ᠮᠠᠨ ᠤ ᠬᠤᠰᠢᠭᠤᠨ ᠤ ᠣᠳᠠᠭᠠᠨ ᠵᠢᠯ ᠬᠠᠳᠠᠭᠰᠠᠨ ᠰᠢᠷᠠᠬᠠ ᠶ᠋ᠢᠨ ᠣᠰᠣᠨ ᠴᠦᠬᠦᠷᠣᠮ ᠲᠠᠬᠢᠨ ᠣᠰᠣ ᠲᠠᠢ ᠪᠤᠯᠵᠤ ᠠᠮᠢᠯᠠᠯ᠎ᠠ
ᠣᠩᠰᠢᠭᠰᠠᠨ ᠤᠳᠠᠭ᠎ᠠ ᠄ 10085 ᠨᠡᠶᠢᠳᠡᠯᠡᠭᠰᠡᠨ ᠴᠠᠭ ᠄ 2017/8/10 15:36:02
ᠦᠨᠣ ᠵᠢᠯ ᠤᠨ 8 ᠰᠠᠷ᠎ᠠ ᠶ᠋ᠢᠨ 2 ᠡᠴᠠ 3 ᠤ ᠡᠳᠣᠷ ᠤᠨ ᠶᠡᠭᠡ ᠪᠤᠷᠤᠭᠠᠨ ᠨᠢ ᠨᠠᠢᠮᠠᠨ ᠬᠤᠰᠢᠭᠤᠨ ᠤ ᠨᠠᠷᠢᠳ ᠤᠨ ᠭᠤᠣᠯ ᠤᠨ ᠲᠡᠭᠡᠷ᠎ᠡ ᠰᠠᠪᠠ ᠭᠠᠵᠠᠷ ᠢ ᠲᠠᠭᠠᠷᠢᠵᠣ ᠂ ᠣᠯᠠᠭᠠᠨᠬᠠᠳᠠ ᠶ᠋ᠢᠨ ᠠᠣᠬᠠᠨ ᠬᠤᠰᠢᠭᠤᠨ ᠤ ᠰᠢᠶᠠ ᠸᠠ ᠣᠰᠣ ᠰᠢᠨᠵᠢᠯᠡᠬᠦ ᠦᠷᠳᠡᠭᠡ ᠣᠰᠣᠨ ᠨᠡᠭᠡᠭᠡᠯᠭᠡ ᠪᠠᠨ ᠲᠠᠯᠪᠢᠵᠣ ᠦᠶᠡᠷ ᠪᠠᠭᠤᠯᠭᠠᠬᠤ ᠬᠡᠮᠵᠢᠶᠡᠨ ᠳ᠋ᠤ ᠬᠦᠷᠭᠡᠪᠡ ᠃ ᠦᠶᠡᠷ ᠤᠨ ᠣᠰᠣ ᠨᠢ 8 ᠰᠠᠷ᠎ᠠ ᠶ᠋ᠢᠨ 5 ᠤ ᠦᠷᠯᠣᠭᠡ ᠨᠠᠷᠢᠳ ᠤᠨ ᠭᠤᠣᠯ ᠢᠶᠠᠷ ᠲᠠᠮᠵᠢᠵᠣ ᠨᠠᠢᠮᠠᠨ ᠬᠤᠰᠢᠭᠤᠨ ᠳ᠋ᠤ ᠣᠷᠣᠰᠣᠨ ᠣᠷᠣᠵᠣ ᠂ 10 ᠵᠢᠯ ᠭᠠᠷᠣᠢ ᠬᠠᠳᠠᠭᠰᠠᠨ ᠰᠢᠷᠠᠬᠠ ᠶ᠋ᠢᠨ ᠣᠰᠣᠨ ᠴᠦᠬᠦᠷᠣᠮ ᠳ᠋ᠤ ᠲᠠᠬᠢᠨ ᠣᠰᠣ ᠣᠷᠣᠵᠡᠢ ᠃
ᠰᠢᠷᠣᠬᠦᠨ ᠪᠣᠷᠣᠭᠠᠨ ᠤ ᠦᠶᠡᠷ ᠲᠤ ᠂ ᠨᠠᠢᠮᠠᠨ ᠬᠤᠰᠢᠭᠤᠨ ᠤ ᠨᠠᠮ ᠤᠨ ᠬᠤᠷᠢᠶ᠎ᠠ ᠂ ᠵᠠᠰᠠᠭ ᠤᠨ ᠣᠷᠳᠣᠨ ᠰᠡᠳᠬᠢᠴᠡ ᠪᠠᠨ ᠬᠤᠪᠢᠷᠠᠭᠤᠯᠵᠣ ᠂ ᠠᠶᠣᠯᠳᠠᠢ ᠪᠠᠶᠢᠳᠠᠯ ᠢ ᠠᠰᠢᠭ ᠲᠠᠢ ᠪᠠᠶᠢᠳᠠᠯ ᠪᠤᠯᠭᠠᠵᠣ ᠂ ᠦᠶᠡᠷ ᠤᠨ ᠡᠬᠢ ᠪᠠᠶᠠᠯᠢᠭ ᠤᠨ ᠲᠦᠰᠣᠪ ᠲᠣᠭᠳᠠᠭᠠᠵᠣ ᠂ ᠣᠷᠢᠳ ᠬᠤᠵᠢᠳ 28 ᠰᠠᠣᠷᠢ ᠣᠬᠤᠬᠤ ᠲᠡᠭᠡᠭᠡᠬᠦ ᠮᠠᠰᠢᠨ ᠬᠦᠳᠡᠯᠭᠡᠭᠡᠵᠣ ᠂ ᠵᠠᠮ ᠲᠠᠭᠠᠤ ᠱᠣᠭᠤᠮ ᠤᠨ 7000 ᠣᠷᠳᠣ ᠮᠸᠲ᠋ᠷ ᠣᠰᠣ ᠣᠷᠣᠰᠣᠨ ᠣᠷᠣᠬᠤ ᠬᠠᠰᠢᠯᠭ᠎ᠠ ᠶ᠋ᠢ ᠵᠠᠰᠠᠨ ᠪᠠᠬᠢᠯᠡᠵᠣ ᠂ ᠣᠷᠣᠭᠰᠢᠲᠠᠢ ᠪᠠᠷ ᠰᠢᠷᠠᠬᠠ ᠶ᠋ᠢᠨ ᠴᠦᠬᠦᠷᠣᠮ ᠳ᠋ᠤ ᠣᠷᠣᠭᠤᠯᠪᠠ ᠃ ᠣᠰᠣᠨ ᠠᠰᠢᠭᠯᠠᠯᠳᠠ ᠶ᠋ᠢᠨ ᠰᠠᠯᠠᠭ᠎ᠠ ᠮᠦᠴᠢᠷ ᠤᠨ ᠬᠠᠶᠢᠨ ᠪᠠᠶᠢᠴᠠᠭᠠᠭᠰᠠᠨ ᠢᠶᠠᠷ ᠂ ᠡᠳᠡᠭᠡᠷ ᠦᠶᠡᠷ ᠦᠡᠭᠭᠡᠷᠡᠭᠰᠡᠨ ᠤ ᠲᠠᠷᠠᠭ᠎ᠠ ᠰᠢᠷᠠᠬᠠ ᠶ᠋ᠢᠨ ᠣᠰᠣᠨ ᠴᠦᠬᠦᠷᠣᠮ ᠤᠨ ᠶᠡᠷᠣᠩᠭᠡᠢ ᠣᠰᠣᠨ ᠬᠠᠳᠠᠭᠠᠯᠠᠮᠵᠢ ᠶ᠋ᠢᠨ ᠬᠡᠮᠵᠢᠶ᠎ᠡ ᠨᠢ 1000 ᠲᠦᠮᠡᠨ ᠺᠦᠪ ᠮᠸᠲ᠋ᠷ ᠪᠤᠯᠤᠨ᠎ᠠ ᠃
ᠣᠶᠢᠯᠭᠠᠭᠰᠠᠨ ᠢᠶᠠᠷ ᠂ ᠰᠢᠷᠣᠬᠦᠨ ᠪᠣᠷᠣᠭᠠᠨ ᠦᠡᠭᠭᠡᠷᠡᠭᠰᠡᠨ ᠤ ᠲᠠᠷᠠᠭ᠎ᠠ ᠨᠠᠢᠮᠠᠨ ᠬᠤᠰᠢᠭᠤ 38 ᠰᠠᠭᠤᠷᠢ ᠣᠰᠣᠨ ᠴᠦᠬᠦᠷᠣᠮ ᠣᠰᠣᠨ ᠬᠠᠳᠠᠭᠠᠯᠠᠮᠵᠢ ᠲᠠᠢ ᠪᠤᠯᠵᠤ ᠂ ᠪᠣᠰᠣᠳ 46 ᠰᠠᠭᠤᠷᠢ ᠬᠠᠰᠢᠯᠭ᠎ᠠ ᠂ 25 ᠰᠠᠭᠤᠷᠢ ᠣᠰᠣ ᠲᠠᠳᠠᠬᠤ ᠲᠦᠷᠪᠡᠯᠵᠢᠨ ᠬᠠᠰᠢᠯᠭ᠎ᠠ ᠪᠦᠷᠢᠨ ᠣᠰᠣ ᠲᠠᠢ ᠪᠤᠯᠵᠡᠢ ᠃ ᠤᠳᠤᠬᠠᠨ ᠳ᠋ᠤ ᠂ ᠲᠣᠰ ᠬᠤᠰᠢᠭᠤᠨ ᠤ ᠪᠣᠢ ᠪᠦᠬᠦᠢ ᠣᠰᠣᠨ ᠬᠠᠳᠠᠭᠠᠯᠠᠮᠵᠢ ᠶ᠋ᠢᠨ ᠪᠠᠷᠢᠯᠭ᠎ᠠ ᠶ᠋ᠢᠨ ᠬᠠᠳᠠᠭᠠᠯᠠᠮᠵᠢ ᠶ᠋ᠢᠨ ᠣᠰᠣᠨ ᠤ ᠬᠡᠮᠵᠢᠶ᠎ᠡ 6000 ᠲᠦᠮᠡᠨ ᠺᠦᠪ ᠮᠸᠲ᠋ᠷ ᠪᠤᠯᠵᠤ ᠂ ᠬᠠᠮᠤᠭ ᠶᠡᠭᠡ ᠬᠡᠮᠵᠢᠶ᠎ᠡ ᠪᠠᠷ ᠦᠶᠡᠷ ᠤᠨ ᠣᠰᠣᠨ ᠤ ᠡᠬᠢ ᠪᠠᠶᠠᠯᠢᠭ ᠢ ᠠᠰᠢᠭᠯᠠᠵᠣ ᠂ ᠭᠠᠵᠠᠷ ᠲᠣᠣᠷᠠᠬᠢ ᠣᠰᠣ ᠪᠠ ᠣᠰᠣᠨ ᠡᠬᠢ ᠪᠠᠶᠠᠯᠢᠭ ᠲᠣᠳᠠᠭᠳᠠᠬᠤ ᠬᠦᠴᠢᠷᠳᠡᠯ ᠢ ᠰᠢᠢᠳᠪᠤᠷᠢᠯᠡᠵᠡᠢ ᠃ ᠨᠠᠢᠮᠠᠨ ᠬᠤᠰᠢᠭᠤᠨ ᠤ ᠰᠢᠷᠠᠬᠠ ᠶ᠋ᠢᠨ ᠣᠰᠣᠨ ᠴᠦᠬᠦᠷᠣᠮ ᠠᠷᠪᠠᠭᠠᠳ ᠵᠢᠯ ᠤᠨ ᠡᠮᠣᠨ᠎ᠡ ᠣᠷᠣᠨ ᠬᠤᠳᠠ ᠶ᠋ᠢᠨ ᠲᠣᠳᠣᠷ᠎ᠠ ᠨᠡᠯᠢᠶᠡᠳ ᠨᠡᠷ᠎ᠡ ᠲᠠᠢ ᠴᠦᠬᠦᠷᠣᠮ ᠪᠠᠶᠢᠵᠤ ᠂ ᠵᠢᠭᠠᠰᠣᠨ ᠭᠠᠷᠣᠯᠳᠠ ᠪᠠ ᠣᠰᠣᠨ ᠤ ᠶᠡᠭᠡ ᠬᠦᠨ ᠲᠣᠩᠭᠠᠯᠠᠭ ᠢᠶᠠᠷ ᠢᠶᠡᠨ ᠬᠦᠮᠣᠰ ᠤᠨ ᠠᠩᠬᠠᠷᠣᠯ ᠢ ᠲᠠᠳᠠᠵᠣ ᠪᠠᠶᠢᠵᠠᠢ ᠃ ᠲᠠᠷᠭᠤᠨ ᠨᠠᠭᠤᠷ ᠰᠢᠷᠬᠢᠭᠰᠡᠨ ᠤ ᠲᠠᠷᠠᠭ᠎ᠠ ᠂ ᠶᠡᠭᠡ ᠭᠠᠩ᠌ ᠬᠠᠭᠰᠠᠷᠭᠠᠨ ᠡᠴᠠ ᠪᠤᠯᠤᠭᠠᠳ ᠨᠠᠢᠮᠠᠨ ᠤ ᠠᠳᠠᠬᠢ ᠶᠡᠭᠡ ᠨᠠᠭᠤᠷ ᠰᠢᠷᠬᠢᠵᠣ ᠠᠷᠪᠠᠭᠠᠳ ᠵᠢᠯ ᠪᠤᠯᠪᠠ ᠃ ᠡᠨᠡᠬᠦ ᠨᠠᠭᠤᠷ ᠤᠨ ᠰᠡᠷᠬᠦᠭᠳᠡᠭᠰᠡᠨ ᠨᠢ ᠨᠠᠢᠮᠠᠨᠴᠤᠳ ᠲᠤ ᠲᠠᠬᠢᠨ ᠪᠣᠶᠠᠨ ᠠᠰᠢᠭ ᠢ ᠠᠪᠴᠢᠷᠠᠨ ᠦᠭᠴᠡᠢ ᠃ ( ᠮᠠ ᠪᠦᠬᠡ ᠂ ᠯᠢᠦ ᠰᠥᠩ ᠲᠣᠣ ᠂ ᠵᠢᠶᠠ ᠰᠢᠤᠸᠠᠢ ᠮᠡᠳᠡᠭᠡᠯᠡᠪᠡ )