᠪᠠᠶᠢᠭ᠎ᠠ ᠮᠣᠡᠭᠭᠣᠯ ᠨᠣᠳᠣᠭ ᠪᠢᠯᠡ ᠃ ᠪᠠᠶᠠᠨᠳᠠᠯ᠎ᠠ ᠭᠡᠭᠴᠢ ᠭᠠᠴᠠᠭ᠎ᠠ ᠪᠣᠯ ᠭᠣᠷᠪᠠᠨᠬᠣᠸᠠ ᠰᠣᠮᠣ ᠶ᠋ᠢᠨ ᠵᠠᠰᠠᠭ ᠤᠨ ᠣᠷᠳᠣᠨ ᠤ ᠰᠠᠭᠣᠭ᠎ᠠ ᠲᠣᠰᠬᠣᠨ ᠶᠣᠮ ᠃ ᠡᠨᠡ ᠲᠣᠰᠬᠣᠨ ᠤ ᠲᠠᠭᠠᠭᠣᠯᠣᠭᠴᠢ ᠨᠢ ᠲᠠᠰ ᠬᠡᠭᠴᠢ ᠢᠳᠡᠷ ᠨᠠᠰᠣᠨ ᠤ ᠪᠢᠯᠢᠭ ᠪᠠᠭᠠᠳᠣᠷ ᠲᠠᠢ ᠮᠣᠡᠭᠭᠣᠯ ᠬᠦᠮᠣᠨ ᠶᠣᠮ ᠃

      ᠲᠠᠰ ᠭᠡᠭᠴᠢ 44 ᠨᠠᠰᠣᠳᠠᠢ  ᠂ ᠰᠠᠶᠢᠨ ᠬᠦᠮᠣᠨ ᠪᠦᠬᠡᠳ ᠮᠣᠡᠭᠭᠣᠯ ᠰᠠᠶᠢᠨ ᠡᠷ᠎ᠡ  ᠬᠡᠵᠣ ᠬᠢᠳᠡᠳ ᠮᠣᠡᠭᠭᠣᠯ ᠤᠨ ᠲᠣᠮᠳᠠ ᠶᠠᠷᠢᠭᠳᠠᠵᠣ ᠪᠠᠶᠢᠨ᠎ᠠ ᠃  ᠣᠷᠵᠢᠨᠣᠨ ᠶᠠᠪᠣᠬᠣ ᠵᠠᠮ ᠳ᠋ᠠᠭᠠᠨ ᠨᠢᠬᠡ ᠬᠢᠳᠡᠳ ᠨᠠᠰᠣᠳᠠᠨ ᠪᠠ ᠣᠮᠪᠣᠯ ᠨᠢᠯᠬ᠎ᠠ ᠶ᠋ᠢ ᠨᠢ ᠠᠪᠣᠷᠠᠭᠰᠠᠨ ᠦᠨᠡᠨ ᠦᠯᠢᠬᠡᠷ ᠰᠣᠨᠢᠨ ᠲᠡᠭᠡᠷ᠎ᠡ ᠨᠡᠶᠢᠳᠡᠯᠡᠭᠳᠡᠵᠣ  ᠣᠷᠣᠨ ᠲᠠᠶᠠᠭᠠᠷ  ᠲᠠᠷᠬᠠᠭᠳᠠᠵᠣ ᠂ ᠰᠠᠶᠢᠨ ᠬᠦᠮᠣᠨ ᠬᠡᠵᠣ ᠠᠯᠳᠠᠷᠰᠢᠵᠣ  ᠪᠠᠶᠢᠭᠰᠠᠨ ᠶᠣᠮ ᠃  ᠭᠠᠴᠠᠭ᠎ᠠ ᠲᠣᠰᠬᠣᠨ ‍ᠤ ᠮᠣᠡᠭᠭᠣᠯ ᠰᠣᠶᠣᠯ ᠤᠨ ᠠᠵᠢᠯᠯᠠᠭᠠᠨ ᠦᠷᠨᠢᠬᠦᠯᠵᠣ ᠂  ᠶᠠᠳᠠᠭᠣ ᠬᠦᠴᠢᠷᠳᠡᠯᠳᠣ ᠠᠷᠠᠳ ᠢᠶᠡᠨ ᠲᠣᠰᠠᠯᠠᠵᠣ ᠪᠠᠶᠢᠭᠰᠠᠨ ᠶᠣᠮ ᠃ ᠡᠨᠡ ᠪᠣᠯ ᠪᠠᠶᠠᠨᠳᠠᠯ᠎ᠠ ᠭᠠᠴᠠᠭ᠎ᠠ ᠶ᠋ᠢᠨ ᠨᠠᠮ ᠤᠨ ᠡᠬᠦᠷ ᠦᠨ ᠱᠦᠵᠢ ᠪᠦᠬᠡᠳ ᠲᠣᠰᠬᠣᠨ ᠤ ᠡᠷᠬᠢᠯᠡᠭᠴᠢ ᠲᠠᠰ  ᠪᠢᠯᠡ ᠃
      2017 ᠤᠨ ‍ᠤ 8 ᠰᠠᠷ᠎ᠠ ᠶ᠋ᠢᠨ 2 ‍ᠤ ᠣᠷᠣᠢ ᠶ᠋ᠢᠨ ᠦᠳᠡᠰᠢ ᠶ᠋ᠢᠨ 11 ᠴᠠᠭ ᠲᠤ ᠂ ᠠᠶᠣᠡᠭᠭ᠎ᠠ ᠭᠢᠯᠪᠠᠭᠠᠨ ᠴᠣᠬᠢᠯᠠᠵᠣ ᠂ ᠣᠳᠠᠭᠠᠨ ᠡᠳᠣᠷ ᠭᠠᠡᠭᠳᠠᠭᠰᠠᠨ ᠮᠣᠡᠭᠭᠣᠯ ᠨᠣᠳᠣᠭ ᠲᠤ ᠠᠭᠠᠳᠠᠷ ᠰᠢᠷᠣᠬᠦᠨ ᠪᠣᠷᠣᠭᠠᠨ ᠰᠠᠭᠣᠯᠭ᠎ᠠ ᠰᠠᠪᠠ ᠪᠡᠷ  ᠴᠢᠳᠬᠣᠯ᠎ᠠ ᠃   ᠪᠠᠴᠢᠮ ᠰᠢᠷᠣᠬᠦᠨ ᠪᠠᠶᠢᠳᠠᠯ ᠢ ᠦᠵᠡᠬᠡᠳ ᠲᠠᠰ ᠬᠣᠰᠢᠭᠣᠨ ᠲᠦᠪ  ᠲᠤ ᠪᠠᠶᠢᠭ᠎ᠠ ᠬᠡᠷ ᠡᠴᠡ ᠪᠠᠨ ᠭᠠᠷᠴᠣ ᠢᠷᠡᠨ ᠂ ᠶᠠᠭ ᠵᠠᠷᠯᠢᠭ ᠬᠦᠯᠢᠶᠡᠭᠰᠡᠨ ᠮᠡᠳᠣ ᠲᠡᠷᠭᠡ ᠪᠠᠨ ᠨᠣᠴᠣᠭᠠᠵᠣ ᠪᠠᠶᠠᠨᠳᠠᠯ᠎ᠠ ᠭᠠᠴᠠᠭ᠎ᠠ  ᠵᠦᠭ ᠢᠶᠡᠨ ᠮᠣᠷᠳᠠᠯ᠎ᠠ ᠃ ᠲᠠᠰ ᠭᠠᠴᠠᠭᠠᠨ ‍ᠤ ᠱᠦᠵᠢ ᠶ᠋ᠢᠨ ᠠᠵᠢᠯ ‍ᠢ ᠠᠷᠪᠠᠨ ᠬᠡᠳᠣᠨ ᠵᠢᠯ  ‍ᠤᠨ ᠲᠣᠷᠰᠢ ᠂ ᠦᠪᠡᠷ ‍ᠤᠨ ᠪᠡᠶ᠎ᠡ ᠳ᠋ᠡᠭᠡᠨ ᠭᠠᠷᠠᠭ ᠪᠦᠷᠢ ᠡᠷᠭᠡᠪᠡᠰᠢ ᠨᠢᠬᠡ ᠣᠳᠠᠭ᠎ᠠ ᠲᠣᠰᠬᠣᠨ ᠳ᠋ᠠᠭᠠᠨ ᠣᠴᠢᠬᠣ ᠲᠣᠭᠳᠠᠭᠠᠯ ᠭᠠᠷᠭᠠᠵᠣ ᠂ ᠨᠢᠬᠡ ᠭᠠᠷᠠᠭ ᠨᠢᠬᠡ ᠣᠳᠠᠭ᠎ᠠ ᠡᠷᠭᠡᠪᠡᠰᠢ ᠲᠣᠰᠬᠣᠨ ᠳ᠋ᠠᠭᠠᠨ ᠣᠴᠢᠵᠣ ᠂ ᠡᠷᠣᠭᠡ ᠡᠷᠣᠭᠡ ᠶ᠋ᠢ ᠦᠯᠡᠳᠡᠭᠡᠯ ᠦᠬᠡᠢ ᠲᠣᠭᠣᠷᠢᠵᠣ ᠂ ᠪᠠᠶᠢᠳᠠᠯ ‍ᠢ ᠡᠵᠡᠮᠰᠢᠵᠣ ᠠᠪᠳᠠᠭ ᠂ ᠡᠷᠣᠭᠡ ᠪᠦᠷᠢ  ᠳᠤ ᠬᠡᠳᠣᠢ ᠠᠮᠠ ᠬᠦᠮᠣᠨ ᠪᠠᠶᠢᠬᠣ ᠂ ᠶᠠᠮᠠᠷ ᠬᠦᠴᠢᠷᠳᠡᠯ ᠪᠠᠶᠢᠬᠣ  ᠵᠡᠷᠭᠡ ᠶ᠋ᠢ ᠶᠠᠭ ᠮᠠᠰᠢᠨ ᠲᠠᠷᠢᠬᠢ ᠰᠢᠭ᠋ ᠨᠠᠷᠢᠯᠢᠭ ᠪᠠᠶᠢᠳᠠᠭ ᠃ ᠣᠨᠴᠠᠭᠠᠢ ᠪᠠᠶᠢᠳᠠᠯ ᠲᠠᠢ ᠪᠣᠯᠪᠠᠯ ᠬᠣᠶᠠᠷ ᠭᠣᠷᠪᠠ ᠣᠳᠠᠭ᠎ᠠ  ᠴᠦ ᠣᠴᠢᠳᠠᠭ  ᠶᠣᠮ ᠃
      ᠦᠨᠣ ᠦᠳᠡᠰᠢ ᠶ᠋ᠢᠨ ᠪᠣᠷᠣᠭᠠᠨ ᠶᠠᠪᠣᠬᠣ ᠲᠣᠳᠣᠮ  ᠰᠢᠷᠦᠭᠦᠰᠴᠦ ᠨᠢᠬᠡ ᠴᠠᠭ ‍ᠤᠨ ᠦᠶ᠎ᠡ ᠪᠡᠷ ᠲᠠᠰ ᠱᠦᠵᠢ ᠠᠭᠠᠳᠠᠷ ᠪᠣᠷᠣᠭᠠᠨ ‍ᠤ ᠲᠣᠮᠳᠠ ᠲᠣᠰᠬᠣᠨ  ‍ᠤ ᠠᠯᠪᠠᠯᠠᠬᠣ ᠭᠠᠵᠠᠷ ᠲᠠᠭᠠᠨ ᠬᠦᠷᠣᠯ᠎ᠠ ᠃ ᠲᠡᠷᠡ ᠣᠰᠣᠨ ᠭᠣᠳᠣᠯ ᠡᠮᠣᠰᠬᠦ ᠵᠠᠪ ᠦᠬᠡᠢ ᠪᠡᠷ ᠪᠣᠷᠣᠭᠠᠨ ‍ᠤ ᠴᠣᠪᠠ ᠨᠦᠮᠣᠷᠴᠣ ᠂ ᠫᠠᠳ  ᠬᠠᠷᠠᠡᠭᠭᠣᠢ ᠰᠦᠨᠢ ᠪᠡᠷ ᠬᠠᠭᠣᠴᠢᠨ ᠵᠣᠷᠰᠢᠯ ᠶᠣᠰᠣᠭᠠᠷ ᠭᠣᠷᠪᠠᠨ ᠴᠠᠭ ᠭᠠᠷᠣᠢ ᠡᠷᠣᠭᠡ ᠪᠦᠷᠢ ᠪᠡᠷ ᠪᠠᠶᠢᠴᠠᠭᠠᠨ ᠲᠣᠭᠣᠷᠢᠵᠣ ᠂ ᠪᠠᠶᠢᠳᠠᠯ ᠲᠡᠶᠢᠮᠣ ᠶᠡᠬᠡ ᠠᠶᠣᠯ  ᠭᠠᠷᠣᠭᠰᠠᠨ ᠦᠬᠡᠢ ᠪᠢᠯᠡ ᠃ ᠲᠠᠰ ᠱᠦᠵᠢ ᠲᠣᠰᠬᠣᠨ ‍ᠤ ᠠᠯᠪᠠᠯᠠᠬᠣ ᠭᠠᠵᠠᠷ ᠲᠠᠭᠠᠨ ᠬᠦ᠋ᠷᠬᠦ  ᠳᠦ ᠨᠢᠬᠡᠨᠳᠡ ᠦᠷᠯᠣᠭᠡ ᠶ᠋ᠢᠨ ᠲᠦᠷᠪᠡᠨ ᠴᠠᠭ ᠪᠤᠯᠪᠠ ᠂ ᠲᠡᠷᠡ ᠶᠡᠷᠣᠨᠢ ᠣᠨᠳᠠᠵᠣ ᠠᠮᠠᠷᠠᠭᠰᠠᠨ ᠦᠬᠡᠢ ᠂ ᠣᠴᠢᠷ ᠨᠢ  ᠲᠣᠰᠬᠣᠨ ‍ᠤ ᠶᠠᠮᠠᠷ ᠨᠢᠬᠡᠨ ᠭᠠᠵᠠᠷ ᠨᠢ  ᠠᠶᠣᠯ ᠲᠠᠢ ᠪᠣᠢ ᠂ ᠮᠠᠯ ᠣᠨᠣᠭ᠎ᠠ ᠂ ᠬᠡᠷᠡᠮ ᠬᠠᠰᠢᠶ᠎ᠠ ᠨᠢ ᠬᠡᠵᠣ ᠪᠣᠳᠣᠭᠠᠳ ᠯᠡ ᠨᠣᠶᠢᠷ ᠬᠣᠯᠵᠢᠪᠡ ᠃
      ᠪᠣᠷᠣᠭᠠᠨ ᠪᠠᠰᠠ ᠣᠷᠣᠭᠰᠠᠭᠠᠷ ᠂ ᠶᠠᠭ ᠵᠣᠭᠰᠣᠬᠣ ᠦᠬᠡᠢ ᠪᠠᠶᠢᠳᠠᠯ ᠲᠠᠢ  ᠃ 8 ᠰᠠᠷ᠎ᠠ ᠶ᠋ᠢᠨ 3 ‍ᠤ ᠦᠳᠡ ᠪᠣᠯᠣᠯ᠎ᠠ ᠃ ᠲᠠᠰ ᠱᠦᠵᠢ ᠪᠠᠰᠠ ᠨᠢᠬᠡ ᠲᠣᠰᠬᠣᠨ ᠢᠶᠡᠨ ᠲᠣᠭᠣᠷᠢᠨ ᠪᠠᠶᠢᠴᠠᠭᠠᠯ᠎ᠠ  ᠃  ᠪᠠᠶᠢᠴᠠᠭᠠᠳ ᠲᠣᠰᠬᠣᠨ ‍ᠤ ᠬᠠᠮᠣᠭ ᠵᠡᠬᠦᠨ  ᠳᠦ ᠰᠠᠭᠣᠷᠢᠰᠢᠵᠣ ᠪᠠᠶᠢᠭ᠎ᠠ ᠬᠤᠶᠠᠷ ᠡᠷᠣᠭᠡ  ᠳᠦ ᠬᠦᠷᠬᠦ  ᠳᠦ ᠂ ᠣᠰᠣᠨ  ᠲᠦᠪᠰᠢᠨ ᠨᠢ ᠦᠰᠴᠣ ᠂ ᠬᠠᠰᠢᠶ᠎ᠠ ᠬᠣᠷᠣᠭ᠎ᠠ ᠶ᠋ᠢ ᠨᠢ ᠫᠠᠭ ᠲᠦᠬᠦᠷᠭᠡᠵᠣ  ᠂ ᠴᠠᠭ ᠲᠣᠬᠠᠢ ᠳ᠋ᠣᠨᠢ ᠭᠠᠳᠠᠭᠰᠢ ᠭᠠᠷᠭᠠᠬᠣ ᠦᠬᠡᠢ ᠪᠣᠯ ᠬᠦᠮᠣᠨ ᠮᠠᠯ ᠨᠢ ᠣᠰᠣᠨ  ᠳᠦ ᠵᠠᠯᠭᠢᠭᠳᠠᠬᠣ ᠠᠶᠣᠯ ᠲᠠᠢ ᠃ ᠲᠡᠷᠡ ᠪᠡᠷ ᠦᠳᠳᠣᠷ ᠲᠦᠷᠭᠡᠨ ᠰᠢᠢᠳᠪᠤᠷᠢᠯᠡᠬᠦ ᠠᠷᠭ᠎ᠠ ᠪᠣᠳᠣᠵᠣ ᠣᠯᠪᠠ ᠃ ᠲᠠᠷᠣᠢ ᠲᠦᠷᠭᠡᠨ ᠬᠦᠨ ᠰᠣᠪᠠᠭ ᠲᠠᠳᠠᠵᠣ ᠣᠰᠣ ᠣᠷᠣᠰᠬᠠᠵᠣ ᠭᠠᠷᠭᠠᠨ᠎ᠠ  ︕ ᠦᠶᠡᠷ ‍ᠢ ᠣᠷᠣᠰᠬᠠᠵᠣ ᠭᠠᠷᠭᠠᠬᠣ ᠪᠠᠶᠢᠷᠢ ᠶ᠋ᠢ ᠨᠢ ᠣᠯᠣᠭᠰᠠᠨ ᠪᠣᠯᠪᠠᠴᠣ ᠨᠢᠬᠡ ᠮᠠᠯᠴᠢᠨ ‍ᠤ ᠬᠦᠷᠢᠶᠡᠨ ᠲᠣᠮᠳᠠᠭᠣᠷ ᠰᠣᠪᠠᠭ ᠮᠠᠯᠳᠠᠬᠣ ᠬᠡᠷᠡᠭᠲᠠᠢ ᠪᠤᠯᠪᠠ ᠃ ᠲᠡᠷᠡ ᠮᠠᠯᠴᠢᠨ ᠶᠠᠭᠠᠬᠢᠭᠰᠠᠨ ᠴᠣ ᠵᠦᠪᠰᠢᠶᠡᠷᠡᠬᠦ ᠦᠬᠡᠢ ᠪᠠᠶᠢᠪᠠ ᠃ ᠡᠶᠢᠮᠣ ᠪᠠᠶᠢᠳᠠᠯ ᠲᠣᠣᠷ᠎ᠠ ᠲᠠᠰ ᠱᠦᠵᠢ ᠶᠣᠰᠣ ᠪᠡᠷ ᠣᠬᠠᠭᠠᠷᠠᠭᠣᠯᠵᠣ ᠰᠡᠳᠬᠢᠯᠬᠡ ᠪᠡᠷ  ᠲᠠᠳᠠᠭᠰᠠᠨ  ᠪᠤᠯᠪᠠᠴᠣ ᠲᠠᠷᠢᠶᠠᠴᠢᠨ  ᠣᠬᠠᠭᠠᠷᠠᠯ ᠦᠬᠡᠢ ᠃ ᠮᠦᠨ ᠵᠦᠪᠰᠢᠶᠡᠷᠡᠬᠦ ᠦᠬᠡᠢ ᠪᠠᠶᠢᠪᠠ ᠃ ᠲᠠᠰ ᠱᠦᠵᠢ ᠠᠷᠭ᠎ᠠ ᠦᠬᠡᠢ ᠪᠠᠶᠢᠳᠠᠯ ᠰᠢᠭᠣᠳ ᠰᠢᠢᠳᠪᠤᠷᠢ ᠭᠠᠷᠭᠠᠵᠣ 《 ᠬᠦᠮᠣᠨ ‍ᠤ ᠠᠮᠢ ᠨᠠᠰᠣᠨ  ᠳᠦ ᠬᠣᠯᠪᠣᠭ᠎ᠠ ᠲᠠᠢ ᠂ ᠶᠠᠭᠣᠨ ‍ᠤ ᠴᠢᠨᠣ ᠭᠡᠷ ᠮᠢᠨᠣ ᠬᠡᠷ ᠬᠡᠬᠦ ᠪᠣᠢ ᠂ ᠪᠦᠷ ᠣᠯᠣᠰ ‍ᠤᠨ  ᠭᠠᠵᠠᠷ ᠂ ᠡᠷᠭᠡᠪᠡᠰᠢ ᠰᠣᠪᠠᠭ ᠲᠠᠳᠠᠬᠣ ᠭᠡᠷᠡᠭᠲᠠᠢ 》 ᠬᠡᠵᠣ  ᠬᠡᠯᠡᠭᠡᠳ ᠨᠢᠬᠡᠨ ᠬᠣᠳᠬᠣᠭᠣᠷ ᠲᠡᠷᠭᠡ ᠲᠠᠳᠠᠨ ᠠᠪᠴᠢᠷᠡᠵᠣ ᠣᠰᠣᠨ ᠰᠣᠪᠠᠭ ᠭᠠᠷᠭᠠᠭᠠᠳ ᠣᠰᠣ ᠶ᠋ᠢ ᠣᠷᠣᠰᠬᠠᠪᠠ ᠃ ᠣᠰᠣᠨ ᠲᠦᠪᠰᠢᠨ ᠠᠯᠭᠣᠷ ᠲᠣᠷᠣᠭᠰᠢᠯᠠᠵᠣ  ᠣᠰᠣᠨ ᠠᠶᠣᠯ ‍ᠢ ᠰᠡᠷᠭᠡᠶᠢᠯᠡᠪᠡ ᠃  ᠡᠷᠬᠢᠨ ᠲᠣᠭᠣᠷᠢᠨ ‍ᠤ ᠣᠯᠠᠨ ᠲᠦᠮᠡᠨ ᠡᠷᠡᠭᠡᠢ ᠬᠣᠷᠣᠭᠣ ᠭᠠᠷᠭᠠᠨ ᠮᠠᠭᠳᠠᠵᠠᠭᠠᠪᠠ ᠃ ᠶᠠᠪᠣᠳᠠᠯ ‍ᠤᠨ ᠲᠠᠷᠠᠭ᠎ᠠ ᠰᠣᠪᠠᠭ ᠲᠠᠳᠠᠭᠰᠠᠨ ᠠᠷᠠᠳ ‍ᠤᠨ ᠶᠠᠪᠣᠳᠠᠯ ‍ᠢ ᠲᠣᠡᠭ ᠰᠠᠶᠢᠨ ᠢᠶᠠᠷ ᠬᠡᠯᠡᠯᠴᠡᠨ ᠰᠢᠢᠳᠪᠤᠷᠢᠯᠡᠵᠣ ᠂  ᠣᠰᠣᠨ  ‍ᠤ ᠠᠶᠣᠯ ᠡᠴᠠ ᠠᠪᠣᠷᠠᠭᠰᠠᠨ ᠬᠣᠶᠠᠷ  ᠲᠠᠷᠢᠶᠠᠴᠢᠨ ᠡᠷᠣᠭᠡ ᠪᠠᠶᠠᠨᠳᠠᠯ᠎ᠠ ᠶ᠋ᠢᠨ ᠲᠣᠰᠬᠣᠨ ‍ᠤ ᠠᠯᠪᠠᠯᠠᠬᠣ ᠭᠠᠵᠠᠷ ᠢᠷᠡᠵᠣ ᠂ ᠲᠠᠰ ‍ᠢ ᠡᠷᠢᠵᠣ 《 ᠲᠠᠰ ᠲᠡᠬᠦᠣ  ᠳᠦ ᠲᠠᠯᠠᠷᠬᠠᠵᠣ ᠪᠠᠶᠢᠨ᠎ᠠ ᠂ ᠮᠠᠨ ‍ᠤ ᠡᠨᠡ ᠬᠣᠶᠠᠷ ᠭᠠᠳᠠᠨ᠎ᠠ ᠡᠴᠠ ᠢᠷᠡᠭᠰᠡᠨ ᠡᠷᠣᠭᠡ ᠶ᠋ᠢ ᠠᠪᠣᠷᠠᠵᠡᠢ ᠂ ᠲᠠ ᠪᠣᠯ ᠶᠣᠰᠣᠳᠠᠢ ᠲᠠᠯ᠎ᠠ ᠨᠣᠳᠣᠭ ‍ᠤᠨ ᠵᠢᠡᠭᠬᠢᠨᠢ ᠰᠠᠬᠢᠨ ᠬᠠᠮᠠᠭᠠᠯᠠᠭᠴᠢ 》 ᠬᠡᠵᠣ ᠦᠨᠡᠯᠡᠯᠳᠡ  ᠦᠭᠬᠦ  ᠳᠦ ᠲᠠᠰ ᠱᠦᠵᠢ ᠮᠠᠨ ‍ᠢ ᠬᠠᠷᠠᠭᠠᠳ 《 ᠠᠷᠠᠳ ᠢᠷᠭᠡᠳ ᠬᠠᠮᠣᠭ ‍ᠤᠨ ᠬᠦᠴᠢᠷᠳᠡᠯ ᠲᠠᠢ ᠦᠶ᠎ᠡ ᠳᠦ  ᠂  ᠲᠣᠰᠠᠯᠠᠬᠣ ᠦᠬᠡᠢ ᠪᠣᠯ ᠬᠦᠮᠣᠨ ᠴᠢᠨᠠᠷ  ᠲᠤ ᠨᠡᠶᠢᠴᠡᠬᠦ ᠦᠬᠡᠢ 》 ᠬᠡᠵᠣ  ᠭᠦᠨ ᠪᠣᠳᠣᠯᠭᠠᠰᠢᠷᠠᠨ ᠶᠠᠷᠢᠯ᠎ᠠ ᠃
      ᠦᠨᠡᠭᠡᠷ ᠲᠡᠶᠢᠮᠣ ᠳ᠋ᠠ ᠂ ᠠᠶᠣᠯ ᠲᠠᠢ ᠦᠶ᠎ᠡ  ᠳᠦ ᠬᠦᠮᠣᠨ ‍ᠢ ᠲᠠᠨᠢᠵᠣ ᠰᠠᠯᠴᠢᠭ ᠰᠢᠪᠠᠷ ᠲᠠᠢ ᠦᠶ᠎ᠡ  ᠳᠦ ᠮᠣᠷᠢ ᠶ᠋ᠢ ᠲᠠᠨᠢᠨ᠎ᠠ ᠃ ᠨᠠᠮ ‍ᠤᠨ ᠬᠦᠮᠣᠵᠢᠯ ᠲᠣᠣᠷ᠎ᠠ ᠦᠰᠣᠨ ᠪᠣᠶᠢᠵᠢᠭᠰᠠᠨ ᠲᠠᠯ᠎ᠠ ᠨᠣᠳᠣᠭ ‍ᠤᠨ ᠡᠷᠡᠯᠭᠡᠭ ᠲᠠᠰ ᠪᠦᠷᠬᠦᠳ ᠶᠣᠰᠣᠳᠠᠢ ᠪᠡᠶ᠎ᠡ ᠪᠠᠭᠠᠳᠣᠷ ᠪᠢᠯᠢᠭ ᠪᠠᠭᠠᠳᠣᠷ ᠮᠣᠡᠭᠭᠣᠯ ᠬᠦᠮᠣᠨ ᠳ᠋ᠠ  ︕ ( ᠮᠠ ᠪᠦᠬᠡ   ᠮᠡᠳᠡᠭᠡᠯᠡᠪᠡ  )
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ