ᠵᠠᠩᠭᠤᠳᠠᠢ ᠶ᠋ᠢᠨ ᠴᠠᠭᠠᠨ ᠰᠣᠪᠣᠷᠭ᠎ᠠ

ᠣᠩᠰᠢᠭᠰᠠᠨ ᠤᠳᠠᠭ᠎ᠠ ᠄ 34984     ᠨᠡᠶᠢᠳᠡᠯᠡᠭᠰᠡᠨ ᠴᠠᠭ ᠄ 2017/7/31 17:10:08

                 ᠵᠠᠩᠭᠤᠳᠠᠢ ᠶ᠋ᠢᠨ ᠴᠠᠭᠠᠨ ᠰᠤᠪᠤᠷᠭ᠎ᠠ
        ᠵᠠᠩᠭᠤᠳᠠᠢ ᠶ᠋ᠢᠨ ᠴᠠᠭᠠᠨ ᠰᠣᠪᠣᠷᠭ᠎ᠠ ( ᠳᠠᠷᠤᠢ ᠬᠤᠰᠢᠭᠤ ᠰᠦᠮ᠎ᠡ ᠶ᠋ᠢᠨ ᠴᠠᠭᠠᠨ ᠰᠤᠪᠤᠷᠭ᠎ᠠ ) ᠪᠤᠯ ᠦᠪᠤᠷ ᠮᠤᠩᠭᠤᠯ ᠤᠨ ᠲᠦᠩᠯᠢᠶᠤᠤ ᠬᠤᠳᠠ ᠶ᠋ᠢᠨ ᠨᠠᠢᠮᠠᠨ ᠬᠤᠰᠢᠭᠤᠨ ᠤ ᠵᠠᠩᠭᠤᠳᠠᠢ ᠳ᠋ᠤ  ᠪᠠᠶᠢᠭ᠎ᠠ ᠬᠤᠰᠢᠭᠤ ᠰᠦᠮ᠎ᠡ ᠶ᠋ᠢᠨ ᠬᠠᠭᠤᠴᠢᠨ ᠪᠠᠭᠤᠷᠢ ᠶ᠋ᠢᠨ ᠠᠷᠤ ᠲᠠᠯ᠎ᠠ ᠳ᠋ᠤ ᠪᠠᠶᠢᠷᠢᠯᠠᠵᠤ ᠪᠠᠶᠢᠭ᠎ᠠ ᠴᠢᠩ ᠤᠨ ᠦᠶ᠎ᠡ ᠶ᠋ᠢᠨ ᠲᠦᠪᠡᠳ ᠤᠯᠠᠮᠵᠢᠯᠠᠯᠳᠦ ᠪᠤᠷᠬᠠᠨ ᠱᠠᠰᠢᠨ ᠤ ᠭᠤᠤᠯᠳᠠᠯᠭᠠᠳᠦ ᠬᠠᠭᠤᠴᠢ ᠪᠠᠶᠢᠵᠤ ᠂ 1986 ᠤᠨ ᠤ 5 ᠰᠠᠷ᠎ᠠ ᠶ᠋ᠢᠨ 10 ᠳ᠋ᠤ ᠂ ᠦᠪᠦᠷ ᠮᠤᠩᠭᠤᠯ ᠤᠨ ᠠᠷᠠᠳ ᠤᠨ ᠵᠠᠰᠠᠭ ᠤᠨ ᠤᠷᠳᠤᠨ ᠡᠴᠠ ᠦᠪᠤᠷ ᠮᠤᠩᠭᠤᠯ ᠤᠷᠤᠨ ᠤ ᠭᠤᠤᠯᠳᠠᠯᠭᠠᠳᠤ ᠰᠤᠶᠤᠯ ᠤᠨ ᠦᠪ ᠢᠶᠠᠷ ᠦᠨᠡᠮᠯᠡᠨ ᠵᠦᠪᠰᠢᠶᠡᠷᠡᠭᠰᠡᠨ ᠶᠤᠮ ᠃
        ᠵᠠᠩᠭᠤᠳᠠᠢ ᠶ᠋ᠢᠨ ᠴᠠᠭᠠᠨ ᠰᠤᠪᠤᠷᠭ᠎ᠠ ᠨᠢ ᠴᠢᠩ ᠤᠯᠤᠰ ᠤᠨ ᠲᠤᠮᠳᠠᠴᠢ ᠪᠠᠷ ᠠᠩᠬ᠎ᠠ ᠪᠠᠶᠢᠭᠣᠯᠣᠭᠳᠠᠵᠣ ᠂ ᠰᠤᠪᠤᠷᠭ᠎ᠠ ᠶ᠋ᠢᠨ ᠦᠨᠳᠤᠷ ᠨᠢ 12 ᠮᠸᠲ᠋ᠷ ᠂ ᠰᠤᠪᠤᠷᠭ᠎ᠠ ᠶ᠋ᠢᠨ ᠰᠠᠭᠤᠷᠢ ᠂ ᠪᠡᠶ᠎ᠡ ᠂ ᠤᠷᠤᠢ ᠶ᠋ᠢᠨ ᠬᠠᠷᠢᠴᠠᠯ ᠨᠢ ᠵᠤᠬᠢᠮᠵᠢᠲᠠᠢ ᠂ ᠰᠤᠪᠤᠷᠭᠠᠨ ᠳᠡᠭᠳᠡᠷ ᠤᠳ ᠤᠨ ᠬᠦᠳᠤᠬᠦᠷ ᠰᠡᠶ᠋ᠢᠯᠤᠮᠡᠯ ᠨᠢ ᠲᠦᠷᠪᠡᠨ ᠲᠠᠯ᠎ᠠ ᠳ᠋ᠤ ᠪᠠᠨ ᠡᠰᠡᠷᠬᠦᠴᠡᠯᠳᠤᠨ ᠵᠤᠬᠢᠴᠠᠵᠦ ᠂ ᠭᠤᠶᠤ ᠦᠵᠡᠰᠬᠦᠯᠡᠩ ᠳᠡᠷᠢ ᠳᠡᠭᠰᠢ ᠃
ᠠᠷᠪᠠ ᠶᠢᠰᠦᠳᠤᠭᠡᠷ ᠵᠠᠭᠤᠨ ᠤ ᠶᠡᠷᠡᠭᠡᠳ ᠤᠨ ᠤ ᠦᠶ᠎ᠡ ᠪᠠᠷ ᠨᠠᠢᠮᠠᠨ ᠬᠤᠰᠢᠭᠤ ᠬᠠᠷᠠᠴᠢᠨ ᠬᠤᠰᠢᠭᠤᠨ ᠤ ᠬᠢᠨ 《 ᠶ᠋ᠢᠨ ᠳ᠋ᠠᠨ ᠪᠤᠮᠪᠤ᠋》 ᠶ᠋ᠢᠨ ᠰᠠᠮᠠᠭᠤᠷᠠᠯ ᠳ᠋ᠤ ᠳᠠᠭᠠᠷᠢᠭᠳᠠᠵᠤ ᠴᠠᠭᠠᠨ ᠰᠤᠪᠤᠷᠭ᠎ᠠ ᠰᠦᠢᠳᠭᠡᠭᠳᠡᠵᠡᠢ ᠃ 《ᠶ᠋ᠢᠨ ᠳ᠋ᠠᠨ ᠪᠤᠮᠪᠤ᠋》 ᠶ᠋ᠢᠨ ᠤᠷᠪᠠᠯᠭᠠᠨ ᠲᠦᠪᠰᠢᠳᠭᠡᠭᠳᠡᠭᠰᠡᠨ ᠪᠤᠯᠪᠠᠴᠦ ᠬᠤᠰᠢᠭᠤ ᠰᠦᠮ᠎ᠡ ᠶ᠋ᠢᠨ ᠡᠳ᠋ ᠤᠨ ᠬᠦᠴᠤᠨ ᠤ ᠮᠡᠬᠦᠰᠳᠡᠯ  ᠨᠢ ᠰᠤᠪᠤᠷᠭ᠎ᠠ ᠪᠠᠨ ᠴᠠᠭ ᠳᠠᠷᠣᠶᠢᠬᠠᠡ ᠵᠠᠰᠠᠪᠤᠷᠢᠯᠠᠨ ᠰᠢᠨᠡᠳᠬᠡᠬᠦ ᠴᠢᠳᠠᠯ ᠦᠬᠡᠢ  ᠪᠠᠶᠢᠪᠠ ᠃ ᠲᠤᠬᠠᠢ ᠶ᠋ᠢᠨ ᠦᠶ᠎ᠡ ᠶ᠋ᠢᠨ ᠨᠠᠢᠮᠠᠨ ᠬᠤᠰᠢᠭᠤᠨ ᠤ ᠲᠦᠷᠪᠡᠨ ᠶᠡᠬᠡ ᠰᠦᠮ᠎ᠡ ᠶ᠋ᠢᠨ ᠯᠠᠮ᠎ᠠ ᠨᠠᠷ ᠡᠨᠡᠬᠦ ᠠᠯᠳᠠᠷᠳᠠᠢ ᠴᠠᠭᠠᠨ ᠰᠤᠪᠤᠷᠭ᠎ᠠ ᠪᠠᠨ ᠵᠠᠰᠠᠨ ᠰᠢᠨᠡᠳᠬᠡᠬᠦ ᠶ᠋ᠢᠨ ᠲᠦᠯᠤᠬᠡ ᠬᠡᠳᠤᠨ ᠤᠳᠠᠭ᠎ᠠ ᠴᠤᠭᠯᠠᠷᠠᠨ ᠵᠦᠪᠯᠡᠯᠳᠤᠵᠦ ᠂  ᠡᠴᠦᠰ  ᠲᠤ ᠪᠠᠨ ᠂ ᠬᠠᠮᠳᠤᠪᠡᠷ ᠮᠦᠩᠬᠦ ᠴᠤᠭᠯᠠᠭᠤᠯᠤᠨ ᠵᠠᠰᠠᠨ ᠴᠤᠭᠴᠠᠯᠠᠬᠤ ᠪᠠᠷ ᠲᠤᠬᠳᠠᠵᠤ ᠂ ᠨᠠᠢᠮᠠᠨ ᠬᠤᠰᠢᠭᠤᠨ ᠤ ᠵᠢᠷᠭᠤᠳᠤᠭᠠᠷ ᠲᠦᠷᠢ ᠶ᠋ᠢᠨ ᠭᠡᠭᠡᠨ ᠂ ᠠᠯᠳᠠᠷᠳᠤ ᠪᠤᠷᠬᠠᠨ ᠱᠠᠰᠢᠨ ᠤ ᠡᠷᠳᠡᠮᠳᠡᠨ ᠂ ᠡᠭᠦᠳᠦᠨ  ᠪᠠᠶᠢᠭᠣᠯᠣᠭᠴᠢ ᠶᠡᠬᠡ ᠪᠠᠭᠰᠢ ᠵᠠᠮᠢᠶᠠᠨᠴᠤᠶ᠋ᠢᠳᠠᠷ ( ᠵᠠᠮᠢᠶᠠᠨᠴᠤᠶᠢᠳᠤᠷ ᠴᠦ ᠭᠡᠵᠤ ᠪᠢᠴᠢᠳᠡᠭ ) ᠵᠢᠷᠤᠵᠦ ᠲᠦᠰᠦᠪᠯᠡᠨ ᠂ ᠰᠢᠨᠡᠳᠬᠡᠨ ᠪᠠᠶᠢᠭᠣᠯᠬᠣ ᠶ᠋ᠢ ᠴᠦ ᠬᠢᠨᠠᠬᠤ ᠪᠠᠷ ᠪᠤᠯᠵᠠᠢ ᠃ ᠲᠡᠷᠡ ᠪᠠᠷ ᠦᠪᠤᠷ ᠮᠤᠩᠭᠤᠯ ᠤᠨ ᠵᠡᠬᠦᠨ ᠬᠡᠰᠡᠭ ᠤᠨ ᠬᠤᠷᠢᠨ ᠲᠦᠷᠪᠡᠨ ᠬᠤᠰᠢᠭᠤ ᠪᠠᠷ ᠲᠤᠭᠤᠷᠢᠨ ᠂ ᠰᠤᠪᠤᠷᠭ᠎ᠠ ᠪᠠᠷᠢᠬᠤ ᠮᠦᠩᠬᠦ ᠵᠤᠭᠤᠰ ᠢ ᠬᠠᠨᠳᠢᠪᠯᠠᠭᠤᠯᠵᠦ ᠂ ᠵᠦᠢᠯ ᠤᠨ ᠬᠦᠴᠢᠷ ᠢ  ᠲᠣᠭᠣᠯᠵᠣ ᠂ ᠶᠠᠳᠠᠷᠠᠯ ᠵᠦᠳᠡᠷᠡᠯ ᠢ ᠲᠡᠰᠪᠤᠷᠢᠯᠡᠨ ᠂ ᠡᠴᠦᠰ ᠲᠤ ᠪᠠᠨ ᠮᠦᠩᠬᠦ ᠶ᠋ᠢ ᠴᠤᠭᠯᠠᠭᠤᠯᠤᠨ ᠭᠦᠢᠴᠡᠭᠡᠪᠡ ᠃ ᠲᠡᠷᠡ ᠪᠠᠷ ᠲᠦᠪᠡᠳ ᠲᠤ ᠬᠤᠷᠢᠨ ᠨᠠᠢᠮᠠᠨ ᠵᠢᠯ ᠭᠦᠡᠵᠡᠭᠡᠶᠢᠷᠡᠡ ᠰᠤᠷᠤᠯᠴᠠᠭᠰᠠᠨ ᠮᠦᠷᠳᠡᠭᠡᠨ ᠰᠦᠮ᠎ᠡ  ᠬᠡᠶᠢᠳ ᠪᠤᠷᠬᠠᠨ ᠤ ᠰᠤᠪᠤᠷᠭ᠎ᠠ ᠶ᠋ᠢ ᠪᠠᠷᠢᠬᠤ ᠤᠨᠤᠯ ᠪᠠ ᠮᠡᠷᠭᠡᠵᠢᠯ ᠳ᠋ᠤ ᠨᠠᠷᠢᠯᠢᠭ ᠨᠡᠪᠳᠡᠷᠡᠭᠰᠡᠨ ᠤᠴᠢᠷ ᠡᠴᠠ ᠳᠡᠬᠦᠨ ᠤ ᠵᠢᠷᠤᠵᠦ ᠲᠦᠰᠦᠪᠯᠡᠨ ᠂ ᠬᠢᠨᠠᠵᠦ  ᠪᠠᠶᠢᠭᠣᠯᠣᠭᠰᠠᠠ ᠴᠠᠭᠠᠨ ᠰᠤᠪᠤᠷᠭ᠎ᠠ ᠨᠢ ᠢᠷᠬᠡᠨ ᠤᠯᠤᠰ ᠤᠨ ᠬᠤᠷᠢᠨ ᠵᠢᠷᠭᠤᠳᠤᠭᠠᠷ ᠤᠨ ( 1937 ᠣᠨ ) ᠳ᠋ᠤ ᠵᠠᠰᠠᠨ ᠰᠢᠨᠡᠳᠭᠡᠭᠳᠡᠵᠡᠢ ᠃
      ᠵᠠᠩᠭᠤᠳᠠᠢ ᠶ᠋ᠢᠨ ᠴᠠᠭᠠᠨ ᠰᠤᠪᠤᠷᠭ᠎ᠠ ᠶ᠋ᠢ ᠬᠦᠬᠡ ᠲᠤᠭᠤᠰᠬ᠎ᠠ ᠪᠠᠷ ᠦᠷᠤᠨ ᠪᠠᠷᠢᠵᠦ ᠂ ᠳᠡᠭᠡᠳᠦ ᠬᠡᠰᠡᠭ ᠤᠨ ᠲᠦᠬᠦᠷᠢᠭᠬᠡᠨ ᠪᠠ ᠲᠤᠤᠷᠠᠳᠤ ᠬᠡᠰᠡᠭ ᠤᠨ ᠲᠦᠷᠪᠡᠯᠵᠢᠨ ᠢ  ᠪᠦᠭᠦᠯᠢ  ᠴᠤᠬᠴᠠᠯᠠᠨ ᠪᠦᠳᠦᠭᠡᠵᠠᠢ ᠃ ᠳᠡᠭᠡᠳᠦ ᠬᠡᠰᠡᠭ ᠤᠨ ᠲᠦᠬᠦᠷᠢᠭᠬᠡᠨ ᠨᠢ ᠬᠦᠩᠬᠡᠨ ᠨᠠᠬᠢᠯᠵᠠᠭᠤᠷ  ᠪᠤᠰᠦ ᠬᠦᠴᠦᠯᠢᠭ ᠭᠤᠶᠢᠳᠠ ᠲᠦᠷᠦᠭᠳᠡᠯ ᠢ ᠦᠭᠴᠦ ᠂ ᠳᠣᠣᠷᠠᠳᠦ ᠬᠡᠰᠡᠭ ᠤᠨ ᠳᠦᠷᠪᠡᠯᠵᠢᠨ ᠨᠢ ᠴᠦ ᠨᠦᠰᠡᠷ ᠯᠤᠳᠦ  ᠪᠤᠰᠦ ᠳᠤᠭᠳᠠᠭᠤᠨ ᠪᠡᠬᠢᠯᠢᠭ ᠰᠠᠨᠠᠭ᠎ᠠ ᠶ᠋ᠢ ᠢᠯᠡᠷᠡᠭᠦᠯᠦᠭᠰᠡᠨ ᠪᠠᠶᠢᠵᠠᠢ ᠃ ᠴᠠᠭᠠᠨ ᠰᠤᠪᠤᠷᠭ᠎ᠠ  ᠨᠡᠶᠢᠲᠡ ᠳᠠᠪᠤᠨ ᠳᠡᠭᠳᠡᠷ ᠱᠠᠳᠤ ᠲᠠᠢ ᠂ ᠳᠡᠭᠡᠳᠦ ᠬᠤᠶᠠᠷ ᠳᠡᠭᠳᠡᠷ ᠨᠢ ᠲᠦᠬᠦᠷᠢᠭ ᠪᠠᠶ᠋ᠢᠵᠦ ᠂ ᠤᠷᠤᠢ ᠶ᠋ᠢᠨ ᠳᠡᠭᠳᠡᠷ ᠲᠤ ᠭᠠᠤᠯᠢᠨ ᠪᠤᠭᠤᠳᠠᠰᠦ ᠲᠤᠬᠢᠷᠠᠭᠤᠯᠵᠠᠢ ᠂ ᠡᠨᠡᠬᠦ ᠳᠡᠭᠳᠡᠷ ᠲᠤ ᠨᠢ ᠠᠷᠪᠠᠨ ᠭᠤᠷᠪᠠᠨ ᠳᠡᠭᠷᠢ ᠂ ᠬᠦᠩᠭᠠᠷᠪᠠ ( ᠪᠤᠷᠬᠠᠨ ᠤ ᠨᠢᠳᠦ ) ᠵᠡᠷᠭᠡ ᠲᠠᠢ ᠃ ᠳᠤᠤᠷᠠᠳᠤ ᠭᠤᠷᠪᠠᠨ ᠳᠡᠭᠳᠡᠷ ᠨᠢ ᠲᠦᠷᠪᠡᠯᠵᠢᠨ ᠬᠡᠯᠪᠡᠷᠢ ᠲᠠᠢ ᠂ ᠳᠡᠰ  ᠲᠠᠷᠠᠭ᠎ᠠ ᠲᠠᠢ ᠨᠡᠶᠢᠯᠡᠪᠤᠷᠢᠯᠡᠨ ᠪᠦᠳᠦᠬᠡᠵᠦ ᠂ ᠱᠠᠳᠤ ᠪᠦᠷᠢ ᠳ᠋ᠤ ᠡᠳᠤᠢ ᠳᠡᠳᠤᠢ ᠬᠦᠳᠤᠬᠦᠷ ᠪᠤᠷᠬᠠᠨ ᠤ  ᠰᠡᠶᠢᠯᠣᠮᠡᠯ ᠲᠠᠢ ᠃ ᠰᠤᠪᠤᠷᠭ᠎ᠠ ᠶ᠋ᠢᠨ ᠪᠦᠬᠦ ᠦᠨᠳᠤᠷ ᠨᠢ 13  ᠮᠸᠲ᠋ᠷ ᠂ ᠰᠤᠪᠤᠷᠭ᠎ᠠ ᠶ᠋ᠢᠨ ᠰᠠᠭᠤᠷᠢ  ᠨᠢ ᠦᠨᠳᠤᠷ ᠪᠠ ᠤᠷᠳᠦ ᠂ ᠦᠷᠭᠡᠨ ᠨᠢ ᠪᠦᠷ 6 ᠮᠸᠲ᠋ᠷ ᠤᠨ ᠳᠡᠭᠰᠢ ᠲᠦᠷᠪᠡᠯᠵᠢᠨ ᠪᠡᠶᠡᠳᠦ ᠪᠤᠯᠤᠨ᠎ᠠ ᠃ ᠰᠤᠪᠤᠷᠭᠠᠨ ᠰᠠᠭᠤᠷᠢ ᠡᠴᠠ ᠳᠡᠭᠡᠭᠰᠢᠯᠡᠨ ᠠᠯᠭᠤᠷᠬᠠᠨ ᠬᠤᠮᠢᠵᠦ ᠪᠠᠷᠢᠭᠰᠠᠨ ᠳᠠᠪᠤᠨ ᠳᠡᠭᠳᠡᠷ ᠰᠦᠮᠪᠤᠷ ᠰᠠᠭᠤᠳᠠᠯ ᠲᠠᠢ ᠃ ᠰᠦᠮᠪᠤᠷ ᠰᠠᠭᠤᠳᠠᠯ ᠤᠨ ᠲ᠋ᠡᠭᠡᠷ᠎ᠡ ᠨᠢ ᠦᠷᠭᠡᠨ ᠶᠡᠬᠡ ᠰᠤᠪᠤᠷᠭᠠᠨ ᠯᠤᠩᠬᠤ ᠲᠠᠢ ᠃ ᠰᠤᠪᠤᠷᠭᠠᠨ ᠯᠤᠩᠬᠤ ᠶ᠋ᠢᠨ ᠪᠠᠷᠠᠭᠤᠨ ᠵᠡᠬᠦᠨ ᠡᠮᠤᠨ᠎ᠡ ᠬᠤᠶᠢᠨ᠎ᠠ ᠲᠦᠷᠪᠡᠨ ᠲᠠᠯ᠎ᠠ ᠳ᠋ᠤ ᠪᠦᠷ ᠬᠦᠩᠭᠠᠷᠪᠠ ᠶ᠋ᠢᠨ ᠡᠬᠦᠳᠡ ᠪᠠᠶ᠋ᠢᠵᠦ ᠂ ᠳᠤᠳᠤᠷ᠎ᠠ ᠨᠢ ᠲᠦᠪᠡᠳ ᠤᠯᠠᠮᠵᠢᠯᠠᠯᠳᠤ ᠪᠤᠷᠬᠠᠨ ᠱᠠᠰᠢᠨ ᠤ  ᠭᠡᠯᠤᠪᠡ ᠶ᠋ᠢᠨ ᠪᠦᠯᠦᠭᠳᠡᠨ ᠤ ᠡᠬᠦᠳᠦᠭᠴᠢ ᠰᠦᠩᠺᠡᠪᠡ ᠶᠡᠬᠡ ᠪᠠᠭᠰᠢ ᠪᠠᠷ ᠲᠦᠷᠦᠭᠦᠯᠡᠭᠦᠯᠦᠭᠰᠡᠨ ᠲᠦᠷᠪᠡᠨ ᠪᠤᠷᠬᠠᠨ ᠤ ᠬᠦᠷᠦᠭ ᠲᠠᠢ ᠃ ᠲᠦᠷᠪᠡᠨ ᠬᠦᠩᠭᠠᠷᠪᠠ ᠶ᠋ᠢᠨ ᠡᠬᠦᠳᠡᠨ ᠳ᠋ᠤ ᠪᠦᠷ ᠳᠠᠭᠤᠳᠤ ᠬᠤᠩᠬᠤ ᠶ᠋ᠢ ᠲᠤᠬᠢᠷᠠᠭᠤᠯᠠᠵᠦ ᠂ ᠠᠶᠠᠰ ᠤᠨ ᠰᠠᠯᠬᠢᠨ ᠢᠶᠠᠷ  ᠬᠠᠩᠬᠢᠨᠠᠨ  ᠴᠠᠩᠬᠢᠨᠠᠬᠣ  ᠪᠦᠭᠡᠳ ᠵᠦᠭᠡᠯᠡᠨ ᠰᠠᠯᠬᠢᠨ ᠳ᠋ᠤ ᠪᠠᠭᠠᠬᠠᠨ ᠳᠤᠤᠭᠠᠷᠴᠦ ᠂  ᠰᠢᠷᠦᠭᠦᠨ ᠰᠠᠯᠬᠢᠨ ᠳ᠋ᠤ ᠳᠤᠭᠰᠢᠨ ᠳᠤᠤᠭᠠᠷᠳᠠᠭ  ᠪᠠᠶᠢᠵᠣ᠂ ᠰᠡᠳᠬᠢᠯ ᠰᠠᠨᠠᠭ᠎ᠠ ᠶ᠋ᠢ ᠴᠢᠪᠬᠠᠳᠠᠨ ᠳᠠᠲᠠᠲᠠᠭ ᠠᠵᠠᠢ ᠃ ᠰᠤᠪᠤᠷᠭᠠᠨ ᠯᠤᠩᠬᠤ ᠶ᠋ᠢᠨ ᠳᠡᠭᠡᠷ᠎ᠡ ᠨᠢ ᠠᠷᠪᠠᠨ ᠭᠤᠷᠪᠠᠨ ᠳᠡᠭᠷᠢ ᠶ᠋ᠢ ᠲᠦᠯᠦᠭᠡᠯᠡᠭᠰᠡᠨ ᠨᠤᠮ ᠤᠨ ᠬᠦᠷᠳᠦ ᠶ᠋ᠢᠨ ᠴᠠᠭᠠᠷᠢᠭ ᠪᠠᠶᠢᠵᠣ᠂ ᠰᠤᠪᠤᠷᠭᠠᠨ ᠤᠷᠤᠢ ᠨᠢ ᠨᠠᠷᠠ   ᠰᠠᠷᠠ ᠪᠠ ᠭᠡᠷᠡᠯ ᠢ ᠪᠡᠯᠭᠡᠳᠡᠵᠠᠢ ᠃
       ᠵᠠᠩᠭᠤᠳᠠᠢ ᠶ᠋ᠢᠨ ᠴᠠᠭᠠᠨ ᠰᠤᠪᠤᠷᠭ᠎ᠠ ᠶ᠋ᠢᠨ ᠪᠥᠬᠦᠶᠢᠯᠡ ᠴᠤᠭᠴᠠ ᠶᠢᠨ ᠤᠨᠴᠠᠯᠢᠭ ᠨᠢ ᠲᠦᠪᠯᠡᠬᠦᠨ ᠶᠡᠬᠡᠮᠰᠦᠭ ᠬᠠᠴᠢᠨ ᠭᠠᠶ᠋ᠢᠬᠠᠮᠰᠢᠭᠳᠠᠢ ᠪᠠᠶᠢᠵᠣ ᠂ ᠲᠦᠪᠡᠳ ᠤᠯᠠᠮᠵᠢᠯᠠᠯᠳᠤ ᠪᠤᠷᠬᠠᠨ ᠱᠠᠰᠢᠨ ᠤ ᠬᠦᠮᠦᠷᠢᠭᠡ ᠪᠠᠭᠪᠤᠷ ᠬᠡᠯᠪᠡᠷᠢᠳᠦ ᠪᠤᠷᠬᠠᠨ ᠤ ᠰᠤᠪᠤᠷᠭ᠎ᠠ ᠶ᠋ᠢᠨ ᠰᠤᠳᠤᠨ ᠪᠦᠳᠦᠭᠡᠯ ᠪᠤᠯᠵᠠᠢ ᠃ ᠴᠠᠭᠠᠨ ᠰᠤᠪᠤᠷᠭ᠎ᠠ ᠤᠯᠠᠨ ᠵᠢᠯ ᠤᠨ ᠰᠠᠯᠬᠢ ᠪᠤᠷᠤᠭᠠᠨ ᠢ ᠡᠯᠡᠬᠡᠨ  ᠲᠣᠭᠣᠯᠵᠣ ᠂ ᠬᠦᠴᠢᠷ ᠭᠠᠴᠢᠭ ᠲᠤ ᠰᠦᠢᠳᠤᠯ ᠦᠭᠡᠢ ᠦᠨᠤ ᠪᠤᠯᠳᠠᠯ᠎ᠠ ᠲᠦᠪᠯᠡᠬᠦᠨ ᠢᠳᠡᠷᠬᠡᠭ ᠬᠡᠪ ᠢᠶᠠᠷ ᠢᠶᠡᠨ ᠰᠦᠨᠳᠡᠷᠯᠡᠨ  ᠰᠡᠭᠦᠶᠢᠭᠰᠡᠭᠡᠷ ᠃

       ᠵᠠᠩᠭᠤᠳᠠᠢ ᠶ᠋ᠢᠨ ᠴᠠᠭᠠᠨ ᠰᠤᠪᠤᠷᠭ᠎ᠠ ᠪᠠ ᠬᠤᠰᠢᠭᠤᠨ ᠰᠦᠮ᠎ᠡ ᠪᠤᠯ ᠨᠢᠭᠡᠯᠡ ᠦᠶ᠎ᠡ ᠶ᠋ᠢᠨ ᠪᠠᠷᠢᠯᠭ᠎ᠠ ᠪᠠᠶᠢᠵᠤ ᠂ ᠬᠠᠮᠳᠦ ᠪᠠᠷ  ᠨᠠᠢᠮᠠᠨ ᠬᠤᠰᠢᠭᠤᠨ ᠤ ᠪᠤᠷᠬᠠᠨ ᠱᠠᠰᠢᠨ ᠤ ᠪᠡᠯᠭᠡ ᠳᠡᠮᠳᠡᠭ ᠪᠠᠶᠢᠭᠰᠠᠠ ᠴᠦ ᠂ ᠭᠠᠵᠠᠷ ᠰᠢᠷᠤᠢ ᠶ᠋ᠢᠨ ᠬᠦᠳᠡᠯᠭᠡᠭᠡᠨ ᠤ ᠦᠶ᠎ᠡ ᠳ᠋ᠤ ᠰᠦᠮ᠎ᠡ ᠡᠪᠳᠡᠭᠳᠡᠵᠦ ᠰᠤᠪᠤᠷᠭ᠎ᠠ ᠨᠢ ᠯᠠ ᠦᠯᠡᠳᠡᠭᠰᠡᠨ ᠶᠤᠮ ᠃ ᠴᠠᠭᠠᠨ ᠰᠤᠪᠤᠷᠭ᠎ᠠ ᠶ᠋ᠢ ᠤᠳᠤ  ᠶᠠᠭ  ᠲᠠᠭᠢᠨ ᠰᠡᠯᠪᠢᠨ ᠰᠢᠨᠡᠳᠭᠡᠵᠤ ᠪᠤᠢ ᠃

                                                                             (  ᠰᠢᠶᠠᠢ ᠵᠢᠡ ᠱᠠᠠ )
ᠢᠷᠡᠯᠳᠡ᠄
ᠢᠷᠡᠯᠳᠡ᠄ ᠨᠠᠶᠢᠷᠠᠭᠤᠯᠤᠭᠴᠢ᠄ ᠸᠠᠩ ᠴᠤᠯᠮᠤᠨ