ᠪᠠᠶᠠᠨᠳᠠᠯ᠎ᠠ ᠰᠣᠮᠣ ᠴᠠᠭ ᠢᠮᠠᠭᠲᠠ ᠶᠠᠳᠠᠭᠣ ᠡᠴᠠ ᠠᠩᠭᠢᠵᠢᠷᠠᠭᠤᠯᠬᠤ ᠡᠷᠴᠢᠮ ᠢᠶ᠋ᠡᠨ ᠴᠢᠩᠭᠠᠯᠠᠵᠤ ᠪᠠᠶᠢᠨ᠎ᠠ

ᠣᠩᠰᠢᠭᠰᠠᠨ ᠤᠳᠠᠭ᠎ᠠ ᠄ 9476     ᠨᠡᠶᠢᠳᠡᠯᠡᠭᠰᠡᠨ ᠴᠠᠭ ᠄ 2017/8/18 15:09:11

      ᠣᠨᠢᠨ ᠳᠡᠭᠡᠷ᠎ᠡ ᠨᠢ ᠶᠠᠳᠠᠭᠣ ᠶ᠋ᠢ ᠲᠡᠳᠬᠦᠬᠦ 《 ᠡᠷᠭᠢᠨ ᠬᠠᠷᠠᠬᠤ 》 ᠠᠵᠢᠯ ‍ᠢ ᠦᠷᠨᠢᠬᠦᠯᠣᠭᠰᠡᠨ ᠡᠴᠠ ᠨᠠᠰᠢ ᠂  ᠬᠣᠰᠢᠭᠣᠨ ‍ᠤ ᠪᠠᠶᠠᠨᠳᠠᠯ᠎ᠠ ᠰᠣᠮᠣ ᠴᠠᠭ  ᠢᠮᠠᠭᠲᠠ ᠶᠠᠳᠠᠭᠣ ᠡᠴᠠ ᠠᠡᠭᠬᠢᠵᠢᠷᠠᠭᠣᠯᠬᠣ ᠠᠵᠢᠯ ᠢᠶᠡᠨ ᠴᠢᠡᠭᠭᠠᠯᠠᠵᠣ ᠂ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠠ  ᠶ᠋ᠢᠨ ᠠᠵᠢᠯ  ‍ᠤᠨ ᠣᠷᠣᠭᠰᠢᠲᠠᠢ  ᠶᠠᠪᠣᠭᠳᠠᠭᠣᠯᠬᠣ   ᠳᠦ  ᠴᠡᠭᠡᠵᠢᠨ ᠳ᠋ᠡᠭᠡᠨ ᠪᠣᠳᠣᠵᠣ ᠂ ᠠᠮᠠᠨ ᠲᠡᠭᠡᠷ᠎ᠡ ᠪᠠᠨ ᠶᠠᠷᠢᠵᠣ ᠂ ᠬᠦᠶᠣᠨ ᠶᠠᠪᠣᠵᠣ ᠨᠠᠶᠢᠳᠠᠪᠣᠷᠢᠵᠢᠭᠣᠯᠵᠣ ᠂  ᠲᠦᠷᠢᠮ ᠢᠶᠠᠷ ᠢᠶᠡᠨ ᠪᠠᠶᠢᠴᠠᠭᠠᠯᠳᠠ  ᠬᠢᠬᠦ ᠨᠢᠬᠡᠨ ᠰᠢᠷᠢᠰ ᠠᠷᠭ᠎ᠠ ᠬᠡᠮᠵᠢᠶ᠎ᠡ ᠠᠪᠴᠣ ᠪᠠᠶᠢᠨ᠎ᠠ  ᠃    

      ᠴᠡᠭᠡᠵᠢᠨ  ᠳᠦ  ᠪᠠᠨ ᠦᠷᠬᠦᠯᠵᠢ  ᠪᠣᠳᠣᠬᠣ ᠶ᠋ᠢ ᠬᠦᠢᠴᠡᠳᠭᠡᠵᠣ ᠪᠠᠶᠢᠨ᠎ᠠ ᠃ ᠪᠠᠶᠠᠨᠳᠠᠯ᠎ᠠ ᠰᠣᠮᠣ ᠣᠯᠠᠨ ᠣᠳᠠᠭ᠎ᠠ ᠶᠠᠳᠠᠭᠣ ᠶ᠋ᠢ ᠲᠡᠳᠬᠦᠬᠦ ᠠᠵᠢᠯ ‍ᠤᠨ ᠵᠣᠬᠢᠴᠠᠭᠣᠯᠣᠨ ᠲᠣᠬᠢᠷᠠᠭᠣᠯᠬᠣ ᠬᠣᠷᠠᠯ ᠬᠣᠷᠠᠯᠳᠣᠭᠣᠯᠵᠣ ᠂ ᠡᠯ᠎ᠡ ᠲᠣᠰᠬᠣᠨ ᠶᠠᠳᠠᠭᠣ ᠬᠦᠴᠢᠷᠳᠡᠯᠳᠣ ᠬᠡᠷ ᠪᠦᠯᠢ ᠶ᠋ᠢᠨ ᠪᠠᠶᠢᠳᠠᠯ ᠂ ᠶᠠᠳᠠᠭᠣᠷᠠᠭᠰᠠᠨ ᠰᠢᠯᠳᠠᠭᠠᠨ ᠂ ᠬᠦᠭᠵᠢᠬᠦ ᠲᠣᠷᠠᠰᠢᠯ  ᠂ ᠨᠠᠮ ‍ᠤᠨ ᠬᠣᠷᠢᠶ᠎ᠠ ᠵᠠᠰᠠᠭ ‍ᠤᠨ ᠣᠷᠳᠣᠨ ‍ᠤ ᠰᠢᠢᠳᠪᠤᠷᠢᠯᠡᠬᠦ ᠠᠰᠠᠭᠣᠳᠠᠯ ‍ᠢ ᠵᠣᠬᠢᠴᠠᠭᠣᠯᠪᠠ ᠃ ᠬᠠᠮᠳᠣ  ᠳ᠋ᠤᠨᠢ ᠲᠣᠰᠬᠣᠨ ‍ᠢ ᠲᠠᠭᠠᠭᠠᠴᠢᠯᠠᠨ ᠬᠣᠯᠪᠣᠭᠠᠯᠠᠵᠣ ᠪᠠᠶᠢᠭ᠎ᠠ ᠺᠠᠳ᠋ᠷᠴᠣᠳ   ᠲᠤ ᠰᠡᠳᠬᠢᠯ ᠳ᠋ᠡᠭᠡᠨ ᠶᠠᠳᠠᠭᠣ ᠬᠦᠴᠢᠷᠳᠡᠯᠳᠣ ᠡᠷᠣᠭᠡ ᠶ᠋ᠢ  ᠪᠠᠭᠳᠠᠭᠠᠵᠣ ᠂ ᠴᠡᠭᠡᠵᠢᠨ᠎ᠡ ᠶᠠᠳᠠᠭᠣ  ᠡᠷᠣᠭᠡ  ᠶ᠋ᠢᠨ ᠬᠦᠴᠢᠷᠳᠡᠯ ‍ᠢ  ᠪᠣᠳᠣᠵᠣ  ᠂ ᠶᠠᠳᠠᠭᠣ ᠬᠦᠴᠢᠷᠳᠡᠯᠳᠣ ᠡᠷᠣᠭᠡ ᠶ᠋ᠢᠨ ᠪᠣᠳᠠᠳᠣ ᠪᠠᠶᠢᠳᠠᠯ ᠲᠠᠢ ᠣᠶᠠᠯᠳᠣᠭᠣᠯᠵᠣ ᠂ ᠲᠡᠳᠡᠨ ‍ᠢ ᠬᠠᠪᠰᠣᠷᠴᠣ ᠠᠵᠣ ᠣᠶᠢᠯᠡᠰ ‍ᠤᠨ ᠲᠦᠷᠣᠯ ᠵᠣᠶᠢᠯ ‍ᠢ ᠰᠣᠳᠣᠯᠵᠣ ᠂ ᠡᠴᠣᠰ  ᠡᠴᠤᠰ ᠲᠤ ᠨᠢ ᠶᠠᠳᠠᠭᠣ ᠡᠴᠠ ᠠᠡᠭᠬᠢᠵᠢᠷᠠᠭᠣᠯᠬᠣ ᠪᠡᠷ ᠪᠠᠶᠢᠨ᠎ᠠ ᠃

      ᠠᠮᠠᠨ ᠲᠡᠭᠡᠷ᠎ᠡ ᠪᠠᠨ ᠦᠷᠬᠦᠯᠵᠢ  ᠶᠠᠷᠢᠬᠣ ᠶ᠋ᠢ ᠬᠦᠢᠴᠡᠳᠭᠡᠵᠣ ᠪᠠᠶᠢᠨ᠎ᠠ ᠃ ᠰᠣᠮᠣ ᠶ᠋ᠢᠨ ᠨᠠᠮ ‍ᠤᠨ ᠬᠣᠷᠢᠶ᠎ᠠ ᠂ ᠵᠠᠰᠠᠭ  ‍ᠤᠨ ᠣᠷᠳᠣᠨ ᠲᠠᠭᠠᠭᠠᠴᠢᠯᠠᠨ ᠬᠣᠯᠪᠣᠭᠠᠯᠠᠵᠣ ᠪᠠᠶᠢᠭ᠎ᠠ  ᠳᠦ ᠰᠢᠭᠳᠡᠷᠡᠨ ᠬᠦᠨᠵᠡᠬᠡᠶᠢᠷᠡᠬᠦ ᠶ᠋ᠢ ᠱᠠᠭᠠᠷᠳᠠᠬᠣ ᠶ᠋ᠢᠨ ᠬᠠᠮᠳᠣ ᠂ ᠣᠯᠣᠰ ᠂ ᠦᠪᠡᠷᠳᠡᠭᠡᠨ ᠵᠠᠰᠠᠬᠣ ᠣᠷᠣᠨ ᠂ ᠬᠣᠳᠠ ᠂ ᠬᠣᠰᠢᠭᠣ  ᠂ ᠰᠣᠮᠣ ᠶ᠋ᠢᠨ ᠶᠠᠳᠠᠭᠣ ᠶ᠋ᠢ ᠲᠡᠳᠬᠦᠬᠦ ᠠᠵᠢᠯ ‍ᠤᠨ ᠰᠢᠨ᠎ᠡ ᠬᠦᠳᠡᠯᠣᠯ ᠪᠠᠶᠢᠳᠠᠯ ᠂ ᠰᠢᠨ᠎ᠡ ᠪᠢᠴᠢᠭ ᠮᠠᠲ᠋ᠸᠷᠢᠶᠠᠯ ᠂ ᠰᠢᠨ᠎ᠡ ᠱᠠᠭᠠᠷᠳᠠᠯᠭ᠎ᠠ ᠶ᠋ᠢ ᠪᠣᠢ ᠪᠦᠬᠦᠢ ᠶᠠᠳᠠᠭᠣ ᠡᠷᠣᠭᠡ ᠶ᠋ᠢᠨ ᠬᠦᠮᠣᠨ ᠪᠦᠷᠢ  ᠳᠦ ᠴᠠᠭ ᠲᠣᠬᠠᠢ ᠳ᠋ᠣᠨᠢ ᠣᠯᠠᠮᠵᠢᠯᠠᠨ ᠲᠠᠮᠵᠢᠭᠣᠯᠵᠣ ᠂ ᠵᠦᠪ ᠲᠠᠯ᠎ᠠ ᠶ᠋ᠢᠨ ᠣᠬᠠᠭᠣᠯᠣᠯ ᠢᠶᠠᠷ  ᠶᠠᠭᠣᠨ  ᠳᠦ ᠶᠠᠳᠠᠭᠣ ᠬᠦᠴᠢᠷᠳᠡᠯᠳᠣ ᠡᠷᠣᠭᠡ  ᠶ᠋ᠢ ᠶᠠᠳᠠᠭᠣ ᠡᠴᠠ  ᠨᠢ ᠠᠡᠭᠬᠢᠵᠢᠷᠠᠭᠣᠯᠬᠣ ᠢᠨᠵᠸᠨ᠋ᠸᠷᠢᠡᠭ ᠶ᠋ᠢ ᠬᠡᠷᠡᠭᠵᠢᠬᠦᠯᠵᠣ ᠪᠠᠶᠢᠭ᠎ᠠ  ᠪᠤᠢ ᠂  ᠶᠠᠭᠠᠬᠢᠪᠠᠯ ᠰᠠᠶᠢ ᠶᠠᠳᠠᠭᠣ ᠡᠴᠠ ᠪᠠᠨ ᠠᠡᠭᠬᠢᠵᠢᠷᠠᠭᠠᠳ ᠲᠠᠬᠢᠨ ᠶᠠᠳᠠᠭᠣ ᠪᠣᠯᠬᠣ ᠦᠬᠡᠢ ᠪᠣᠢ ᠬᠡᠬᠦ ᠠᠰᠠᠭᠣᠳᠠᠯ ‍ᠢ  ᠰᠢᠢᠳᠪᠤᠷᠢᠯᠡᠵᠣ ᠪᠠᠶᠢᠨ᠎ᠠ ᠃
     ᠨᠠᠶᠢᠳᠠᠪᠣᠷᠢᠵᠢᠭᠣᠯᠬᠣ ᠳ᠋ᠠᠭᠠᠨ ᠬᠣᠶᠠᠷ ᠬᠦᠯ ᠢᠶᠠᠷ ᠢᠶᠡᠨ ᠶᠠᠪᠣᠬᠣ ᠶ᠋ᠢ ᠬᠦᠢᠴᠡᠳᠭᠡᠵᠣ ᠪᠠᠶᠢᠨ᠎ᠠ ᠃ ᠵᠢᠯ ‍ᠤᠨ ᠡᠬᠢᠨ ᠡᠴᠠ ᠨᠠᠰᠢ ᠂ 88 ᠨᠡᠷᠡᠰ ᠲᠠᠭᠠᠭᠠᠴᠢᠯᠠᠨ ᠬᠣᠯᠪᠣᠭᠠᠯᠠᠭᠰᠠᠨ ᠺᠠᠳ᠋ᠷᠴᠣᠳ ᠣᠷᠢᠳ ᠬᠣᠵᠢᠳ40 ᠭᠠᠷᠣᠢ ᠣᠳᠠᠭ᠎ᠠ ᠡᠯ᠎ᠡ ᠶᠠᠳᠠᠭᠣ ᠬᠦᠴᠢᠷᠳᠡᠯᠳᠣ ᠡᠷᠣᠭᠡ ᠪᠡᠷ ᠬᠦᠨᠵᠡᠬᠡᠶᠢᠷᠡᠵᠣ ᠂ ᠲᠡᠳᠡᠨ ‍ᠤ ᠠᠮᠢᠳᠣᠷᠠᠯ ᠦᠢᠯᠡᠳᠪᠣᠷᠢᠯᠠᠯ  ᠳᠦ ᠬᠣᠯᠪᠣᠭᠳᠠᠭᠰᠠᠨ ᠪᠣᠳᠠᠳᠠᠢ ᠠᠰᠠᠭᠣᠳᠠᠯ ‍ᠢ ᠰᠢᠢᠳᠪᠤᠷᠢᠯᠡᠨ ᠦᠭᠴᠡᠢ ᠃ ᠡᠳᠡᠭᠡᠷ ᠺᠠᠳ᠋ᠷᠴᠣᠳ ᠤᠯᠠᠨ ᠣᠳᠠᠭ᠎ᠠ  ᠶᠠᠳᠠᠭᠣ ᠡᠷᠣᠭᠡ ᠶ᠋ᠢ ᠬᠦᠨᠵᠡᠬᠡᠶᠢᠷᠡᠨ ᠰᠣᠷᠪᠣᠯᠵᠢᠯᠠᠵᠣ ᠂ ᠡᠷᠣᠭᠡ ᠡᠷᠣᠭᠡ  ᠳᠦ ᠬᠦᠷᠴᠣ ᠪᠠᠶᠢᠴᠠᠭᠠᠨ ᠰᠣᠳᠣᠯᠣᠯᠳᠠ ᠬᠢᠵᠣ ᠂ ᠣᠯᠠᠨ ᠲᠦᠮᠡᠨ ‍ᠤ ᠰᠡᠳᠬᠢᠯ ‍ᠢ ᠲᠣᠯᠠᠭᠠᠴᠠᠭᠣᠯᠬᠣ ᠶ᠋ᠢᠨ ᠬᠠᠮᠳᠣ  ᠲᠠᠷᠢᠶᠠᠯᠠᠡᠭ ‍ᠤᠨ ᠲᠦᠷᠣᠯ ᠵᠣᠶᠢᠯ ᠪᠠᠶᠢᠪᠠᠯ ᠴᠢᠳᠠᠬᠣ ᠶ᠋ᠢᠨ ᠲᠣᠳᠣᠷ᠎ᠠ ᠣᠯᠵᠣ ᠦᠭᠬᠦᠨ ᠶᠠᠳᠠᠭᠣ ᠡᠴᠠ ᠠᠡᠭᠬᠢᠵᠢᠷᠠᠵᠣ ᠪᠠᠶᠠᠵᠢᠨ ᠴᠢᠨᠡᠭᠡᠯᠢᠭᠵᠢᠬᠦ ᠵᠠᠮ ‍ᠢ ᠨᠢ  ᠨᠡᠡᠭ  ᠰᠠᠷᠠᠭᠣᠯᠵᠢᠭᠣᠯᠵᠣ ᠪᠠᠶᠢᠨ᠎ᠠ ᠃
      ᠲᠦᠷᠢᠮ ᠲᠣᠭᠳᠠᠭᠠᠯ ᠶᠣᠰᠣᠭᠠᠷ ᠢᠶᠠᠷ ᠢᠶᠡᠨ ᠴᠢᠡᠭᠭ᠎ᠠ ᠪᠠᠶᠢᠴᠠᠭᠠᠬᠣ ᠶ᠋ᠢ ᠬᠦᠢᠴᠡᠳᠭᠡᠵᠣ ᠪᠠᠶᠢᠨ᠎ᠠ ᠃ ᠶᠠᠳᠠᠭᠣ ᠶ᠋ᠢ ᠲᠡᠳᠬᠦᠬᠦ ᠠᠵᠢᠯ ‍ᠢ ᠦᠷᠨᠢᠬᠦᠯᠣᠭᠰᠡᠨ ᠡᠴᠠ ᠨᠠᠰᠢ ᠂ ᠪᠠᠶᠠᠨᠳᠠᠯ᠎ᠠ ᠰᠣᠮᠣ ᠶ᠋ᠢᠨ ᠨᠠᠮ ‍ᠤᠨ ᠬᠣᠷᠢᠶ᠎ᠠ ᠂ ᠵᠠᠰᠠᠭ ‍ᠤᠨ ᠣᠷᠳᠣᠨ ᠠᠵᠢᠯ ‍ᠤᠨ ᠪᠣᠳᠠᠳᠠᠢ ᠪᠠᠶᠢᠳᠠᠯ ᠲᠠᠢ ᠪᠠᠨ ᠣᠶᠠᠯᠳᠣᠭᠣᠯᠵᠣ ᠂ 《 ᠶᠠᠳᠠᠭᠣ ᠶ᠋ᠢ ᠲᠡᠳᠬᠦᠬᠦ ᠠᠵᠢᠯ ‍ᠤᠨ ᠰᠢᠯᠭᠠᠨ  ᠲᠡᠭᠰᠢᠳᠭᠡᠬᠦ ᠲᠦᠷᠢᠮ 》 ᠂ 《 ᠪᠠᠯᠭᠠᠰᠣ ᠲᠣᠰᠬᠣᠨ ‍ᠤ ᠺᠠᠳ᠋ᠷᠴᠣᠳ ‍ᠤᠨ ᠵᠢᠵᠢᠬᠦᠷᠯᠡᠬᠦ ᠲᠣᠷᠣᠭᠰᠢ ᠪᠠᠭᠣᠬᠣ ᠶ᠋ᠢ ᠬᠢᠨᠠᠨ ᠲᠡᠭᠰᠢᠳᠭᠡᠬᠦ ᠲᠦᠷᠢᠮ 》 ‍ᠢ ᠲᠣᠭᠳᠠᠭᠠᠵᠣ ᠂ ᠶᠠᠳᠠᠭᠣ ᠶ᠋ᠢ ᠲᠡᠳᠬᠦᠬᠦ ᠠᠵᠢᠯ ‍ᠢ ᠲᠣᠰᠬᠣᠨ ᠲᠡᠰ ‍ᠤᠨ ᠬᠠᠷᠠᠯᠳᠠᠳᠣ ᠬᠠᠷᠢᠭᠣᠴᠠᠯᠭ᠎ᠠ ᠶ᠋ᠢᠨ ᠲᠦᠷᠢᠮ  ᠳᠦ  ᠠᠪᠠᠴᠢᠵᠣ ᠲᠠᠯᠪᠢᠵᠣ ᠂ ᠲᠣᠭᠳᠠᠭᠠᠯ ᠲᠦᠷᠢᠮ ᠢᠶᠠᠷ ᠢᠷᠡᠵᠣ ᠠᠵᠢᠯ ‍ᠤᠨ ᠬᠡᠯᠪᠡᠷᠢ ᠪᠠᠨ ᠠᠬᠢᠭᠣᠯᠵᠣ ᠂ ᠶᠠᠳᠠᠭᠣ ᠶ᠋ᠢ ᠲᠡᠳᠬᠦᠬᠦ ᠠᠵᠢᠯ ‍ᠢ ᠠᠯᠬᠣᠮ ᠲᠠᠷᠠᠭᠠᠯᠠᠯ ᠰᠢᠰᠲ᠋ᠸᠮ ᠲᠠᠢ ᠶᠠᠪᠣᠭᠳᠠᠭᠣᠯᠵᠣ ᠪᠠᠶᠢᠨ᠎ᠠ ᠃
      ᠨᠢᠬᠡᠨ ᠰᠢᠷᠢᠰ ᠠᠷᠭ᠎ᠠ ᠬᠡᠮᠵᠢᠶ᠎ᠡ ᠪᠡᠷ ᠶᠠᠳᠠᠭᠣ ᠶ᠋ᠢ ᠲᠡᠳᠬᠦᠬᠦ ᠡᠷᠴᠢᠮ ᠢᠶᠡᠨ ᠰᠣᠯᠠᠷᠠᠯ ᠦᠬᠡᠢ  ᠴᠢᠡᠭᠭᠠᠯᠠᠬᠣ ᠰᠢᠯᠢᠳᠡᠭ ᠰᠠᠶᠢᠨ ᠬᠡᠪ ᠪᠠᠶᠢᠳᠠᠯ ‍ᠢ ᠪᠣᠢ ᠪᠣᠯᠭᠠᠭᠰᠠᠨ ᠡᠴᠠ ᠶᠠᠳᠠᠭᠣ ᠬᠦᠴᠢᠷᠳᠡᠯᠳᠣ ᠡᠷᠣᠭᠡ ᠶ᠋ᠢᠨ ᠠᠵᠣ ᠣᠶᠢᠯᠡᠰ ᠡᠯᠡᠰᠣᠨ ᠣᠰᠣᠨ ᠲᠣᠳᠣᠷᠭ᠎ᠠ ᠶ᠋ᠢᠨ ᠲᠠᠷᠢᠮᠠᠯ ᠂ ᠬᠦᠬᠡ ᠪᠣᠷᠳᠣᠭ᠎ᠠ ᠶ᠋ᠢᠨ ᠲᠠᠷᠢᠮᠠᠯ ᠂ ᠣᠯᠠᠭᠠᠨ ᠦᠬᠡᠷ ‍ᠤᠨ ᠲᠡᠵᠢᠬᠡᠪᠣᠷᠢ ᠪᠡᠷ ᠭᠣᠣᠯ ᠪᠣᠯᠭᠠᠵᠣ ᠂ ᠣᠯᠠᠭᠠᠨ ᠯᠠᠵᠣᠣ ᠶ᠋ᠢᠨ ᠲᠠᠷᠢᠮᠠᠯ ᠂ ᠭᠠᠬᠠᠢ ᠶ᠋ᠢᠨ ᠲᠡᠵᠢᠬᠡᠪᠣᠷᠢ ᠂ ᠭᠠᠳᠠᠭᠰᠢ ᠬᠦᠳᠡᠯᠮᠣᠷᠢᠯᠡᠬᠦ ᠪᠡᠷ ᠲᠡᠳ᠋ ᠪᠣᠯᠭᠠᠭᠰᠠᠨ ᠠᠵᠣ ᠣᠶᠢᠯᠡᠰ ‍ᠤᠨ ᠪᠦᠳᠣᠴᠡ ᠶ᠋ᠢ ᠪᠣᠢ ᠪᠣᠯᠭᠠᠵᠣ  ᠂ ᠪᠣᠢ ᠪᠦᠬᠦᠢ ᠶᠠᠳᠠᠭᠣ ᠡᠷᠣᠭᠡ ᠶ᠋ᠢ 2018 ᠣᠨ ‍ᠤ ᠡᠴᠣᠰ ᠪᠣᠯᠳᠠᠯ᠎ᠠ ᠶᠠᠳᠠᠭᠣ ᠡᠴᠠ  ᠨᠢ ᠠᠡᠭᠬᠢᠵᠢᠷᠠᠭᠣᠯᠬᠣ  ᠳᠦ ᠨᠢ ᠪᠠᠳᠣᠳᠠᠢ ᠰᠠᠶᠢᠨ ᠰᠠᠭᠣᠷᠢ ᠲᠠᠯᠪᠢᠵᠣ ᠪᠠᠶᠢᠨ᠎ᠠ ᠃ ( ᠮᠠ ᠪᠦᠬᠡ  ᠂ ᠸᠠᠩ ᠶᠠᠩ ᠮᠡᠳᠡᠭᠡᠯᠡᠪᠡ   )
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ