ᠮᠠᠨ ᠤ ᠬᠣᠰᠢᠭᠣ ᠪᠦᠯᠬᠦᠮᠳᠡᠨ ᠲᠡᠮᠡᠴᠡᠵᠣ ᠬᠠᠮᠲᠤᠪᠠᠷ ᠰᠠᠶᠢᠨ ᠰᠠᠶᠢᠬᠠᠨ ᠬᠡᠷ ᠣᠷᠣᠨ ᠢᠶᠡᠨ ᠴᠣᠭᠴᠠᠯᠠᠨ ᠪᠠᠶᠢᠭᠣᠯᠬᠣ ᠪᠠᠶᠢᠨ᠎ᠠ

ᠣᠩᠰᠢᠭᠰᠠᠨ ᠤᠳᠠᠭ᠎ᠠ ᠄ 10249     ᠨᠡᠶᠢᠳᠡᠯᠡᠭᠰᠡᠨ ᠴᠠᠭ ᠄ 2017/8/17 8:50:54

      ᠣᠷᠴᠢᠮ ᠤᠨ ᠡᠳᠣᠷ ᠤᠳ  ᠲᠦ ᠂ ᠶᠡᠷᠣᠡᠭᠭᠡᠢ ᠱᠦᠵᠢ ᠰᠢ ᠵᠢᠨ ᠫᠢᠡᠭ ᠶ᠋ᠢᠨ ᠪᠢᠴᠢᠬᠡᠰᠣ ᠨᠠᠢᠮᠠᠨ ᠬᠣᠰᠢᠭᠣᠨ ᠤ ᠡᠯ᠎ᠡ ᠦᠨᠳᠣᠰᠣᠳᠡᠨ ᠡᠯ᠎ᠡ ᠡᠲᠡᠭᠡᠳ ᠦᠨ ᠺᠠᠳ᠋ᠷ ᠣᠯᠠᠨ ᠲᠦᠮᠡᠨ ᠦ ᠲᠣᠮᠳᠠ ᠬᠠᠯᠠᠭᠣᠨ ᠲᠣᠰᠬᠠᠯ ᠭᠠᠷᠴᠡᠢ ᠃ ᠣᠯᠠᠨ ᠢᠶᠠᠷ ᠢᠶᠡᠨ ᠰᠠᠬᠢᠨ ᠪᠠᠷᠠᠭᠠᠯᠠᠵᠣ ᠬᠠᠷᠢᠯᠴᠠᠨ ᠬᠠᠪᠰᠣᠷᠣᠯᠴᠠᠵᠣ ᠂ ᠪᠦᠯᠬᠦᠮᠳᠡᠨ ᠲᠡᠮᠡᠴᠡᠵᠣ  ᠂ ᠭᠠᠷ ᠭᠠᠷ ᠢᠶᠡᠨ ᠬᠣᠯᠪᠣᠯᠴᠠᠨ ᠬᠡᠷ ᠣᠷᠣᠨ ᠢᠶᠡᠨ ᠬᠠᠮᠳᠣᠪᠡᠷ ᠴᠣᠭᠴᠠᠯᠠᠨ ᠪᠠᠶᠢᠭᠣᠯᠣᠨ᠎ᠠ ᠬᠡᠵᠣ  ᠢᠯᠡᠳᠭᠡᠵᠡᠭᠡᠪᠡ ᠃  ᠣᠯᠠᠨ ᠨᠡᠶᠢᠲᠡ ᠪᠡᠷ ᠪᠠᠶᠠᠷᠯᠠᠨ ᠪᠡᠯᠭᠡᠯᠡᠬᠦ ᠰᠡᠳᠬᠢᠯ ᠬᠦᠳᠡᠯᠬᠡᠮ᠎ᠡ ᠶᠡᠬᠡ ᠬᠣᠷᠠᠯ ᠤᠨ  ᠰᠢᠭᠤᠳ ᠨᠡᠪᠲᠡᠷᠡᠭᠦᠯᠭᠡ ᠶ᠋ᠢ ᠦᠵᠡᠭᠰᠡᠨ ᠦ ᠲᠠᠷᠠᠭ᠎ᠠ ᠂  ᠬᠣᠰᠢᠭᠣᠨ ᠤ ᠡᠯ᠎ᠡ ᠪᠠᠶᠢᠭᠣᠯᠭ᠎ᠠ ᠶ᠋ᠢᠨ ᠺᠠᠳ᠋ᠷ ᠣᠯᠠᠨ ᠲᠦᠮᠡᠨ ᠪᠠᠶᠠᠰᠣᠨ ᠵᠣᠷᠢᠭᠵᠢᠵᠣ ᠂ ᠲᠣᠰᠢᠶᠠᠯ ᠡᠬᠦᠷᠭᠡᠯᠡᠬᠦ ᠴᠢᠳᠠᠪᠣᠷᠢ ᠪᠠ ᠠᠵᠢᠯ ᠤᠨ ᠬᠢᠷᠢ ᠬᠡᠮᠵᠢᠶ᠎ᠡ ᠪᠠᠨ ᠲᠠᠰᠣᠷᠠᠯᠳᠠ ᠦᠬᠡᠢ  ᠲᠡᠭᠡᠭᠰᠢᠯᠡᠬᠦᠯᠵᠣ ᠂ ᠢᠳᠡᠭᠡᠯ ᠲᠦᠬᠦᠷᠡᠡᠭ ᠣᠯᠣᠰ ᠲᠦᠷᠣ ᠶ᠋ᠢᠨ ᠬᠠᠯᠠᠭᠣᠨ ᠰᠡᠳᠬᠢᠯᠬᠡ ᠂  ᠨᠠᠷᠢᠨ ᠬᠢᠨᠠᠮᠠᠭᠠᠢ ᠠᠵᠢᠯ ᠤᠨ ᠰᠣᠷᠳᠠᠯ ᠂ ᠵᠣᠷᠢᠭᠳᠠᠢ ᠪᠡᠷ ᠡᠬᠦᠷᠭᠡᠯᠡᠬᠦ ᠦᠨᠡᠨ ᠪᠣᠳᠠᠳᠠᠢ ᠠᠵᠢᠯᠯᠠᠨ᠎ᠠ ᠬᠡᠵᠣ ᠢᠯᠡᠷᠭᠡᠯᠡᠨ  ᠂ ᠭᠣᠣᠯᠳᠠᠯᠭ᠎ᠠ ᠶ᠋ᠢᠨ ᠢᠶ᠋ᠡᠨ ᠲᠣᠭᠣᠷᠢᠨ  ᠳᠦ  ᠂ ᠶᠡᠭᠡ ᠲᠠᠯ᠎ᠠ  ᠳᠦ ᠦᠢᠯᠡᠴᠢᠯᠡᠵᠣ ᠂ ᠠᠷᠭ᠎ᠠ ᠰᠦᠪᠡᠭᠴᠢᠯᠡᠨ ᠡᠯ᠎ᠡ ᠲᠦᠷᠥᠯ ᠤᠨ ᠠᠵᠢᠯ ᠢ  ᠲᠦᠯᠬᠢᠨ ᠠᠬᠢᠭᠤᠯᠵᠤ᠂  《 ᠦᠵᠡᠰᠬᠦᠯᠡᠩᠲᠦ ᠰᠠᠶᠢᠬᠠᠨ ᠦᠪᠤᠷ ᠮᠤᠡᠭᠭᠣᠯ ᠢᠶᠡᠨ ᠪᠦᠳᠣᠭᠡᠨ ᠪᠠᠶᠢᠭᠣᠯᠵᠣ  ᠠᠭᠣᠣ ᠶᠡᠬᠡ ᠲᠣᠮᠳᠠᠳᠣ ᠶ᠋ᠢᠨ ᠵᠡᠬᠦᠳᠣ ᠪᠠᠨ ᠬᠠᠮᠳᠣᠪᠡᠷ ᠲᠡᠷᠭᠡᠯᠰᠢᠬᠦᠯᠬᠦ  》  ᠳᠦ  ᠰᠢᠨ᠎ᠡ ᠬᠣᠪᠢ ᠨᠡᠮᠡᠬᠦᠷᠢ  ᠪᠠᠨ ᠦᠵᠡᠬᠦᠯᠣᠨ᠎ᠡ ᠬᠡᠵᠡᠢ ᠃
      ᠬᠣᠰᠢᠭᠣᠨ ᠤ ᠲᠣᠳᠣᠭᠠᠳᠣ ᠶ᠋ᠢ ᠬᠠᠮᠠᠭᠠᠯᠠᠬᠣ ᠲᠣᠪᠴᠢᠶᠠᠨ ᠤ ᠣᠨᠴᠠ ᠴᠠᠭᠳᠠᠭ᠎ᠠ ᠶ᠋ᠢᠨ ᠶᠡᠭᠡ ᠠᠡᠭᠬᠢ ᠶ᠋ᠢᠨ  ᠨᠤᠬᠠᠢ ᠶ᠋ᠢᠨ ᠲᠣᠮᠳᠠ ᠠᠡᠭᠬᠢ ᠶ᠋ᠢᠨ ᠨᠣᠬᠠᠢ ᠪᠣᠯᠪᠠᠰᠣᠷᠠᠭᠣᠯᠬᠣ ᠴᠠᠭᠳᠠᠭ᠎ᠠ ᠾᠸ ᠭᠠᠡᠭ ᠴᠠᠭᠳᠠᠭ᠎ᠠ ᠶ᠋ᠢᠨ ᠠᠵᠢᠯ ᠬᠢᠭᠰᠡᠨ 8 ᠵᠢᠯ ᠢᠶ᠋ᠡᠨ ᠡᠷᠬᠢᠴᠡᠬᠦᠯᠬᠦ ᠳ᠋ᠡᠬᠡᠨ 《 ᠡᠡᠡᠭ ᠦᠨ ᠨᠢᠬᠡᠨ ᠴᠠᠭᠳᠠᠭ᠎ᠠ ᠪᠣᠯᠣᠭᠰᠠᠨ ᠤ ᠬᠣᠪᠢ  ᠳᠦ ᠂ ᠶᠡᠷᠣᠡᠭᠭᠡᠢ ᠱᠦᠵᠢ ᠶ᠋ᠢᠨ ᠪᠢᠴᠢᠬᠡᠰᠣ  ᠨᠠᠳᠠᠳᠣ ᠣᠷᠣᠭᠰᠢᠯᠠᠯᠳᠠ ᠶ᠋ᠢᠨ ᠬᠦᠴᠣᠨ ᠣᠯᠭᠣᠵᠣ ᠂ ᠬᠣᠵᠢᠮ ᠤᠨ ᠠᠵᠢᠯ  ᠳᠦ ᠂ ᠪᠢᠳᠡ ᠬᠡᠵᠢᠶ᠎ᠡ ᠡᠬᠦᠷᠢᠳᠡ ᠨᠠᠮ ᠳ᠋ᠠᠭᠠᠨ ᠦᠨᠡᠨᠴᠢ  ᠪᠠᠶᠢᠵᠣ ᠂ ᠡᠷᠡᠯᠭᠡᠭ ᠪᠠᠭᠠᠳᠣᠷᠯᠢᠭ ᠢᠶᠠᠷ ᠣᠷᠣᠭᠰᠢ ᠲᠡᠮᠡᠴᠡᠵᠣ ᠂ ᠪᠦᠬᠦ ᠬᠦᠴᠣᠨ ᠢᠶᠠᠷ ᠢᠶᠡᠨ ᠣᠯᠠᠨ ᠲᠦᠮᠡᠨ ᠦ ᠠᠮᠢ ᠨᠠᠰᠣ ᠡᠳ᠋ ᠬᠦᠷᠣᠡᠭᠭᠡ ᠶ᠋ᠢ ᠬᠠᠮᠠᠭᠠᠯᠠᠨ ᠪᠠᠳᠣᠯᠠᠵᠣ ᠂ ᠨᠡᠶᠢᠬᠡᠮ ᠦᠨ ᠠᠮᠣᠷ ᠲᠣᠭᠳᠠᠭᠣᠨ ᠳᠦ ᠵᠠᠯᠠᠭᠣ ᠨᠠᠰᠣ ᠪᠠ ᠬᠦᠴᠣᠨ ᠢᠶᠡᠨ ᠵᠣᠷᠢᠭᠣᠯᠣᠨ᠎ᠠ 》 ᠬᠡᠵᠣ ᠢᠯᠡᠷᠭᠡᠶᠢᠯᠡᠪᠡ ᠃
     ᠬᠤᠰᠢᠭᠣᠨ ᠤ ᠴᠢᠡᠭ ᠯᠦᠡᠭ ᠱᠠᠨ ᠨᠡᠶᠢᠭᠡᠮ ᠲᠣᠭᠤᠷᠢᠭ ᠤᠨ ᠡᠷᠡᠬᠦᠯ ᠬᠠᠮᠠᠭᠠᠯᠠᠯ ᠤᠨ ᠦᠢᠯᠡᠴᠢᠯᠡᠭᠡᠨ ᠦ ᠰᠣᠪᠢᠯᠠᠭᠴᠢ ᠬᠣᠣ ᠭᠦᠸ᠋ᠸ ᠶᠢᠡᠭ  ᠄ 《 ᠣᠳᠣᠬᠠᠨ  ᠳᠦ ᠬᠦᠮᠣᠰ ᠤᠨ ᠠᠮᠢᠳᠣᠷᠠᠯ ᠤᠨ ᠲᠦᠪᠰᠢᠨ  ᠳᠡᠭᠡᠭᠰᠢᠯᠡᠵᠦ ᠂ ᠡᠮ ᠡᠮᠨᠡᠯᠭᠡ ᠡᠷᠡᠬᠦᠯ ᠬᠠᠮᠠᠭᠠᠯᠠᠯ ᠤᠨ ᠣᠶᠢᠯᠡᠰ ᠶᠡᠬᠡᠪᠡᠷ ᠲᠠᠪᠰᠢᠵᠣ ᠪᠠᠶᠢᠨ᠎ᠠ ᠃ ᠶᠡᠷᠣᠡᠭᠭᠡᠢ ᠱᠦᠵᠢ ᠶ᠋ᠢᠨ ᠪᠢᠴᠢᠬᠡᠰᠣ ᠨᠢ ᠮᠠᠨ ᠤ ᠡᠮ ᠡᠮᠨᠡᠯᠭᠡ ᠶ᠋ᠢᠨ ᠠᠵᠢᠯᠳᠡᠨ ᠤ ᠠᠷᠠᠳ ᠲᠦᠮᠡᠨ  ᠳᠦ ᠦᠢᠯᠡᠴᠢᠯᠡᠬᠦ ᠬᠦᠴᠣᠨ ᠴᠢᠳᠠᠯ ᠢ ᠵᠣᠷᠢᠭᠵᠢᠭᠣᠯᠣᠨ ᠬᠦᠪᠴᠢᠯᠡᠵᠣ ᠪᠣᠢ ᠂ ᠪᠢᠳᠡ ᠵᠣᠷᠢᠭ ᠢᠶᠡᠨ ᠰᠣᠯᠠᠷᠠᠯ ᠦᠬᠡᠢ ᠴᠢᠷᠮᠠᠶᠢᠨ ᠲᠡᠮᠡᠴᠡᠵᠣ ᠣᠯᠠᠨ ᠲᠦᠮᠡᠨ  ᠳᠦ ᠠᠮᠣᠷ ᠲᠦᠪᠰᠢᠨ ᠦᠷ᠎ᠡ ᠪᠦᠳᠣᠮᠵᠢᠲᠠᠢ ᠨᠡᠶᠢᠳᠡ ᠶ᠋ᠢᠨ ᠡᠷᠡᠬᠦᠯ ᠬᠠᠮᠠᠭᠠᠯᠠᠯ ᠤᠨ ᠦᠨᠳᠣᠰᠣᠨ ᠡᠮᠨᠡᠯᠭᠡ ᠶ᠋ᠢᠨ ᠦᠢᠯᠡᠴᠢᠯᠡᠭᠡᠨ ᠬᠠᠡᠭᠭᠠᠵᠣ ᠂ ᠨᠠᠢᠮᠠᠨ ᠤ ᠡᠮᠨᠡᠯᠭᠡ ᠶ᠋ᠢᠨ ᠠᠵᠢᠯᠳᠡᠨ ᠤ ᠰᠢᠨ᠎ᠡ ᠲᠦᠷᠢ ᠲᠦᠷᠬᠦ ᠶ᠋ᠢ ᠪᠣᠢ ᠪᠣᠯᠭᠠᠬᠣ  ᠳᠦ ᠬᠦᠴᠣᠨ ᠴᠢᠳᠠᠯ ᠢᠶᠡᠨ ᠡᠷᠬᠦᠨ᠎ᠡ 》 ᠬᠡᠵᠣ ᠢᠯᠡᠷᠭᠡᠶᠢᠯᠡᠪᠡ ᠃
     ᠣᠯᠢᠶᠠᠰᠣ ᠰᠢᠶᠠᠡᠭ ᠤᠨ ᠦᠪᠣᠡᠭ ᠲᠣᠰᠬᠣᠨ ᠦ ᠪᠠᠭ᠎ᠠ ᠰᠣᠷᠭᠠᠭᠣᠯᠢ ᠶ᠋ᠢᠨ ᠪᠠᠭᠰᠢ ᠢᠣᠢ ᠶᠠᠨ ᠶᠠᠨ ᠄ 《 < ᠦᠵᠡᠰᠬᠦᠯᠡᠡᠭᠳᠣ ᠰᠠᠶᠢᠬᠠᠨ ᠦᠪᠣᠷ ᠮᠣᠡᠭᠭᠣᠯ ᠤᠨ ᠪᠦᠳᠣᠭᠡᠨ ᠪᠠᠶᠢᠭᠣᠯᠵᠣ ᠠᠭᠣᠣ ᠶᠡᠬᠡ ᠲᠣᠮᠳᠠᠳᠣ ᠶ᠋ᠢᠨ ᠵᠡᠬᠦᠳᠣ ᠶ᠋ᠢ ᠬᠠᠮᠳᠣᠪᠡᠷ ᠲᠡᠷᠭᠡᠯᠰᠢᠬᠦᠯᠣᠶ᠎ᠡ > ᠭᠡᠰᠡᠨ ᠪᠢᠴᠢᠬᠡᠰᠣ ᠨᠢ ᠲᠦᠭ ᠲᠦᠮᠡᠨ ᠲᠠᠯ᠎ᠠ ᠨᠣᠳᠣᠭ ᠤᠨ ᠬᠦᠪᠡᠬᠦᠳ ᠥᠭᠢᠳ  ᠲᠦ ᠰᠢᠨ᠎ᠡ ᠱᠠᠭᠠᠷᠳᠠᠯᠭ᠎ᠠ ᠲᠠᠯᠪᠢᠭᠰᠠᠨ ᠮᠦᠷᠳᠡᠭᠡᠨ ᠵᠣᠷᠢᠭᠵᠢᠭᠣᠯᠣᠯ ᠣᠯᠭᠣᠵᠣ  ᠪᠠᠶᠢᠨ᠎ᠠ᠂ ᠨᠢᠬᠡᠨ ᠦᠨᠳᠣᠰᠣᠨ ᠱᠠᠳᠣᠨ ᠤ ᠠᠷᠠᠳ ᠤᠨ ᠪᠠᠭᠰᠢ ᠪᠤᠯᠤᠭᠰᠠᠳ ᠦᠪᠡᠷ ᠦᠨ ᠬᠡᠪ ᠪᠣᠯᠪᠠᠰᠣᠷᠠᠯ ᠢᠶᠡᠨ ᠲᠠᠰᠣᠷᠠᠯᠳᠠ ᠦᠬᠡᠢ ᠲᠡᠭᠡᠭᠰᠢᠯᠡᠬᠦᠯᠪᠡᠯ ᠰᠠᠶᠢ ᠡᠬᠡ ᠤᠯᠤᠰ ᠲᠤ ᠪᠠᠨ ᠣᠯᠠᠨ ᠣᠯᠠᠨ ᠴᠢᠳᠠᠪᠣᠷᠢᠳᠡᠨ ᠢ ᠬᠦᠮᠣᠵᠢᠬᠦᠯᠵᠣ ᠴᠢᠳᠠᠨ᠎ᠠ 》 ᠬᠡᠵᠣ ᠢᠯᠡᠷᠭᠡᠶᠢᠯᠡᠪᠡ ᠃
     ᠬᠣᠰᠢᠭᠣᠨ ᠤ ᠯᠦ ᠴᠢᠶᠣᠣ ᠬᠢᠵᠠᠭᠠᠷᠳᠣ ᠺᠣᠮᠫᠠᠨᠢ ᠶ᠋ᠢᠨ ᠠᠵᠢᠯᠲᠠᠨ ᠸᠠᠡᠭ ᠭᠦᠸ᠋ᠸ ᠴᠢ ᠄ 《 ᠶᠡᠷᠣᠡᠭᠭᠡᠢ ᠱᠦᠵᠢ ᠶ᠋ᠢᠨ ᠪᠢᠴᠢᠬᠡᠰᠣ ᠪᠢᠳᠡᠨ ᠦ ᠣᠶᠢᠯᠡᠰ ᠪᠣᠰᠬᠠᠬᠣ ᠬᠠᠯᠠᠭᠣᠨ ᠰᠡᠳᠬᠢᠯᠬᠡ ᠪᠠ ᠡᠷᠴᠢ ᠵᠣᠷᠢᠭ ᠢ  ᠬᠦᠭᠵᠢᠬᠡᠵᠣ  ᠪᠠᠶᠢᠨ᠎ᠠ  ᠪᠢᠳᠡ  ᠬᠣᠵᠢᠮ ᠬᠣᠶᠢᠰᠢᠳᠡ ᠶ᠋ᠢᠨ ᠠᠵᠢᠯ ᠳ᠋ᠠᠭᠠᠨ ᠨᠠᠮ ᠤᠨ ᠲᠦᠪ ᠬᠣᠷᠢᠶ᠎ᠠ ᠶ᠋ᠢᠨ ᠦᠪᠣᠷ ᠮᠣᠡᠭᠭᠣᠯ ᠤᠨ ᠬᠠᠶᠢᠷ᠎ᠠ ᠬᠠᠯᠠᠮᠵᠢ ᠶ᠋ᠢ ᠣᠷᠣᠭᠰᠢᠯᠠᠯᠳᠠ ᠶ᠋ᠢᠨ ᠲᠦᠯᠬᠢᠴᠡ ᠬᠦᠴᠣᠨ ᠪᠣᠯᠭᠠᠵᠣ ᠂ ᠦᠪᠡᠷ ᠦᠨ ᠠᠵᠢᠯ ᠢᠶᠡᠨ ᠰᠠᠶᠢᠳᠣᠷ ᠬᠢᠵᠣ ᠂ ᠬᠦᠴᠢᠷ ᠵᠣᠪᠠᠭᠣᠷᠢ ᠶ᠋ᠢ ᠬᠦᠯᠢᠴᠡᠨ ᠲᠡᠰᠪᠣᠷᠢᠯᠡᠵᠣ ᠣᠷᠣᠭᠰᠢ ᠵᠢᠳᠬᠦᠬᠦ ᠵᠣᠷᠢᠭ ᠰᠠᠨᠠᠭ᠎ᠠ ᠶ᠋ᠢ ᠪᠠᠳᠠᠷᠠᠭᠣᠯᠵᠣ ᠂ ᠪᠣᠬᠢᠷᠳᠣᠯ ᠦᠬᠡᠢ ᠡᠶ᠎ᠡ  ᠵᠣᠬᠢᠴᠠᠯ ᠲᠠᠢ ᠨᠠᠢᠮᠠᠨ ᠢ ᠪᠦᠳᠣᠭᠡᠨ  ᠪᠠᠶᠢᠭᠤᠯᠬᠤ ᠪᠠᠷ ᠴᠢᠷᠮᠠᠶᠢᠵᠠᠭᠠᠶ᠎ᠠ 》  ᠭᠡᠪᠡ ᠃ ( ᠮᠠ ᠪᠦᠬᠡ  ᠂   ᠬᠤ᠋ ᠶᠠᠩ ᠮᠡᠳᠡᠭᠡᠯᠡᠪᠡ  )
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ