ᠮᠠᠨ ᠤ ᠬᠤᠰᠢᠭᠤ 《 ᠨᠢᠬᠡ ᠲᠣᠰᠬᠤᠨ ᠨᠢᠬᠡ ᠬᠠᠣᠯᠢ ᠶ᠋ᠢᠨ ᠵᠦᠪᠯᠡᠭᠴᠢ》 ᠲᠠᠢ ᠪᠤᠯᠪᠠ

ᠣᠩᠰᠢᠭᠰᠠᠨ ᠤᠳᠠᠭ᠎ᠠ ᠄ 11350     ᠨᠡᠶᠢᠳᠡᠯᠡᠭᠰᠡᠨ ᠴᠠᠭ ᠄ 2017/8/14 15:05:55

       ᠣᠷᠴᠢᠮ ᠳ᠋ᠤ ᠂ ᠨᠠᠢᠮᠠᠨ ᠬᠤᠰᠢᠭᠤᠨ ᠤ 4 ᠰᠠᠭᠤᠷᠢ ᠬᠠᠣᠯᠢ ᠶ᠋ᠢᠨ ᠶᠠᠪᠣᠳᠠᠯ ᠤᠨ ᠲᠠᠰᠤᠭ ᠤᠨ 49 ᠨᠡᠷᠡᠰ ᠬᠠᠣᠯᠢᠴᠢ ᠪᠦᠬᠦ ᠬᠤᠰᠢᠭᠤᠨ ᠤ ᠪᠠᠨ 355 ᠭᠠᠴᠠᠭ᠎ᠠ ᠲᠣᠰᠬᠤᠨ ᠲᠠᠢ ᠬᠠᠣᠯᠢ ᠶ᠋ᠢᠨ ᠵᠦᠪᠯᠡᠭᠴᠢ ᠶ᠋ᠢᠨ ᠬᠡᠯᠡᠯᠴᠡᠭᠡᠷ ᠲᠣᠭᠳᠠᠵᠣ ᠂ 《 ᠨᠢᠬᠡ ᠲᠣᠰᠬᠤᠨ ᠨᠢᠬᠡ ᠬᠠᠣᠯᠢ ᠶ᠋ᠢᠨ ᠵᠦᠪᠯᠡᠭᠴᠢ》 ᠲᠠᠢ ᠪᠤᠯᠬᠤ ᠶ᠋ᠢ ᠪᠡᠶᠡᠯᠡᠬᠦᠯᠪᠡ ᠃ ᠵᠢᠯ ᠤᠨ ᠡᠬᠢᠨ ᠡᠴᠠ ᠨᠠᠰᠢ ᠂ ᠬᠠᠣᠯᠢᠴᠢᠳ ᠬᠠᠣᠯᠢ ᠶ᠋ᠢᠨ  ᠲᠣᠰᠠᠯᠠᠮᠵᠢ ᠶ᠋ᠢᠨ 81 ᠬᠡᠷᠡᠭ ᠢ ᠬᠦᠢᠴᠡᠳᠭᠡᠵᠣ ᠂ 15 ᠬᠤᠪᠢ ᠬᠠᠣᠯᠢ ᠶ᠋ᠢᠨ ᠪᠢᠴᠢᠭ ᠢ ᠣᠷᠣᠯᠠᠨ ᠪᠢᠴᠢᠨ ᠦᠭᠴᠦ ᠂ 155 ᠬᠦᠮᠣᠨ ᠣᠳᠠᠭ᠎ᠠ ᠬᠠᠣᠯᠢ ᠶ᠋ᠢᠨ ᠠᠰᠠᠭᠤᠨ ᠰᠣᠷᠠᠯᠳᠠ ᠬᠢᠭᠰᠡᠨ ᠬᠦᠮᠣᠰ ᠢ ᠬᠦᠯᠢᠶᠡᠨ ᠠᠪᠴᠣ ᠂ ᠬᠦᠳᠡᠭᠡ ᠲᠣᠰᠬᠤᠨ ᠮᠠᠯᠵᠢᠬᠤ ᠣᠷᠣᠨ ᠤ ᠮᠠᠯᠴᠢᠨ ᠲᠠᠷᠢᠶᠠᠴᠢᠨ ᠳ᠋ᠤ ᠬᠠᠣᠯᠢ ᠴᠠᠭᠠᠵᠠ ᠶ᠋ᠢᠨ ᠦᠢᠯᠡᠴᠢᠯᠡᠭᠡ ᠬᠢᠵᠡᠢ ᠃ ( ᠮᠠ ᠪᠦᠬᠡ ᠂ ᠪᠠᠢ  ᠤᠲᠠᠢ  ᠮᠡᠳᠡᠭᠡᠯᠡᠪᠡ )
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ