ᠨᠠᠢᠮᠠᠨ ᠬᠤᠰᠢᠭᠤᠨ ᠤ ( ᠮᠤᠩᠭᠤᠯ ) ᠸᠠᠩ ᠤᠨ ᠬᠣᠷᠤᠭ᠎ᠠ ᠶ᠋ᠢᠨ ᠮᠥᠽᠸᠢ ᠲᠠᠬᠢᠨ ᠰᠢᠨ᠎ᠡ ᠪᠡᠷ ᠡᠭᠦᠳᠡ ᠪᠠᠨ ᠨᠡᠬᠡᠭᠡᠬᠦ ᠪᠤᠯᠪᠠ

ᠣᠩᠰᠢᠭᠰᠠᠨ ᠤᠳᠠᠭ᠎ᠠ ᠄ 10747     ᠨᠡᠶᠢᠳᠡᠯᠡᠭᠰᠡᠨ ᠴᠠᠭ ᠄ 2017/8/10 17:39:58

ᠨᠠᠢᠮᠠᠨ ᠬᠤᠰᠢᠭᠤᠨ ᠤ ( ᠮᠤᠩᠭᠤᠯ ) ᠸᠠᠩ ᠤᠨ ᠬᠣᠷᠤᠭ᠎ᠠ ᠶ᠋ᠢᠨ  ᠮᠥᠽᠸᠢ ᠲᠠᠬᠢᠨ ᠰᠢᠨ᠎ᠡ ᠪᠡᠷ ᠡᠭᠦᠳᠡ ᠪᠠᠨ ᠨᠡᠬᠡᠭᠡᠬᠦ ᠪᠤᠯᠪᠠ
      8 ᠰᠠᠷ᠎ᠠ ᠶ᠋ᠢᠨ10 ᠤ ᠡᠳᠦᠷ ᠂ ᠬᠤᠶᠠᠷ ᠵᠢᠯ ᠦᠨ ᠬᠤᠭᠤᠴᠠᠭ᠎ᠠ ᠵᠢ ᠵᠠᠷᠤᠴᠠᠭᠤᠯᠵᠤ ᠰᠡᠯᠪᠢᠨ ᠵᠠᠰᠠᠭᠰᠠᠨ ᠨᠠᠢᠮᠠᠨ (ᠮᠤᠩᠭᠤᠯ ) ᠸᠠᠩ ᠤᠨ ᠬᠣᠷᠣᠭ᠎ᠠ ᠶ᠋ᠢᠨ ᠮᠥᠽᠸᠢ ᠲᠠᠬᠢᠨ ᠰᠢᠨ᠎ᠡ ᠪᠡᠷ  ᠡᠭᠦᠳᠡ ᠪᠠᠨ ᠨᠡᠬᠡᠭᠡᠬᠦ ᠪᠤᠯᠪᠠ ᠃ ᠡᠭᠦᠳᠡ ᠪᠠᠨ ᠨᠡᠬᠡᠭᠡᠬᠦ  ᠲᠤᠬᠠᠢ ᠶ᠋ᠢᠨ  ᠡᠳᠦᠷ ᠂ ᠡᠭᠦᠳᠡ ᠨᠡᠬᠡᠭᠡᠬᠦ ᠶᠣᠰᠤᠯᠠᠯ ᠦᠪᠡᠳᠡᠭᠰᠢ ᠶᠡᠬᠡ ᠪᠡᠷ ᠶᠠᠪᠤᠭᠳᠠᠭᠤᠯᠤᠨ ᠂  ᠨᠠᠢᠮᠠᠨ ᠤ ᠲᠡᠥᠬᠡ ᠰᠤᠶᠤᠯ ᠤᠨ ᠡᠷᠳᠡᠮ ᠰᠢᠨᠵᠢᠯᠡᠭᠡᠨ ᠤ  ᠶᠠᠷᠢᠯᠴᠠᠨ ᠰᠤᠳᠤᠯᠬᠤ ᠬᠤᠷᠠᠯ ᠂ ᠪᠢᠴᠢᠯᠭᠡ ᠵᠢᠷᠤᠭ ᠤᠳᠬ᠎ᠠ ᠤᠷᠠᠯᠢᠭ ᠤᠨ ᠦᠵᠦᠭ ᠦᠨ ᠴᠤᠭᠯᠠᠭᠠᠨ ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ   ᠪᠠᠶᠢᠭᠤᠯᠤᠭᠳᠠᠭᠰᠠᠨ70 ᠵᠢᠯ ᠦᠨ ᠤᠢ ᠶ᠋ᠢᠨ ᠲᠣᠮᠤ ᠬᠡᠪᠴᠢᠶᠡᠨ ᠤ ᠲᠡᠥᠬᠡᠨ ᠦᠷ᠎ᠡ ᠪᠦᠳᠦᠭᠡᠯ ᠦᠨ ᠵᠢᠷᠤᠭ  ᠵᠡᠷᠭᠡ ᠶ᠋ᠢᠨ ᠲᠡᠯᠭᠡᠨ ᠦᠵᠡᠭᠦᠯᠦᠯᠭᠡ ᠶ᠋ᠢᠨ ᠬᠦᠳᠡᠯᠭᠡᠭᠡᠨ ᠢ ᠦᠷᠨᠢᠭᠦᠯᠪᠡ ᠃
      ᠨᠠᠢᠮᠠᠨ (ᠮᠤᠩᠭᠤᠯ ) ᠸᠠᠩ ᠤᠨ ᠬᠣᠷᠣᠭ᠎ᠠ ᠶ᠋ᠢᠨ ᠮᠥᠽᠸᠢ ᠪᠣᠯ ᠨᠠᠢᠮᠠᠨ ᠬᠤᠰᠢᠭᠤᠨ ᠤ ᠳᠠᠴᠢᠨᠳᠠᠯ᠎ᠠ ᠪᠠᠯᠭᠠᠰᠤᠨ ᠤ ᠬᠢᠯᠢ ᠳ᠋ᠥ  ᠣᠷᠤᠰᠢᠵᠣ ᠂  ᠬᠤᠰᠢᠭᠤᠨ  ᠲᠦᠪ ᠳᠠᠴᠢᠨᠳᠠᠯ᠎ᠠ ᠪᠠᠯᠭᠠᠰᠤ ᠶ᠋ᠢᠨ ᠸᠠᠩ ᠹᠦ᠋  ᠵᠡᠭᠡᠯᠢ ᠶ᠋ᠢᠨ ᠪᠠᠷᠠᠭᠤᠨ ᠬᠡᠰᠡᠭ  ᠤᠨ ᠤᠮᠠᠷ᠎ᠠ ᠲᠠᠯ᠎ᠠ  ᠳ᠋ᠥ ᠪᠠᠶᠢᠨ᠎ᠠ  ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ ᠤ ᠬᠠᠮᠤᠭ ᠤᠨ ᠪᠦᠷᠢᠨ ᠪᠦᠳᠦᠨ ᠬᠠᠳᠠᠭᠠᠯᠠᠭᠳᠠᠵᠤ ᠪᠠᠶᠢᠭ᠎ᠠ ᠴᠢᠩ ᠦᠨ  ᠦᠶ᠎ᠡ ᠶ᠋ᠢᠨ(ᠮᠤᠩᠭᠤᠯ ) ᠸᠠᠩ ᠤᠨ ᠬᠣᠷᠤᠭ᠎ᠠ ᠶ᠋ᠢᠨ ᠨᠢᠭᠡ ᠨᠢ ᠪᠤᠯᠤᠨ᠎ᠠ ᠃ ᠴᠢᠩ ᠤᠯᠤᠰ ᠤᠨ ᠨᠠᠢᠮᠠᠨ ᠬᠤᠰᠢᠭᠤᠨ ᠤ ᠬᠠᠮᠤᠭ ᠤᠨ ᠲᠡᠭᠡᠳᠤ ᠨᠤᠶᠠᠷᠬᠠᠭᠴᠢ ᠠᠩᠬᠢ ᠶ᠋ᠢᠨ ᠠᠯᠪᠠᠨ  ᠪᠠᠶᠢᠭᠤᠯᠭ᠎ᠠ ᠶ᠋ᠢᠨ ᠰᠠᠭᠤᠭ᠎ᠠ ᠭᠠᠵᠠᠷ ᠪᠠᠶᠢᠵᠤ ᠂  ᠬᠣᠪᠤᠷ ᠲᠣᠬᠢᠶᠠᠯᠳᠤᠬᠣ ᠦᠨᠳᠦᠰᠦᠳᠡᠨ ᠤ  ᠦᠪ ᠰᠤᠶᠤᠯ ᠤᠨ ᠬᠦᠰᠢᠭᠦᠷᠭᠡ ᠪᠤᠯᠤᠨ᠎ᠠ ᠃ ᠤᠤᠯ ᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠤᠨ ᠤ ᠨᠠᠮ ᠤᠨ ᠡᠭᠦᠷ ᠦᠨ ᠱᠦᠵᠢ ᠂ ᠪᠦᠬᠦ  ᠤᠯᠤᠰ ᠤᠨ ᠠᠷᠠᠳ ᠤᠨ ᠲᠦᠯᠦᠭᠡᠯᠡᠭᠴᠢᠳ ᠦᠨ ᠶᠡᠬᠡ ᠬᠤᠷᠠᠯ ᠤᠨ  ᠪᠠᠶᠢᠩᠭᠤ ᠶ᠋ᠢᠨ ᠬᠣᠷᠢᠶ᠎ᠠ ᠶ᠋ᠢᠨ ᠳᠡᠳ᠋ ᠬᠤᠷᠢᠶᠠᠨ ᠳᠠᠷᠤᠭ᠎ᠠ ᠪᠦᠬᠡ ᠡᠴᠡ ᠸᠠᠩ ᠤᠨ ᠬᠣᠷᠤᠭᠠᠨ ᠤ ᠮᠥᠽᠸᠢ ᠳ᠋ᠥ   《ᠨᠠᠢᠮᠠᠨ ᠬᠤᠰᠢᠭᠤᠨ ᠤ(ᠮᠤᠩᠭᠤᠯ ) ᠸᠠᠩ ᠤᠨ ᠬᠣᠷᠤᠭ᠎ᠠ ᠶ᠋ᠢᠨ  ᠮᠥᠽᠸᠢ 》  ᠭᠡᠰᠡᠨ ᠭᠠᠷ ᠤᠨ ᠦᠰᠦᠭ ᠲᠠᠢ  ᠪᠢᠴᠢᠭᠡᠰᠦ ᠦᠯᠡᠳᠡᠭᠡᠭᠰᠡᠨ ᠶᠤᠮ ᠃ 2004 ᠤᠨ ᠤ 8 ᠰᠠᠷ᠎ᠠ ᠶ᠋ᠢᠨ ᠡᠬᠢᠨ ᠢᠶ᠋ᠡᠷ ᠂ ᠮᠠᠥ ᠽᠸ ᠳ᠋ᠦᠩ ᠲᠡᠷᠢᠭᠦᠯᠡᠭᠴᠢ ᠶ᠋ᠢᠨ ᠬᠤᠶᠠᠳᠤᠭᠠᠷ ᠬᠦᠦ ᠪᠡᠷᠢ ᠱᠤᠤ ᠬᠤᠸᠠ ᠵᠠᠩᠵᠤᠨ  ᠪᠠᠶᠠᠰᠤᠯ ᠲᠠᠢ ᠪᠡᠷ ᠡᠨᠳᠡ ᠢᠷᠡᠵᠦ ᠲᠣᠭᠤᠷᠢᠨ ᠦᠵᠡᠭᠰᠡᠨ ᠶᠤᠮ ᠃ 2013 ᠣᠨ ᠳ᠋ᠥ ᠪᠦᠬᠦ ᠣᠷᠤᠨ ᠤ ᠭᠤᠤᠯᠳᠠᠯᠭᠠᠳᠤ ᠲᠡᠥᠬᠡᠨ ᠲᠤᠷᠠᠰᠬᠠᠯᠳᠤ ᠵᠦᠢᠯᠡᠰ ᠢ ᠬᠠᠮᠠᠭᠠᠯᠠᠬᠤ ᠨᠢᠭᠡᠴᠡ ᠶ᠋ᠢᠨ ᠰᠠᠭᠤᠷᠢᠨ ᠲᠡᠭᠡᠷ᠎ᠡ ᠂  ᠴᠢᠩ ᠦᠨ ᠦᠶ᠎ᠡ ᠶ᠋ᠢᠨ ᠨᠠᠢᠮᠠᠨ (ᠮᠤᠩᠭᠤᠯ ) ᠸᠠᠩ ᠤᠨ ᠬᠣᠷᠣᠭ᠎ᠠ ᠶ᠋ᠢᠨ  ᠤᠨᠴᠠ ᠪᠠᠶᠢᠬᠤ ᠲᠡᠥᠬᠡᠨ ᠲᠤᠷᠠᠰᠬᠠᠯᠳᠤ ᠵᠦᠢᠯᠡᠰ  ᠦᠨ ᠦᠨ᠎ᠡ  ᠦᠷᠳᠡᠭ ᠢᠶ᠋ᠡᠷ ᠢᠶ᠋ᠡᠨ ᠲᠦᠷᠦ ᠶ᠋ᠢᠨ ᠶᠠᠪᠤᠳᠠᠯ ᠤᠨ ᠬᠤᠷᠢᠶᠠᠨ ᠳ᠋ᠥ ᠪᠦᠬᠦ ᠤᠯᠤᠰ ᠤᠨ ᠲᠤᠯᠤᠳᠤᠭᠠᠷ ᠪᠦᠯᠦᠭ  ᠤᠨ   ᠭᠣᠣᠯᠳᠠᠯᠭᠠᠳᠤ ᠲᠡᠥᠬᠡᠨ ᠲᠤᠷᠠᠰᠬᠠᠯᠳᠤ ᠵᠦᠢᠯᠡᠰ ᠢ  ᠬᠠᠮᠠᠭᠠᠯᠠᠬᠤ ᠨᠢᠭᠡᠴᠡ ᠪᠡᠷ ᠨᠡᠶᠢᠳᠡᠯᠡᠭᠳᠡᠵᠡᠢ ᠃
     ᠨᠠᠢᠮᠠᠨ (ᠮᠤᠩᠭᠤᠯ ) ᠸᠠᠩ ᠤᠨ ᠬᠣᠷᠣᠭ᠎ᠠ 31000 ᠲᠡᠭᠰᠢ ᠲᠦᠷᠪᠡᠯᠵᠢᠨ ᠮᠸᠲ᠋ᠷ ᠭᠠᠵᠠᠷ ᠢ ᠡᠵᠡᠯᠡᠨ ᠂ 191 ᠢᠯᠡᠭᠦᠦ ᠲᠠᠰᠤᠯᠭ᠎ᠠ  ᠥᠷᠦᠭᠡ ᠲᠠᠢ ᠂ ᠬᠣᠷᠤᠭᠠᠨ ᠲᠣᠳᠣᠷ᠎ᠠ ᠬᠤᠷᠤᠭ᠎ᠠ ᠶ᠋ᠢᠨ ᠪᠦᠳᠦᠴᠡ ᠪᠠᠶᠢᠷᠢᠰᠢᠯ ᠲᠠᠢ ᠃  ᠪᠠᠷᠢᠯᠭ᠎ᠠ ᠨᠢ ᠪᠦᠬᠦᠨ ᠢᠶ᠋ᠡᠷ ᠢᠶ᠋ᠡᠨ  ᠬᠦᠬᠡ ᠸᠠᠭᠠᠷ ᠬᠦᠬᠡ ᠲᠤᠭᠤᠰᠬ᠎ᠠ ᠶ᠋ᠢ ᠬᠡᠷᠡᠭᠯᠡᠨ ᠂ ᠬᠡᠷᠡᠮ ᠴᠤᠭᠴᠠᠰ ᠢᠶᠡᠨ ᠪᠦᠬᠡᠯᠢᠭ ᠰᠠᠶᠢᠬᠠᠨ ᠪᠤᠰᠬᠠᠵᠤ ᠂  ᠭᠡᠷ ᠦᠨ ᠨᠢᠷᠤᠭᠤ ᠨᠢ  ᠯᠣᠣ ᠶ᠋ᠢᠨ ᠰᠡᠶᠢᠯᠦᠮᠡᠯ ᠲᠠᠢ  ᠨᠠᠷᠠᠰᠤᠨ ᠮᠤᠳᠤᠨ ᠪᠦᠳᠦᠴᠡ ᠲᠠᠢ ᠂  ᠭᠡᠷ ‍ᠤᠨ ᠲᠡᠭᠡᠪᠦᠷ ᠨᠢ ᠮᠠᠳᠠᠷ ᠤᠨ ᠲᠣᠯᠤᠭᠠᠢ ᠲᠠᠢ ᠲᠤᠰᠬᠤᠭᠤᠷ ᠸᠠᠭᠠᠷ ᠢ ᠵᠦᠢ  ᠶᠤᠰᠤ ᠲᠠᠢ ᠵᠡᠷᠭᠡᠯᠡᠨ  ᠵᠢᠭᠰᠠᠭᠠᠵᠤ ᠂  ᠡᠮᠦᠨ᠎ᠡ ᠬᠣᠩᠬᠢᠯ ᠠᠷᠤ ᠥᠷᠦᠭᠡ ᠨᠢ  ᠬᠡᠭᠡᠨᠴᠢᠷ ᠭᠤᠶᠤᠮᠰᠤᠭ ᠂ ᠭᠦᠨ ᠵᠤᠵᠠᠭᠠᠨ ᠦᠨᠳᠦᠰᠦᠳᠡᠨ ᠤ ᠤᠨᠴᠠᠯᠢᠭ ᠰᠢᠨᠵᠢ ᠲᠠᠢ ᠃ ᠪᠦᠬᠦᠶᠢᠯᠡ  ᠪᠠᠶᠢᠷᠢᠯᠠᠭᠤᠯᠤᠯᠳᠠ ᠨᠢ ᠹᠸᠥᠳᠠᠯ ᠨᠡᠶᠢᠭᠡᠮ ᠦᠨ ᠸᠠᠩ ᠭᠦᠩ ᠦᠨ 《ᠨᠡᠷ᠎ᠡ ᠬᠦᠨᠳᠦ 》 ᠪᠠ  ᠲᠦᠪ ᠴᠢᠩᠭ᠎ᠠ ᠹᠸᠥᠳᠠᠯ ᠨᠡᠶᠢᠭᠡᠮ ᠦᠨ ᠵᠡᠷᠭᠡ ᠲᠡᠰ ᠦᠨ  ᠲᠦᠷᠢᠮ ᠲᠣᠭᠳᠠᠭᠠᠯ ᠢ  ᠲᠤᠰᠬᠠᠵᠤ ᠂  ᠬᠢᠴᠠ ᠵᠠᠭᠪᠤᠷ ᠪᠠ ᠪᠦᠳᠦᠴᠡ ᠨᠢ ᠮᠠᠨ ᠤ ᠤᠯᠤᠰ ᠤᠨ  ᠡᠷᠳᠡᠨ ᠤ ᠪᠠᠷᠢᠯᠭ᠎ᠠ ᠶ᠋ᠢᠨ ᠤᠳᠬ᠎ᠠ ᠤᠷᠠᠯᠢᠭ ᠤᠨ ᠰᠢᠯᠢᠳᠡᠭ ᠰᠠᠶᠢᠨ ᠤᠯᠠᠮᠵᠢᠯᠠᠯᠳᠤ ᠬᠡᠪ ᠨᠠᠮᠪᠠ ᠪᠠ ᠦᠪᠡᠷᠮᠢᠴᠡ ᠣᠨᠴᠠᠯᠢᠭ ‍ᠢ  ᠢᠯᠡᠷᠡᠭᠦᠯᠵᠡᠢ ᠃  ᠦᠯᠡᠳᠡᠭᠳᠡᠵᠦ ᠪᠦᠬᠦᠢ ᠲᠡᠥᠬᠡᠨ ᠲᠤᠷᠠᠰᠬᠠᠯᠳᠤ  ᠵᠦᠢᠯᠡᠰ ᠨᠢ ᠴᠢᠩ ᠦᠨ ᠦᠶ᠎ᠡ ᠶ᠋ᠢᠨ ᠬᠢᠯᠢ ᠲᠠᠭᠠᠥ ᠣᠷᠤᠨ ᠤ ᠴᠦᠬᠡᠨ ᠲᠤᠭᠠᠳᠤ ᠦᠨᠳᠦᠰᠦᠳᠡᠨ ᠤ  ᠤᠯᠤᠰ ᠲᠦᠷᠦ  ᠂ ᠠᠵᠤ ᠠᠬᠤᠢ ᠂  ᠰᠤᠶᠤᠯ ᠂ ᠤᠳᠬ᠎ᠠ ᠤᠷᠠᠯᠢᠭ ᠵᠢᠴᠢ ᠴᠦᠬᠡᠨ ᠲᠤᠭᠠᠳᠤ ᠦᠨᠳᠦᠰᠦᠳᠡᠨ ᠤ  ᠵᠠᠩ ᠲᠠᠳᠬᠠᠯ ᠵᠡᠷᠭᠡ ᠵᠢ ᠰᠤᠳᠤᠯᠬᠤ ᠳ᠋ᠥ ᠶᠡᠬᠡ ᠬᠡᠮᠵᠢᠶᠡᠨ ᠤ ᠪᠤᠳᠠᠳᠤ ᠮᠠᠲ᠋ᠸᠷᠢᠶᠠᠯ ᠢ ᠬᠠᠩᠭᠠᠵᠠᠢ ᠃
      ᠨᠠᠢᠮᠠᠨ ᠬᠤᠰᠢᠭᠤ ᠪᠣᠯ  ᠠᠭᠤᠯᠠ ᠮᠦᠷᠡᠨ ᠰᠦᠷᠯᠢᠭ ᠰᠠᠶᠢᠬᠠᠨ ᠂ ᠦᠨᠢ ᠤᠳᠠᠭᠠᠨ ᠲᠡᠥᠬᠡ ᠲᠠᠢ ᠂ ᠤᠮᠠᠷᠠᠳᠤ ᠣᠷᠤᠨ ᠤ ᠮᠤᠷᠢᠨ ᠨᠢᠷᠤᠭᠤᠨ ᠲᠡᠭᠡᠷᠡᠬᠢ ᠦᠨᠳᠦᠰᠦᠳᠡᠨ  ᠤ ᠡᠷᠬᠡ ᠦᠭᠡᠢ ᠪᠤᠯᠢᠶᠠᠯᠳᠤᠬᠤ ᠭᠠᠵᠠᠷ ᠣᠷᠤᠨ ᠪᠠᠶᠢᠵᠤ ᠂ ᠶᠤᠸᠠᠨ ᠮᠢᠩ ᠬᠤᠶᠠᠷ ᠲᠦᠷᠦ ᠶ᠋ᠢᠨ ᠦᠶ᠎ᠡ ᠳ᠋ᠥ ᠂ ᠨᠠᠢᠮᠠᠨ ᠠᠶᠢᠮᠠᠭ ᠤᠨ ᠪᠠᠶᠢᠷᠢ ᠰᠠᠭᠤᠷᠢ ᠨᠡᠷ᠎ᠡ ᠠᠯᠳᠠᠷᠳᠠᠢ  ᠪᠠᠶᠢᠵᠤ ᠪᠦᠬᠦ ᠲᠠᠯ᠎ᠠ ᠶ᠋ᠢ ᠨᠦᠯᠦᠭᠡᠯᠡᠵᠦ ᠪᠠᠶᠢᠵᠠᠢ ᠃ ᠣᠨᠴᠤᠭᠤᠶᠢᠯᠠᠨ ᠴᠢᠩ ᠦᠨ ᠦᠶ᠎ᠡ ᠳ᠋ᠥ ᠬᠦᠷᠦᠭᠡᠳ ᠂ ᠮᠠᠨᠵᠤ ᠮᠤᠩᠭᠤᠯ ᠬᠤᠳᠠ ᠤᠷᠤᠭ ᠪᠠᠷᠢᠯᠳᠤᠬᠤ ᠲᠦᠷᠦ ᠶ᠋ᠢᠨ ᠦᠨᠳᠦᠰᠦᠨ ᠪᠤᠳᠤᠯᠭ᠎ᠠ ᠪᠠ ᠠᠶᠢᠮᠠᠭ  ᠬᠤᠰᠢᠭᠤᠨ ᠤ ᠲᠦᠷᠢᠮ ᠲᠣᠭᠳᠠᠭᠠᠯ ᠢ  ᠬᠡᠷᠡᠭᠵᠢᠭᠦᠯᠦᠭᠰᠡᠨ ᠡᠴᠡ ᠂  ᠨᠠᠢᠮᠠᠨ ᠬᠤᠰᠢᠭᠤ ᠨᠢ ᠲᠣᠳᠤᠭᠠᠳᠤ ᠵᠠᠰᠠᠭ ᠤᠨ 24 ᠠᠶᠢᠮᠠᠭ ᠂ 49 ᠬᠤᠰᠢᠭᠤᠨ ᠤ ᠨᠢᠭᠡ ᠨᠢ ᠪᠤᠯᠵᠠᠢ ᠃ ᠴᠢᠩ ᠦᠨ ᠲᠡᠭᠡᠳᠤ ᠡᠷᠳᠡᠮᠳᠤ ᠬᠠᠭᠠᠨ ᠤ ᠠᠩᠬᠠᠨ ᠤ  ᠤᠨ (1636  ᠣᠨ )  ᠳ᠋ᠥ ᠴᠢᠩᠭᠢᠰ ᠦᠨ ᠬᠤᠷᠢᠳᠤᠭᠠᠷ ᠦᠶ᠎ᠡ ᠶ᠋ᠢᠨ ᠤᠮᠪᠤᠯᠤ ᠭᠤᠨᠴᠤᠭ ᠪᠠᠰᠠ ᠴᠢᠩ ᠦᠨ ᠵᠠᠰᠠᠭ ᠤᠨ ᠣᠷᠳᠤᠨ ᠳ᠋ᠥ  ᠵᠠᠰᠠᠭ ᠲᠦᠷᠦᠳᠦ ᠲᠠᠷᠬᠠᠨ ᠵᠢᠶᠦ᠋ᠨ ᠸᠠᠩ ᠢᠶᠠᠷ ᠡᠷᠭᠦᠮᠵᠢᠯᠡᠭᠳᠡᠵᠦ ᠂ ᠦᠶ᠎ᠡ ᠤᠯᠠᠮᠵᠢᠯᠠᠬᠤ ᠤᠨᠴᠤᠭᠤᠢ ᠦᠩᠭᠡ  ᠭᠢᠯᠪᠠᠭ᠎ᠠ ᠶ᠋ᠢ ᠡᠳ᠋ᠯᠡᠭᠰᠡᠨ ᠶᠤᠮ ᠃ ᠡᠭᠦᠨ ᠡᠴᠡ ᠰᠡᠭᠦᠯᠡᠷ ᠂ ᠨᠠᠢᠮᠠᠨ12 ᠦᠶ᠎ᠡ ᠶ᠋ᠢᠨ16  ᠸᠠᠩᠶ᠋ᠸ ᠲᠤᠰᠢᠶᠠᠯ ᠬᠠᠷᠢᠭᠤᠴᠠᠨ ᠨᠡᠶᠢᠳᠡ300 ᠵᠢᠯ ᠦᠨ ᠨᠤᠶᠠᠷᠬᠠᠯ ᠤᠨ ᠲᠡᠥᠬᠡ ᠵᠢ ᠡᠬᠢᠯᠡᠭᠰᠡᠨ ᠶᠤᠮ ᠃ ᠶᠠᠭ ᠡᠨᠡᠬᠦ ᠬᠤᠪᠢᠷᠠᠯᠳᠠ   ᠶᠡᠬᠡ ᠲᠠᠢ ᠲᠡᠥᠬᠡ  ᠨᠢ ᠪᠢᠳᠡᠨ ᠳ᠋ᠥ ᠰᠦᠷ ᠵᠢᠪᠬᠤᠯᠠᠩ ᠲᠠᠢ ᠡᠪᠯᠢᠭ ᠰᠠᠶᠢᠬᠠᠨ ᠪᠠᠷᠢᠯᠭ᠎ᠠ ᠲᠠᠢ  ᠵᠠᠰᠠᠭ  ᠲᠦᠷᠦᠳᠦ  ᠲᠠᠷᠬᠠᠨ ᠵᠢᠶᠦ᠋ᠨ ᠸᠠᠩ  ᠤᠨ ᠬᠤᠷᠤᠭ᠎ᠠ ᠵᠢ ᠦᠯᠡᠳᠡᠭᠡᠨ ᠦᠭᠴᠦ ᠂ ᠦᠨᠦᠳᠦᠷ ᠦᠨ  ᠪᠢᠳᠡᠨ ᠢ ᠮᠦᠨ ᠡᠨᠡᠬᠦ ᠸᠠᠩ ᠤᠨ ᠬᠤᠷᠤᠭ᠎ᠠ ᠪᠡᠷ ᠤᠶᠢᠷ᠎ᠠ ᠶ᠋ᠢᠨ ᠭᠤᠷᠪᠠᠨ ᠵᠠᠭᠤᠨ ᠵᠢᠯ ᠦᠨ ᠨᠠᠢᠮᠠᠨ ᠤ ᠤᠯᠤᠰ ᠲᠦᠷᠦ ᠂ ᠠᠵᠤ ᠠᠬᠤᠢ ᠂ ᠰᠤᠶᠤᠯ ᠂  ᠵᠠᠩ ᠲᠠᠳᠬᠠᠯ ᠤᠨ ᠬᠦᠭᠵᠢᠯᠳᠡ ᠵᠢ ᠡᠷᠭᠢᠴᠡᠭᠦᠯᠵᠦ ᠂ ᠨᠠᠢᠮᠠᠨ  ᠤ ᠴᠢᠩ ᠤᠯᠤᠰ ᠤᠨ ᠨᠤᠶᠠᠷᠬᠠᠯ ᠤᠨ ᠦᠶ᠎ᠡ  ᠳ᠋ᠥ ᠬᠢ ᠪᠠᠶᠢᠷᠢ ᠰᠠᠭᠤᠷᠢ ᠵᠢ ᠨᠡᠪᠳᠡᠷᠬᠡᠢ ᠤᠶᠢᠯᠠᠭᠠᠨ ᠂ ᠪᠠᠷᠢᠯᠭ᠎ᠠ ᠨᠢᠭᠡᠪᠦᠷᠢ ᠂ ᠲᠡᠥᠬᠡ ᠶ᠋ᠢᠨ ᠲᠤᠷᠠᠰᠬᠠᠯᠳᠤ ᠵᠦᠢᠯᠡᠰ ᠨᠢᠭᠡᠪᠦᠷᠢ ᠶ᠋ᠢᠨ ᠠᠭᠤᠯᠤᠭᠳᠠᠵᠤ ᠪᠠᠶᠢᠬᠤ ᠭᠦᠨ  ᠤᠬᠠᠭᠠᠨ ᠤ ᠦᠵᠡᠯ ᠰᠠᠨᠠᠭ᠎ᠠ ᠪᠠ ᠭᠤᠸ᠎ᠠ ᠵᠦᠢ ᠶ᠋ᠢᠨ ᠤᠳᠬ᠎ᠠ ᠰᠠᠨᠠᠭ᠎ᠠ ᠵᠢ ᠤᠬᠠᠵᠤ ᠪᠤᠯᠤᠨ᠎ᠠ ᠃ ᠨᠢᠭᠡ ᠯᠡ ᠦᠭᠡ ᠪᠡᠷ ᠬᠡᠯᠡᠪᠡᠯ ᠂ ᠲᠡᠷᠡ ᠪᠣᠯ ᠡᠯᠪᠡᠭ ᠪᠠᠶᠠᠯᠢᠭ ᠡᠷᠳᠡᠨᠢᠰ ᠦᠨ ᠰᠠᠩ ᠂ ᠦᠨᠳᠦᠰᠦᠳᠡᠨ ᠪᠠ ᠦᠨᠳᠦᠰᠦᠳᠡᠨ ᠤ ᠬᠤᠭᠤᠷᠤᠨᠳᠤᠬᠢ ᠨᠢᠭᠳᠠᠷᠠᠯ ᠪᠦᠯᠬᠦᠮᠳᠡᠯ ᠦᠨ ᠪᠡᠯᠭᠡ ᠲᠡᠮᠳᠡᠭ ᠂ ᠲᠤᠮᠳᠠᠳᠤ ᠶ᠋ᠢᠨ ᠦᠨᠳᠦᠰᠦᠳᠡᠨ ᠤ ᠰᠤᠶᠤᠯ ᠤᠨ ᠦᠯᠡᠳᠡᠭᠳᠡᠯ ᠦᠨ ᠴᠢᠬᠤᠯᠠ ᠪᠦᠷᠢᠯᠳᠦᠭᠦᠨ ᠬᠡᠰᠡᠭ ᠪᠤᠯᠤᠨ᠎ᠠ ᠃
      ᠡᠷᠬᠢᠮ ᠨᠠᠨᠳᠢᠨ ᠲᠡᠥᠬᠡ ᠰᠤᠶᠤᠯ ᠤᠨ ᠦᠯᠡᠳᠡᠭᠳᠡᠯ  ᠢᠶᠡᠨ ᠬᠠᠮᠠᠭᠠᠯᠠᠵᠤ ᠂ ᠰᠢᠯᠢᠳᠡᠭ ᠰᠠᠶᠢᠨ ᠦᠨᠳᠦᠰᠦᠳᠡᠨ ᠤ ᠦᠪ ᠰᠤᠶᠤᠯ  ᠢᠶᠡᠨ   ᠤᠯᠠᠮᠵᠢᠯᠠᠬᠤ ᠶ᠋ᠢᠨ ᠲᠦᠯᠦᠭᠡ ᠂1985 ᠤᠨ ᠤ 4 ᠰᠠᠷ᠎ᠠ ᠳ᠋ᠥ ᠂ 《  ᠨᠠᠢᠮᠠᠨ ᠬᠤᠰᠢᠭᠤᠨ ᠤ (ᠮᠤᠩᠭᠤᠯ ) ᠸᠠᠩ ᠤᠨ ᠬᠣᠷᠤᠭ᠎ᠠ ᠶ᠋ᠢᠨ  ᠮᠥᠽᠸᠢ 》 ᠵᠢ ᠪᠠᠶᠢᠭᠤᠯᠤᠨ ᠭᠠᠳᠠᠭᠰᠢ  ᠨᠡᠭᠡᠬᠡᠪᠡ ᠂ ᠮᠦᠽᠸᠢ ᠳ᠋ᠥ ᠨᠠᠢᠮᠠᠨ ᠤ(ᠮᠤᠩᠭᠤᠯ ) ᠸᠠᠩ ᠤᠨ ᠬᠤᠷᠤᠭ᠎ᠠ ᠶ᠋ᠢᠨ ᠡᠳ᠋ᠯᠡᠯ ᠢ ᠤᠤᠯ ᠤᠨ ᠪᠠᠶᠢᠳᠠᠯ ᠢ  ᠰᠡᠷᠭᠦᠭᠡᠭᠰᠡᠨ ᠲᠡᠯᠭᠡᠨ ᠦᠵᠡᠭᠦᠯᠦᠯᠭᠡ ᠪᠡᠷ ᠭᠤᠤᠯ ᠪᠤᠯᠭᠠᠵᠤ ᠂ 《ᠲᠤᠰᠬᠠᠢ  ᠰᠡᠳᠦᠪᠳᠤ  ᠲᠡᠯᠭᠡᠨ ᠦᠵᠡᠭᠦᠯᠦᠯᠭᠡ 》  ᠪᠡᠷ ᠬᠠᠪᠰᠤᠷᠤᠭ᠎ᠠ ᠪᠤᠯᠭᠠᠭᠰᠠᠨ ᠣᠯᠠᠨ ᠦᠵᠡᠭᠦᠯᠦᠯᠭᠡ ᠶ᠋ᠢᠨ  ᠦᠷᠦᠭᠡ  ᠲᠤᠬᠢᠷᠠᠭᠤᠯᠵᠤ ᠂ ᠨᠠᠢᠮᠠᠨ ᠤ (ᠮᠤᠩᠭᠤᠯ ) ᠸᠠᠩ ᠤᠨ ᠬᠤᠷᠤᠭ᠎ᠠ ᠶ᠋ᠢᠨ ᠦᠶ᠎ᠡ ᠤᠯᠠᠮᠵᠢᠯᠠᠭᠰᠠᠨᠲᠡᠥᠬᠡ ᠶ᠋ᠢᠨ ᠲᠤᠷᠠᠰᠬᠠᠯᠳᠤ ᠵᠦᠢᠯᠡᠰ  ᠢ ᠬᠡᠳᠦᠨ  ᠵᠠᠭᠤᠨ ᠵᠦᠢᠯ ᠲᠡᠯᠭᠡᠨ ᠦᠵᠡᠭᠦᠯᠦᠭᠰᠡᠨ ᠨᠠᠢᠮᠠᠨ ᠤ (ᠮᠤᠩᠭᠤᠯ ) ᠸᠠᠩ ᠤᠨ ᠬᠤᠷᠤᠭ᠎ᠠ ᠶ᠋ᠢᠨ ᠲᠡᠥᠬᠡ ᠶ᠋ᠢᠨ ᠦᠵᠡᠮᠵᠢ ᠵᠢ ᠲᠠᠬᠢᠨ ᠢᠯᠡᠷᠡᠭᠦᠯᠵᠡᠢ ᠃ ᠨᠠᠢᠮᠠᠨ ᠤ (ᠮᠤᠩᠭᠤᠯ ) ᠸᠠᠩ ᠤᠨ ᠬᠤᠷᠤᠭ᠎ᠠ ᠨᠢ  ᠦᠪᠡᠷᠮᠢᠴᠡ ᠤᠨᠴᠠᠯᠢᠭ ᠲᠠᠢ ᠲᠡᠥᠬᠡ ᠰᠤᠶᠤᠯ ᠤᠨ  ᠠᠬᠤᠭᠤᠯᠤᠭᠳᠠᠬᠤᠨ ᠪᠠ ᠡᠷᠳᠡᠨ ᠤ ᠪᠠᠷᠢᠯᠭ᠎ᠠ ᠶ᠋ᠢᠨ  ᠲᠦᠷᠰᠦ ᠪᠠᠶᠢᠳᠠᠯ  ᠢᠶᠠᠷ ᠢᠶ᠋ᠡᠨ ᠨᠠᠢᠮᠠᠨ ᠬᠣᠰᠢᠭᠤᠨ ᠤ ᠮᠤᠩᠭᠤᠯ ᠦᠨᠳᠦᠰᠦᠳᠡᠨ ᠤ  ᠲᠡᠥᠬᠡᠳᠤ ᠵᠠᠩ ᠦᠢᠯᠡ ᠶ᠋ᠢᠨ ᠦᠵᠡᠭᠦᠯᠦᠯᠭᠡ ᠶ᠋ᠢᠨ ᠴᠤᠩᠬᠤ ᠪᠤᠯᠵᠠᠢ ᠃
       ᠣᠳᠤ ᠬᠤᠶᠠᠷ ᠵᠢᠯ ᠦᠨ  ᠲᠠᠬᠢᠨ ᠡᠮᠬᠢᠯᠡᠵᠦ ᠲᠡᠭᠰᠢᠯᠡᠬᠦ ᠪᠡᠷ ᠲᠠᠮᠵᠢᠨᠨᠠᠢᠮᠠᠨ ᠤ (ᠮᠤᠩᠭᠤᠯ ) ᠸᠠᠩ ᠤᠨ ᠬᠤᠷᠤᠭ᠎ᠠ ᠶ᠋ᠢᠨ ᠮᠥᠽᠸᠢ ᠨᠢ ᠵᠠᠰᠠᠨ ᠰᠡᠯᠪᠢᠵᠦ ᠰᠠᠶᠢᠵᠢᠷᠠᠭᠰᠠᠨ ᠤ ᠲᠠᠷᠠᠭ᠎ᠠ ᠲᠠᠬᠢᠨ ᠰᠢᠨ᠎ᠡ ᠪᠡᠷ ᠡᠭᠦᠳᠡ ᠪᠠᠨ ᠨᠡᠬᠡᠭᠡᠬᠦ ᠪᠤᠯᠪᠠ ᠃ ᠲᠡᠯᠭᠡᠨ ᠦᠵᠡᠭᠦᠯᠦᠯᠭᠡ ᠵᠢ ᠲᠠᠬᠢᠨ ᠲᠦᠰᠦᠪᠯᠡᠭᠰᠡᠨ ᠤ ᠲᠠᠷᠠᠭ᠎ᠠ ᠂ 3 ᠲᠦᠷᠦᠯ ᠳ᠋ᠥ ᠬᠤᠪᠢᠶᠠᠨ᠎ᠠ ᠃  ᠤᠤᠯ ᠤᠨ ᠪᠠᠶᠢᠳᠠᠯ ᠢ ᠰᠡᠷᠭᠦᠭᠡᠭᠰᠡᠨ ᠲᠡᠯᠭᠡᠨ ᠦᠵᠡᠬᠦᠯᠦᠯᠭᠡ (ᠨᠡᠶᠢᠳᠡ29 ᠦᠵᠡᠭᠦᠯᠦᠯᠭᠡ ᠶ᠋ᠢᠨ   ᠦᠷᠦᠭᠡ )《ᠲᠤᠰᠬᠠᠢ  ᠰᠡᠳᠦᠪᠳᠤ  ᠲᠡᠯᠭᠡᠨ ᠦᠵᠡᠭᠦᠯᠦᠯᠭᠡ  》(ᠨᠡᠶᠢᠳᠡ6 ᠦᠵᠡᠭᠦᠯᠦᠯᠭᠡ ᠶ᠋ᠢᠨ  ᠦᠷᠦᠭᠡ)  ᠵᠢᠴᠢ ᠤᠷᠤᠯᠴᠠᠯᠭ᠎ᠠ ᠶ᠋ᠢᠨ ᠮᠠᠶ᠋ᠢᠭ ᠲᠠᠢ ᠲᠡᠯᠭᠡᠨ ᠦᠵᠡᠭᠦᠯᠦᠯᠭᠡ  ( 1  ᠦᠷᠦᠭᠡ )  ᠃  ᠲᠤᠮᠳᠠ ᠶ᠋ᠢᠨ ᠵᠠᠮ ᠤᠨ ᠬᠡᠰᠡᠭ  ᠲᠦ ᠸᠠᠩ ᠤᠨ  ᠬᠣᠷᠤᠭ᠎ᠠ ᠶ᠋ᠢᠨ ᠭᠤᠤᠯ ᠣᠷᠳᠤᠨ ᠵᠢᠴᠢ  ᠸᠠᠩᠶ᠋ᠸ  ᠶ᠋ᠢᠨ ᠣᠷᠳᠤᠨ ᠂ ᠵᠡᠭᠦᠨ ᠵᠠᠮ ᠤᠨ ᠬᠡᠰᠡᠭ   ᠲᠦ ᠸᠠᠩ ᠤᠨ ᠬᠤᠷᠤᠭ᠎ᠠ ᠶ᠋ᠢᠨ ᠲᠣᠳᠤᠭᠠᠳᠤ ᠶᠠᠪᠤᠳᠠᠯ ᠵᠢᠴᠢ  ᠲᠦᠷᠦᠯ ᠰᠠᠳᠤᠨ ᠤ ᠰᠠᠭᠤᠵᠤ  ᠠᠮᠠᠷᠠᠬᠤ ᠭᠠᠵᠠᠷ ᠂ ᠨᠠᠢᠮᠠᠨ ᠬᠤᠰᠢᠭᠤᠨ ᠤ ᠡᠷᠳᠡᠨ ᠤ ᠭᠠᠵᠠᠷ ᠣᠷᠤᠨ ᠤ ᠲᠡᠥᠬᠡ ᠶ᠋ᠢᠨ ᠦᠵᠡᠭᠦᠯᠦᠯᠭᠡ ᠂ ᠴᠢᠩ ᠦᠨ ᠦᠶ᠎ᠡ ᠶ᠋ᠢᠨ ᠨᠠᠢᠮᠠᠨ ᠬᠤᠰᠢᠭᠤᠨ ᠤ ᠲᠦᠪᠡᠳ ᠡᠴᠡ ᠤᠯᠠᠮᠵᠢᠯᠠᠵᠤ ᠢᠷᠡᠭᠰᠡᠨ ᠪᠤᠷᠬᠠᠨ ᠱᠠᠰᠢᠨ ᠤ ᠦᠵᠡᠭᠦᠯᠦᠯᠭᠡ ᠂ ᠪᠣᠤ ᠱᠢ  ᠵᠦ ᠨᠠᠰᠤᠳᠠᠨ ᠤ ᠤᠳᠬ᠎ᠠ ᠣᠷᠠᠯᠢᠭ ᠤᠨ ᠪᠦᠳᠦᠭᠡᠯ ᠦᠨ ᠦᠵᠡᠭᠦᠯᠦᠯᠭᠡ ᠵᠡᠷᠭᠡ ᠦᠵᠡᠭᠦᠯᠦᠯᠭᠡ ᠶ᠋ᠢᠨ ᠣᠷᠤᠨ ᠪᠠ ᠮᠥᠽᠸᠢ ᠶ᠋ᠢᠨ ᠡᠷᠳᠡᠨ ᠤ ᠶᠣᠸᠠᠨ ᠣᠯᠤᠰ ᠤᠨ ᠠᠯᠳᠠᠨ ᠮᠠᠯᠠᠭᠠᠢ  ᠡᠳ᠋ᠯᠡᠯ ᠂ ᠯᠢᠶᠣᠤ ᠤᠯᠤᠰ ᠤᠨ ᠲᠣᠩᠭᠠᠮᠠᠯ ᠠᠯᠲᠠᠡ ᠵᠡᠰ ᠪᠠᠭ ᠂ ᠶᠤᠸᠠᠨ ᠤᠯᠤᠰ ᠤᠨ ᠬᠣᠣᠰ ᠯᠣᠣ ᠶ᠋ᠢᠨ ᠤᠭᠠᠯᠵᠠᠳᠤ ᠲᠣᠩᠭᠠᠮᠠᠯ ᠠᠯᠳᠠ ᠮᠦᠩᠭᠥᠡ ᠤ  ᠬᠦᠵᠦᠭᠦᠪᠴᠢ  ᠂ ᠴᠢᠩ ᠦᠨ ᠦᠶ᠎ᠡ ᠶ᠋ᠢᠨ  ᠲᠡᠭᠦᠵᠢᠯᠡᠭᠦᠷ ᠮᠠᠶ᠋ᠢᠭ  ᠤᠨ ᠮᠦᠩᠬᠦᠨ ᠦᠨᠦᠷᠳᠦ  ᠠᠷᠢᠭᠤᠳᠬᠠᠭᠣᠷ  ᠵᠡᠷᠭᠡ ᠤᠯᠤᠰ ᠤᠨ ᠨᠢᠭᠡᠳᠦᠭᠡᠷ ᠲᠡᠰ ᠦᠨ ᠲᠡᠥᠬᠡ ᠶ᠋ᠢᠨ ᠲᠤᠷᠠᠰᠬᠠᠯᠳᠤ ᠵᠦᠢᠯᠡᠰ ᠣᠳᠤ ᠦᠵᠡᠭᠴᠢᠳ ᠲᠠᠢ ᠤᠶᠢᠷᠠᠬᠠᠨ ᠡᠴᠡ  ᠵᠤᠯᠭᠠᠬᠤ ᠪᠡᠷ ᠪᠠᠶᠢᠨ᠎ᠠ ᠃
      ᠲᠡᠥᠬᠡ ᠵᠢ ᠬᠦᠨᠳᠦᠳᠭᠡᠵᠦ ᠂ ᠦᠨᠡᠨ  ᠢ ᠪᠠᠷᠢᠮᠲᠠᠯᠠᠵᠣ ᠰᠢᠨ᠎ᠡ ᠵᠢ ᠡᠭᠦᠳᠬᠦ ᠤᠶᠢᠯᠠᠭᠠᠭᠳᠠᠭᠤᠨ ᠢᠶᠠᠷ ᠦᠵᠡᠭᠦᠯᠦᠯᠭᠡ ᠵᠢ ᠲᠦᠰᠦᠪᠯᠡᠬᠦ ᠦᠶ᠎ᠡ ᠳ᠋ᠥ ᠤᠨᠴᠤᠭᠤᠶᠢᠯᠠᠨ ᠰᠤᠶᠤᠯ ᠤᠨ ᠤᠯᠠᠨ ᠶᠠᠩᠵᠤᠳᠤ ᠤᠨᠴᠠᠯᠢᠭ ᠤᠨ ᠠᠭᠤᠯᠤᠭᠳᠠᠬᠤᠨ ᠢ ᠴᠢᠬᠤᠯᠠᠴᠢᠯᠠᠵᠤ ᠂ ᠦᠵᠡᠭᠦᠯᠦᠯᠭᠡ ᠵᠢ ᠭᠠᠳᠠᠭᠰᠢ ᠦᠷᠭᠡᠳᠬᠡᠵᠦ ᠂ ᠦᠵᠡᠭᠦᠯᠦᠯᠭᠡ ᠵᠢ ᠪᠦᠬᠦᠶᠢᠯᠡ ᠴᠢᠩ ᠤᠯᠤᠰ ᠤᠨ ᠦᠶ᠎ᠡ ᠶ᠋ᠢᠨ  ᠤᠮᠠᠷᠠᠳᠤ ᠣᠷᠤᠨ  ᠤ  ᠮᠤᠩᠭᠤᠯ ᠲᠠᠯ᠎ᠠ ᠨᠤᠳᠤᠭ ᠤᠨ ᠮᠤᠩᠭᠤᠯ ᠸᠠᠩ ᠤᠨ ᠬᠣᠷᠣᠭ᠎ᠠ ᠶ᠋ᠢᠨ  ᠰᠤᠶᠤᠯ ᠵᠢᠴᠢ  ᠠᠶᠢᠮᠠᠭ ᠬᠣᠰᠢᠭᠤᠨ ᠤ ᠲᠡᠥᠬᠡ ᠪᠠ  ᠣᠨᠴᠤᠭᠤᠶᠢᠯᠠᠨ ᠴᠢᠩ ᠦᠨ ᠦᠶ᠎ᠡ ᠶ᠋ᠢᠨ ᠨᠠᠢᠮᠠᠨ ᠬᠣᠰᠢᠭᠤᠨ ᠤ ᠮᠤᠩᠭᠤᠯ ᠦᠨᠳᠦᠰᠦᠳᠡᠨ  ᠤ ᠲᠡᠥᠬᠡ ᠰᠤᠶᠤᠯ ᠢ  ᠬᠦᠴᠦᠲᠠᠢ ᠲᠤᠰᠬᠠᠵᠠᠢ ᠃ ᠲᠤᠰᠬᠠᠢ ᠰᠡᠳᠦᠪᠳᠦ ᠦᠵᠡᠭᠦᠯᠦᠯᠭᠡ ᠨᠢ ᠪᠦᠬᠦ ᠦᠪᠦᠷ ᠮᠤᠩᠭᠤᠯ ᠤᠨ ᠲᠠᠯ᠎ᠠ ᠨᠤᠳᠤᠭ  ᠲᠦ ᠬᠠᠨᠳᠤᠭᠤᠯᠵᠤ ᠂ ᠮᠤᠩᠭᠤᠯ ᠸᠠᠩ ᠤᠨ ᠬᠣᠷᠣᠭ᠎ᠠ ᠶ᠋ᠢᠨ ᠴᠠᠭ ᠦᠶ᠎ᠡ ᠶ᠋ᠢᠨ ᠲᠡᠥᠬᠡ ᠶ᠋ᠢᠨ  ᠠᠬᠤᠭᠤᠯᠤᠭᠳᠠᠬᠤᠨ ᠢ ᠨᠢᠭᠳᠠᠷᠠᠭᠤᠯᠵᠤ ᠂ ᠨᠠᠢᠮᠠᠨ ᠤ ᠸᠠᠩ ᠤᠨ ᠬᠤᠷᠤᠭ᠎ᠠ  ᠪᠠ ᠨᠠᠢᠮᠠᠨ ᠬᠤᠰᠢᠭᠤ ᠵᠢ ᠲᠡᠥᠬᠡ ᠶ᠋ᠢᠨ ᠶᠡᠬᠡ ᠬᠤᠪᠢᠰᠤᠯᠳᠠ ᠲᠤᠮᠳᠠ   ᠲᠠᠯᠪᠢᠵᠤ ᠂ ᠨᠠᠢᠮᠠᠨ ᠬᠤᠰᠢᠭᠤᠨ ᠤ ᠤᠯᠠᠨ ᠡᠴᠡ ᠣᠨᠴᠠ ᠪᠠᠶᠢᠬᠤ ᠣᠨᠴᠠᠯᠢᠭ ‍ᠢ  ᠲᠤᠪᠤᠶᠢᠯᠭᠠᠵᠤ  ᠂ ᠬᠦᠮᠦᠰ   ᠲᠦ ᠲᠡᠭᠦᠨ ᠤ ᠴᠢᠩ ᠦᠨ  ᠰᠡᠭᠦᠯᠴᠢ ᠶ᠋ᠢᠨ ᠦᠶ᠎ᠡ ᠶ᠋ᠢᠨ ᠤᠮᠠᠷᠠᠳᠤ ᠣᠷᠤᠨ ᠤ  ᠮᠤᠩᠭᠤᠯ ᠲᠠᠯ᠎ᠠ ᠨᠤᠳᠤᠭ  ᠲᠦ ᠦᠵᠡᠭᠦᠯᠦᠭᠰᠡᠨ ᠴᠢᠬᠤᠯᠠ ᠨᠥᠯᠦᠭᠡ ᠵᠢ ᠭᠦᠨᠵᠡᠬᠡᠢ ᠤᠶᠢᠯᠠᠭᠠᠭᠤᠯᠵᠤ ᠂ ᠲᠡᠥᠬᠡᠨ  ᠲᠡᠭᠡᠷᠡᠬᠢ ᠲᠠᠯ᠎ᠠ ᠨᠤᠳᠤᠭ ᠤᠨ ᠠᠷᠠᠳ ᠲᠦᠮᠡᠨ ᠤ ᠡᠷᠡᠯᠬᠡᠭ ᠪᠠᠭᠠᠳᠤᠷᠯᠢᠭ   ᠵᠣᠷᠢᠭ ᠰᠠᠨᠠᠭ᠎ᠠ ᠶ᠋ᠢᠨ ᠴᠠᠭ  ᠡᠷᠡᠨ ᠤ ᠣᠯᠠᠮᠵᠢᠯᠠᠯ ᠪᠣᠯᠵᠤ ᠂ ᠡᠭᠦᠨ ᠡᠴᠡ ᠰᠤᠶᠤᠯ ᠤᠨ ᠦᠯᠡᠳᠡᠭᠳᠡᠯ ᠢ ᠬᠠᠳᠠᠭᠠᠯᠠᠵᠤ ᠂ ᠰᠢᠯᠢᠳᠡᠭ ᠰᠠᠶᠢᠨ ᠤᠯᠠᠮᠵᠢᠯᠠᠯᠳᠤ ᠦᠨᠳᠦᠰᠦᠳᠡᠨ ᠤ  ᠦᠪ  ᠰᠤᠶᠤᠯ  ᠢᠶᠡᠨ  ᠤᠯᠠᠮᠵᠢᠯᠠᠬᠤ  ᠵᠣᠷᠢᠭ ᠰᠠᠨᠠᠭ᠎ᠠ ᠵᠢ ᠭᠦᠨᠵᠡᠬᠡᠢ  ᠪᠣᠯᠭᠠᠵᠠᠢ ᠃

      ᠲᠡᠥᠬᠡ ᠶ᠋ᠢᠨ ᠲᠤᠷᠠᠰᠬᠠᠯᠳᠤ ᠵᠦᠢᠯᠡᠰ ᠪᠣᠯ ᠡᠪᠦᠭᠡ ᠲᠡᠭᠡᠳᠦᠰ ᠡᠴᠡ ᠬᠤᠶᠢᠴᠢ ᠦᠶ᠎ᠡ ᠳ᠋ᠥ ᠪᠠᠨ ᠦᠯᠡᠳᠡᠭᠡᠵᠦ ᠦᠭᠭᠦᠭᠰᠡᠨ ᠪᠤᠮᠠᠨ ᠡᠷᠳᠡᠨᠢ ᠂ ᠲᠡᠥᠬᠡ ᠶ᠋ᠢᠨ  ᠴᠠᠷᠴᠠᠯᠳᠠ ᠂ ᠪᠤᠯᠪᠠᠰᠤᠨ ᠤ ᠢᠯᠡᠷᠡᠯ ᠪᠤᠯᠤᠨ᠎ᠠ ᠃ ᠨᠠᠢᠮᠠᠨ ᠤ ᠸᠠᠩ ᠤᠨ  ᠬᠣᠷᠤᠭ᠎ᠠ  ᠶ᠋ᠢᠨ ᠮᠥᠽᠸᠢ ᠪᠣᠯ ᠭᠠᠭᠴᠠ ᠬᠤᠪᠤᠷ ᠨᠠᠨᠳᠢᠨ  ᠰᠤᠶᠤᠯ ᠤᠨ ᠦᠯᠡᠳᠡᠭᠳᠡᠯ ᠪᠢᠰᠢ ᠂ ᠬᠠᠷᠢᠨ ᠲᠡᠥᠬᠡ ᠶ᠋ᠢᠨ ᠲᠤᠷᠠᠰᠬᠠᠯᠳᠤ ᠵᠦᠢᠯᠡᠰ ᠢ ᠬᠠᠶᠢᠷᠠᠯᠠᠨ ᠬᠠᠮᠠᠭᠠᠯᠠᠬᠤ ᠂ ᠠᠰᠢᠭᠯᠠᠬᠤ ᠂ ᠲᠡᠥᠬᠡ ᠰᠤᠶᠣᠯ ᠢᠶᠡᠨ ᠪᠠᠳᠠᠷᠠᠭᠤᠯᠤᠨ ᠲᠠᠭᠤᠷᠢᠰᠤᠭᠤᠯᠬᠤ ᠂ ᠰᠤᠶᠤᠯ ᠤᠨ ᠪᠦᠳᠦᠭᠡᠨ  ᠪᠠᠶᠢᠭᠤᠯᠤᠯᠳᠠ ᠶ᠋ᠢ ᠠᠬᠢᠭᠤᠯᠬᠤ ᠶ᠋ᠢ ᠲᠦᠷᠭᠡᠳᠬᠡᠬᠦ ᠶ᠋ᠢᠨ  ᠴᠢᠬᠤᠯᠠ ᠠᠴᠢᠶᠠᠯᠠᠪᠤᠷᠢ ᠪᠤᠯᠤᠨ᠎ᠠ ᠃ ᠨᠠᠢᠮᠠᠨ ᠤ ᠸᠠᠩ ᠤᠨ ᠬᠤᠷᠤᠭ᠎ᠠ  ᠶ᠋ᠢᠨ ᠮᠥᠽᠸᠢ ᠶ᠋ᠢᠨ ᠲᠠᠬᠢᠨ ᠰᠢᠨ᠎ᠡ ᠪᠡᠷ ᠡᠭᠦᠳᠡ ᠪᠠᠨ  ᠨᠡᠬᠡᠭᠡᠬᠦ ᠪᠤᠯᠤᠭᠰᠠᠨ ᠨᠢ ᠂ ᠨᠠᠢᠮᠠᠨ ᠢᠶᠡᠨ ᠬᠠᠮᠤᠭ ᠤᠨ ᠲᠠᠳᠠᠬᠤ ᠬᠦᠴᠦᠨ ᠲᠠᠢ ᠰᠢᠯᠢᠳᠡᠭ ᠵᠤᠭᠠᠴᠠᠯ ᠤᠨ ᠬᠤᠳᠠ ᠪᠤᠯᠭᠠᠨ ᠪᠦᠳᠦᠭᠡᠨ ᠪᠠᠶᠢᠭᠤᠯᠬᠤ ᠳ᠋ᠥ ᠦᠩᠭᠡ ᠭᠢᠯᠪᠠᠭ᠎ᠠ ᠨᠡᠮᠡᠷᠢᠯᠡᠵᠡᠢ ᠃ ᠨᠠᠢᠮᠠᠨ ᠬᠤᠰᠢᠭᠤᠨ ᠤ ᠰᠤᠶᠤᠯ ᠤᠨ ᠵᠤᠭᠠᠴᠠᠯ ‍ᠤᠨ ᠦᠢᠯᠡᠰ ᠦᠨ ᠪᠠᠳᠠᠷᠠᠯ ᠬᠦᠭᠵᠢᠯ ᠪᠠ ᠦᠨᠳᠦᠰᠦᠳᠡᠨ ᠤ  ᠭᠠᠵᠠᠷ ᠣᠷᠤᠨ ᠤ ᠲᠡᠥᠬᠡ ᠰᠤᠶᠤᠯ ᠢᠶᠡᠨ ᠪᠠᠳᠠᠷᠠᠭᠤᠯᠬᠤ ᠳ᠋ᠥ ᠢᠳᠡᠪᠬᠢᠲᠠᠢ  ᠠᠬᠢᠭᠤᠯᠬᠤ ᠦᠢᠯᠡᠳᠦᠯ ᠦᠵᠡᠭᠦᠯᠵᠡᠢ ᠃

                 

                                                                       (ᠭᠤᠤ ᠾᠦᠩ ᠮᠸᠢ ᠮᠡᠳᠡᠭᠡᠯᠡᠪᠡ)


ᠢᠷᠡᠯᠳᠡ᠄ ᠨᠠᠶᠢᠷᠠᠭᠤᠯᠤᠭᠴᠢ᠄ ᠭᠤᠤ ᠾᠥᠩ ᠮᠸᠢ