ᠨᠠᠢᠮᠠᠨ ᠬᠣᠰᠢᠭᠣ 《 ᠵᠣᠭᠠᠴᠠᠯ + ᠶᠠᠳᠠᠭᠣ ᠶ᠋ᠢ ᠲᠡᠳᠬᠦᠬᠦ 》 ᠭᠡᠬᠦ ᠬᠡᠪ ᠵᠠᠭᠪᠣᠷ ᠢᠶᠠᠷ ᠦᠡᠭᠭᠡ ᠦᠵᠡᠮᠵᠢ ᠶ᠋ᠢ ᠦᠷ᠎ᠡ ᠠᠰᠢᠭ ᠪᠤᠯᠭᠠᠨ ᠬᠤᠪᠢᠷᠠᠭᠤᠯᠵᠤ ᠪᠠᠶᠢᠨ᠎ᠠ

ᠣᠩᠰᠢᠭᠰᠠᠨ ᠤᠳᠠᠭ᠎ᠠ ᠄ 2913     ᠨᠡᠶᠢᠳᠡᠯᠡᠭᠰᠡᠨ ᠴᠠᠭ ᠄ 2017/7/27 17:53:44

ᠨᠠᠢᠮᠠᠨ ᠬᠣᠰᠢᠭᠣ 《ᠵᠣᠭᠠᠴᠠᠯ + ᠶᠠᠳᠠᠭᠣ ᠶ᠋ᠢ ᠲᠡᠳᠬᠦᠬᠦ》 ᠭᠡᠬᠦ  ᠬᠡᠪ ᠵᠠᠭᠪᠣᠷ ᠢᠶᠠᠷ ᠦᠡᠭᠭᠡ ᠦᠵᠡᠮᠵᠢ  ᠶ᠋ᠢ ᠦᠷ᠎ᠡ ᠠᠰᠢᠭ  ᠪᠤᠯᠭᠠᠨ ᠬᠤᠪᠢᠷᠠᠭᠤᠯᠵᠤ ᠪᠠᠶᠢᠨ᠎ᠠ
     ᠨᠠᠢᠮᠠᠨ ᠬᠣᠰᠢᠭᠣ  《ᠵᠣᠭᠠᠴᠠᠯ + ᠶᠠᠳᠠᠭᠣ ᠶ᠋ᠢ ᠲᠡᠳᠬᠦᠬᠦ》ᠬᠡᠪ ᠵᠠᠭᠪᠣᠷ ᠡᠬᠦᠳᠴᠣ  ᠵᠣᠭᠠᠴᠠᠯ ‍ᠤᠨ ᠦᠷᠨᠢᠬᠦᠨ ᠬᠦᠭᠵᠢᠯᠳᠡ ᠪᠡᠷ ᠲᠣᠰᠬᠣᠨ ‍ᠤ ᠠᠷᠠᠳ ‍ᠤᠨ ᠪᠠᠶᠠᠵᠢᠯ ‍ᠤᠨ ᠬᠠᠷᠭᠣᠢ ᠶ᠋ᠢ ᠨᠡᠬᠡᠬᠡᠵᠣ ᠪᠠᠶᠢᠨ᠎ᠠ ᠃ ᠨᠠᠢᠮᠠᠨ ᠬᠣᠰᠢᠭᠣ ᠦᠨᠣ ᠵᠢᠯ ‍ᠤᠨ 5 ᠲᠠᠪᠣᠳᠣᠭᠠᠷ ᠰᠠᠷ᠎ᠠ  ᠶ᠋ᠢᠨ ᠰᠡᠬᠦᠯᠴᠢ  ᠳ᠋ᠥ ᠶᠠᠪᠣᠭᠳᠠᠭᠣᠯᠣᠭᠰᠠᠨ ᠦᠪᠣᠷ ᠮᠣᠡᠭᠭᠣᠯ ‍ᠤᠨ ᠦᠪᠡᠷᠳᠡᠭᠡᠨ ᠵᠠᠰᠠᠬᠣ ᠣᠷᠣᠨ ‍ᠤ ᠵᠢᠷᠭᠣᠳᠣᠭᠠᠷ ᠬᠣᠭᠣᠴᠠᠭᠠᠨ ‍ᠤ 《 ᠡᠷ᠎ᠡ ᠶ᠋ᠢᠨ ᠭᠣᠷᠪᠠᠨ ᠨᠠᠭᠠᠳᠣᠮ 》 ᠵᠢᠴᠢ ᠨᠠᠢᠮᠠᠨ ᠬᠣᠰᠢᠭᠣᠨ ‍ᠤ ᠡᠯᠡᠰᠣᠨ ᠨᠠᠭᠠᠳᠣᠮ ᠂ ᠨᠠᠢᠮᠠᠨ ᠬᠣᠰᠢᠭᠣᠨ ‍ᠤ ᠬᠡᠬᠡᠷᠡᠯᠡᠬᠦ ᠪᠠᠭᠠᠳᠣᠷᠴᠣᠳ ‍ᠤᠨ ᠴᠣᠭᠯᠠᠭᠠᠨ  ᠵᠡᠷᠭᠡ ᠶᠡᠬᠡ ᠨᠠᠶᠢᠷ ᠴᠣᠭᠯᠠᠭᠠᠨ ᠨᠢ ᠵᠤᠭᠠᠴᠠᠯ ‍ᠤᠨ ᠣᠶᠢᠯᠡᠰ ‍ᠢ ᠬᠦᠭᠵᠢᠬᠦᠨ ᠪᠠᠳᠠᠷᠠᠭᠣᠨ ᠪᠤᠯᠭᠠᠵᠡᠢ ᠃  ᠨᠠᠢᠮᠠᠨ ᠬᠣᠰᠢᠭᠣ  ᠨᠢ ᠵᠣᠭᠠᠴᠠᠯ ‍ᠤᠨ ᠣᠶᠢᠯᠡᠰ ‍ᠤᠨ ᠶᠡᠷᠣᠡᠭᠭᠡᠶᠢᠯᠡᠭᠰᠡᠨ ᠦᠢᠯᠡᠳᠣᠯ  ᠪᠠ ᠲᠠᠶᠢᠴᠢᠯᠠᠯᠳᠠ ᠶ᠋ᠢᠨ ᠬᠦᠴᠣᠨ ‍ᠢ ᠬᠦᠢᠴᠡᠳ ᠪᠠᠳᠠᠷᠠᠭᠣᠯᠵᠣ ᠂ ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠠᠵᠢᠯ ‍ᠢ ᠪᠦᠬᠦ ᠬᠦᠴᠣᠨ ᠢᠶᠠᠷ ᠢᠶᠡᠨ ᠲᠦᠯᠬᠢᠨ ᠠᠬᠢᠭᠣᠯᠵᠣ ᠂ ᠨᠡᠡᠭ ᠣᠯᠠᠨ ᠲᠦᠮᠡᠨ ᠵᠣᠭᠠᠴᠠᠯ ‍ᠤᠨ ᠠᠰᠢᠭ ᠲᠣᠰᠠ ᠶ᠋ᠢ ᠬᠦᠷᠳᠡᠵᠣ ᠂ ᠣᠯᠣᠰ ‍ᠤᠨ ᠶᠠᠳᠠᠭᠣ ᠬᠦᠴᠢᠷᠳᠡᠯᠳᠣ  ᠬᠣᠰᠢᠭᠣ ᠵᠢ ᠶᠠᠳᠠᠭᠣ  ᠡᠴᠠ  ᠠᠡᠭᠬᠢᠵᠢᠷᠠᠭᠣᠯᠬᠣ ᠰᠢᠪᠳᠣᠯᠣᠯᠳᠠ ᠶ᠋ᠢᠨ ᠪᠠᠶᠢᠯᠳᠣᠭᠠᠨ ‍ᠤ ᠵᠠᠮ ᠲᠡᠭᠡᠷ᠎ᠡ ᠪᠠᠶᠠᠵᠢᠨ ᠴᠢᠨᠡᠭᠡᠯᠢᠭᠵᠢᠬᠦ  ᠵᠠᠮ ‍ᠢ ᠬᠠᠶᠢᠨ ᠰᠦᠪᠡᠭᠴᠢᠯᠡᠵᠣ ᠪᠠᠶᠢᠨ᠎ᠠ ᠃ ᠣᠳᠣᠬᠠᠨ ᠳ᠋ᠣ  ᠨᠠᠢᠮᠠᠨ  ᠬᠣᠰᠢᠭᠣ 71.5 ᠲᠦᠮᠡᠨ ᠵᠢᠭᠣᠯᠴᠢᠯᠠᠭᠰᠠᠳ ‍ᠢ ᠣᠭᠳᠣᠨ ᠠᠪᠴᠣ 3.55 ᠳ᠋ᠦᠡᠭᠰᠢᠭᠣᠷ ᠲᠦᠬᠦᠷᠢᠭ ‍ᠤᠨ ᠵᠣᠭᠠᠴᠠᠯ ‍ᠤᠨ ᠣᠷᠣᠯᠭ᠎ᠠ ᠶ᠋ᠢ  ᠪᠡᠶᠡᠯᠡᠬᠦᠯᠵᠡᠢ ᠃
      ᠨᠠᠢᠮᠠᠨ ᠬᠣᠰᠢᠭᠣ ᠬᠣᠷᠴᠢᠨ ᠡᠯᠡᠰᠣᠨ ᠪᠦᠰᠡᠯᠡᠬᠦᠷ  ᠲᠦ ᠣᠷᠣᠰᠢᠵᠣ ᠂  ᠮᠠᠡᠭᠬ᠎ᠠ ᠡᠯᠡᠰᠣᠨ  ᠪᠠᠶᠢᠷᠢ ᠪᠠᠶᠢᠴᠠ ᠲᠠᠢ ᠣᠯᠣᠰ ‍ᠤᠨ ᠲᠡᠰ ‍ᠤᠨ  ᠨᠡᠶᠢᠳᠡᠯᠢᠭ ᠶᠠᠳᠠᠭᠣ ᠬᠣᠰᠢᠭᠣ ᠪᠣᠯᠣᠨ᠎ᠠ ᠃ ᠲᠣᠰ ᠬᠣᠰᠢᠭᠣ 《 ᠰᠢᠨ᠎ᠡ ᠡᠬᠦᠳᠣᠯᠳᠡ ᠲᠠᠢ ᠨᠠᠢᠮᠠᠨ ‍ᠢ ᠪᠠᠶᠢᠭᠣᠯᠵᠣ  ᠲᠠᠪᠠᠯᠳᠠ ᠶ᠋ᠢ ᠪᠡᠶᠡᠯᠡᠬᠦᠯᠬᠦ》 ᠶᠡᠷᠣᠡᠭᠭᠡᠢ ᠱᠠᠭᠠᠷᠳᠠᠯᠭ᠎ᠠ ᠶ᠋ᠢ ᠪᠠᠷᠢᠮᠳᠠᠯᠠᠵᠤ ᠂ 《 ᠡᠯᠡᠰᠣᠨ ᠲᠠᠯᠠᠢ ᠶ᠋ᠢᠨ ᠬᠡᠷᠡᠯᠳᠣ ᠰᠣᠪᠣᠳ ᠭᠠᠶᠢᠬᠠᠮᠰᠢᠭᠳᠣ ᠨᠠᠢᠮᠠᠨ 》 ᠬᠡᠬᠦ ᠨᠡᠷᠡᠳᠣ ᠲᠡᠮᠳᠡᠭ ‍ᠢ ᠡᠬᠦᠳᠬᠦ ᠶ᠋ᠢᠨ ᠲᠣᠭᠣᠷᠢᠨ  ᠳ᠋ᠥ ᠂ ᠬᠤᠷᠴᠢᠨ ‍ᠤ 500 ᠺᠢᠯᠣᠮᠸᠲ᠋ᠷ ᠰᠣᠶᠣᠯ  ᠵᠤᠭᠠᠴᠠᠯ ‍ᠤᠨ ᠬᠣᠡᠭᠬᠢᠯ ‍ᠢ ᠪᠦᠳᠣᠭᠡᠨ ᠪᠠᠶᠢᠭᠣᠯᠬᠣ  ᠳ᠋ᠥ ᠢᠳᠡᠪᠬᠢᠲᠠᠢ ᠣᠷᠣᠯᠴᠠᠵᠣ ᠂ 《 ᠨᠢᠬᠡ ᠴᠦᠮ᠎ᠡ ᠬᠣᠶᠠᠷ ᠵᠢᠬᠦᠷ ᠭᠣᠷᠪᠠᠨ ᠬᠡᠰᠡᠭ ᠣᠷᠣᠨ 》 ‍ᠢ ᠲᠣᠪᠣᠶᠢᠯᠭᠠᠵᠣ ᠂ ᠲᠦᠷᠪᠡᠨ ᠭᠣᠣᠯᠳᠠᠯᠭ᠎ᠠ ᠶ᠋ᠢ ᠲᠦᠯᠬᠢᠨ ᠠᠬᠢᠭᠣᠯᠬᠣ ᠂ ᠲᠠᠪᠣᠨ ᠠᠭᠣᠰᠣᠯᠴᠠᠯ ‍ᠢ ᠬᠦᠢᠴᠡᠳᠭᠡᠬᠦ ᠶ᠋ᠢ ᠪᠡᠶᠡᠯᠡᠬᠦᠯᠵᠣ ᠂ ᠰᠣᠶᠣᠯ ᠵᠣᠭᠠᠴᠠᠯ ‍ᠤᠨ ᠣᠶᠢᠯᠡᠰ ‍ᠢ ᠪᠦᠬᠦ ᠲᠠᠯ᠎ᠠ ᠪᠡᠷ ᠬᠦᠭᠵᠢᠬᠦᠯᠵᠣ ᠪᠠᠶᠢᠨ᠎ᠠ ᠃ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠠ ᠶ᠋ᠢᠨ ᠠᠵᠢᠯ ᠡᠬᠢᠯᠡᠭᠰᠡᠨ ᠡᠴᠠ   ᠨᠠᠰᠢ ᠂  ᠨᠠᠢᠮᠠᠨ ᠬᠣᠰᠢᠭᠣ ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠶ᠋ᠢ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠠ ᠶ᠋ᠢᠨ ᠴᠢᠭ ᠂ ᠲᠠᠭᠠᠷᠢᠯᠳᠠ ᠶ᠋ᠢᠨ ᠬᠦᠴᠣᠨ ᠪᠣᠯᠭᠠᠵᠣ  ᠂ ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠨᠢ ᠬᠦᠴᠣᠷᠭᠡᠭ ᠶᠡᠬᠡ ᠵᠠᠬ᠎ᠠ ᠲᠡᠯᠬᠡᠬᠦᠷ ‍ᠤᠨ ᠲᠠᠪᠠᠭᠣᠯᠢᠭ ᠂ ᠰᠢᠨ᠎ᠡ ᠪᠡᠷ ᠮᠠᠨᠳᠣᠭᠰᠠᠨ ᠠᠵᠣ ᠣᠶᠢᠯᠡᠰ ‍ᠤᠨ ᠠᠮᠢᠳᠣᠯᠢᠭ ᠬᠦᠴᠣᠨ ᠂ ᠴᠢᠡᠭᠭ᠎ᠠ ᠡᠷᠴᠢᠮ ᠲᠠᠢ ᠴᠢᠰᠣ ᠡᠬᠦᠳᠬᠦ ᠴᠢᠳᠠᠪᠬᠢ ᠂ ᠠᠣᠭ᠎ᠠ ᠶᠡᠭᠡ ᠲᠠᠶᠢᠴᠢᠯᠠᠯᠳᠠ ᠶ᠋ᠢᠨ ᠦᠢᠯᠡᠳᠣᠯ ᠲᠠᠢ ᠪᠤᠯᠵᠤ ᠂ ᠲᠣᠰ ᠬᠣᠰᠢᠭᠣᠨ ‍ᠤ ᠶᠠᠳᠠᠭᠣ ᠶ᠋ᠢ ᠲᠡᠳᠬᠦᠵᠣ ᠪᠡᠬᠢᠯᠡᠯᠳᠡ ᠰᠢᠪᠳᠣᠯᠬᠣ ᠶ᠋ᠢᠨ ᠶᠠᠭ ᠰᠠᠶᠢᠬᠠᠨ  ᠢᠳᠡᠭ ᠢᠳᠡᠭ ᠢᠶᠠᠷ ᠴᠤ᠋  ᠰᠢᠨ᠎ᠡ ᠬᠦᠴᠣᠨ ᠴᠡᠷᠢᠭ ᠪᠤᠯᠵᠤ ᠪᠠᠶᠢᠨ᠎ᠠ ᠃
      ᠦᠨᠳᠣᠷ ᠪᠠᠷᠢᠮᠵᠢᠶᠠᠳᠣ ᠵᠣᠭᠠᠴᠠᠯ ‍ᠤᠨ ᠲᠦᠯᠣᠪᠯᠡᠬᠡ ᠨᠢ ᠲᠣᠰᠬᠣᠨ ‍ᠤ ᠠᠷᠠᠳ  ᠲᠦ ᠵᠣᠭᠠᠴᠠᠯ ‍ᠤᠨ ᠬᠣᠭᠣᠯᠠ ᠢᠳᠡᠬᠦᠯᠵᠣ ᠪᠠᠶᠢᠨ᠎ᠠ ᠃ ᠪᠠᠶᠠᠨᠳᠠᠯ᠎ᠠ ᠰᠣᠮᠣ ᠶ᠋ᠢᠨ ᠲᠦᠷᠪᠡᠨ ᠣᠪᠣᠭ᠎ᠠ ᠭᠠᠴᠠᠭ᠎ᠠ ᠶ᠋ᠢᠨ  ᠰᠡᠷᠬᠦᠯᠡᠡᠭ ᠪᠤᠯ ᠪᠦᠬᠦ ᠬᠡᠷ ‍ᠤᠨ ᠢᠶᠡᠨ ᠭᠣᠣᠯ ᠬᠦᠴᠣᠨ ᠪᠤᠯᠵᠤ ᠪᠠᠶᠢᠨ᠎ᠠ ᠃ ᠲᠡᠷᠡ ᠪᠡᠷ 《 ᠮᠠᠨ ‍ᠤ ᠬᠡᠷ 3  ᠠᠮᠠᠨ  ᠲᠣᠭ᠎ᠠ ᠬᠦᠮᠦᠨ ᠲᠠᠢ ᠂ 12  ᠮᠦ ᠲᠠᠷᠢᠶᠠᠨ ᠭᠠᠵᠠᠷ ᠲᠠᠢ ᠂ ᠮᠠᠡᠭᠬᠠᠨ ᠭᠠᠵᠠᠷ ᠪᠣᠯᠬᠣᠷ 3  ᠮᠦ ᠣᠰᠣᠯᠠᠬᠣ ᠭᠠᠵᠠᠷ ‍ᠢ ᠬᠦᠷᠬᠦ ᠦᠬᠡᠢ ᠂ ᠵᠢᠯ ᠪᠦᠷᠢ ᠡᠷᠳᠡᠨᠢ ᠰᠢᠰᠢ ᠲᠠᠷᠢᠭᠠᠳ ᠲᠦᠡᠭᠭᠡᠵᠢ ᠯᠡ ᠢᠳᠡᠬᠦ ᠬᠣᠭᠣᠯᠠᠨ ᠳ᠋ᠠᠭᠠᠨ ᠬᠦᠷᠣᠨ᠎ᠡ ᠂ ᠬᠡᠷ ᠲᠡᠭᠡᠨ ᠪᠠᠰᠠ ᠬᠡᠳᠣᠨ ᠬᠣᠨᠢ ᠲᠡᠵᠢᠬᠡᠵᠣ ᠪᠠᠶᠢᠨ᠎ᠠ ᠂ ᠲᠠᠷᠢᠶᠠᠯᠠᠡᠭ ‍ᠤᠨ  ᠰᠡᠯᠡᠭᠦᠦ  ᠴᠠᠭ  ᠲᠦ ᠪᠣᠰᠣᠳ ᠭᠠᠵᠠᠷ ᠣᠴᠢᠵᠣ ᠬᠦᠯᠣᠰᠣᠨ ᠠᠵᠢᠯ ᠬᠢᠨ᠎ᠡ  ᠃ ᠬᠡᠣᠭᠡᠳ ᠦᠨᠳᠣᠷ ᠲᠣᠮᠳᠠᠳᠣ ᠳ᠋ᠥ ᠪᠢᠴᠢᠭ ᠦᠵᠡᠵᠣ ᠪᠠᠶᠢᠨ᠎ᠠ  ᠂ ᠵᠢᠯ ᠪᠦᠷᠢ ᠶ᠋ᠢᠨ ᠵᠠᠷᠣᠳᠠᠯ ᠨᠢ ᠪᠠᠷᠣᠭ ᠲᠦᠮᠡ ᠭᠠᠷᠣᠢ ᠲᠦᠬᠦᠷᠢᠭ ᠬᠡᠷᠡᠭᠰᠡᠨ᠎ᠡ ᠂ ᠠᠮᠢᠳᠣᠷᠠᠯ ᠦᠨᠡᠬᠡᠷ ᠲᠣᠶᠢᠯ ‍ᠤᠨ ᠵᠢᠡᠭ ᠲᠡᠡᠭᠰᠡ ᠲᠠᠢ 》 ᠬᠡᠵᠣ ᠵᠤᠪᠠᠭᠣᠷᠢ ᠲᠠᠢ ᠶᠠᠷᠢᠵᠣ ᠪᠠᠶᠢᠯ᠎ᠠ ᠃ ᠪᠦᠬᠦ ᠬᠣᠰᠢᠭᠣᠨ ‍ᠤ ᠪᠠᠨ ᠶᠠᠳᠠᠭᠣ ᠬᠦᠴᠢᠷᠳᠡᠯᠳᠣ  ᠡᠷᠣᠭᠡ ᠶ᠋ᠢ ᠶᠠᠳᠠᠭᠣ ᠡᠴᠠ ᠨᠢ ᠠᠡᠭᠬᠢᠵᠢᠷᠠᠭᠣᠯᠬᠣ  ᠨᠢ  ᠨᠠᠢᠮᠠᠨ ᠬᠣᠰᠢᠭᠣᠨ ‍ᠤ ᠨᠠᠮ ᠵᠠᠰᠠᠭ ‍ᠤᠨ ᠣᠳᠣᠷᠢᠳᠣᠯᠭ᠎ᠠ ᠺᠠᠳ᠋ᠷ ‍ᠤᠨ ᠬᠦᠨᠳᠣ ᠴᠢᠬᠣᠯᠠ  ᠡᠭᠦᠷᠭᠡ  ᠪᠤᠯᠪᠠ ᠃ ᠨᠠᠢᠮᠠᠨ ᠬᠣᠰᠢᠭᠣᠨ ‍ᠤ ᠠᠵᠣ ᠠᠬᠣᠢ ᠬᠠᠷᠢᠴᠠᠡᠭᠭᠣᠢ ᠪᠡᠷ ᠬᠣᠴᠣᠷᠣᠡᠭᠭᠣᠢ ᠂ ᠰᠠᠭᠣᠷᠢ ᠲᠦᠬᠦᠬᠡᠷᠣᠮᠵᠢ ᠶ᠋ᠢᠨ ᠪᠦᠳᠣᠭᠡᠨ ᠪᠠᠶᠢᠭᠣᠯᠣᠯᠳᠠ ᠲᠣᠷᠦᠢ ᠂ ᠶᠠᠮᠠᠷ  ᠨᠢᠬᠡᠨ ᠵᠣᠶᠢᠯ ‍ᠤᠨ ᠶᠠᠳᠠᠭᠣ ᠶ᠋ᠢ ᠲᠡᠳᠬᠦᠬᠦ ᠠᠵᠣ ᠣᠶᠢᠯᠡᠰ ‍ᠢ ᠰᠣᠡᠭᠭᠣᠬᠣ ᠨᠢ ᠶᠠᠳᠠᠭᠣ ᠡᠴᠠ ᠠᠡᠭᠬᠢᠵᠢᠷᠠᠭᠣᠯᠬᠣ ᠰᠢᠪᠳᠣᠯᠣᠯᠳᠠ ᠶ᠋ᠢᠨ ᠲᠠᠶᠢᠨ ‍ᠤ ᠢᠯᠠᠯᠳᠠ ᠣᠯᠬᠣ ᠶ᠋ᠢᠨ ᠬᠠᠮᠣᠭ ᠴᠢᠬᠣᠯᠠ ᠰᠡᠳᠣᠪ ᠪᠤᠯᠤᠨ ᠲᠠᠯᠪᠢᠭᠳᠠᠪᠠ ᠃ ᠨᠠᠢᠮᠠᠨ ᠬᠤᠰᠢᠭᠤᠨ ‍ᠤ ᠪᠠᠶᠢᠭᠠᠯᠢ ᠶ᠋ᠢᠨ ᠦᠡᠭᠭᠡ ᠦᠵᠡᠮᠵᠢ ᠭᠣᠶᠣ ᠰᠠᠶᠢᠬᠠᠨ ᠂ ᠭᠠᠵᠠᠷ ‍ᠤᠨ ᠪᠠᠶᠢᠴᠠ ᠪᠠᠶᠢᠳᠠᠯ ᠡᠳᠡᠭᠡᠳ ᠣᠨᠴᠠᠯᠢᠭ ᠲᠠᠢ ᠂ 《 ᠨᠢᠬᠡ ᠬᠣᠳᠠ ᠪᠡᠷ ᠪᠦᠬᠦ ᠣᠷᠣᠨ ‍ᠢ  ᠲᠣᠰᠬᠠᠵᠣ ᠦᠪᠣᠷ ᠮᠣᠡᠭᠭᠣᠯ ‍ᠢ ᠪᠠᠭᠠᠰᠬᠠᠭᠰᠠᠨ ᠵᠢᠷᠣᠭ 》 ᠬᠡᠵᠣ ᠨᠡᠷ᠎ᠡ ᠠᠯᠳᠠᠷᠰᠢᠵᠡᠢ ᠃ ᠨᠠᠢᠮᠠᠨ ᠬᠤᠰᠢᠭᠤ ᠨᠢ ᠲᠡᠣᠭᠡ ᠰᠣᠶᠣᠯ ᠣᠷᠳᠣ ᠣᠳᠠᠭᠠᠨ ᠂ ᠰᠣᠶᠣᠯ ‍ᠤᠨ ᠲᠣᠨᠣᠳᠠᠰᠣ ᠦᠳᠭᠡᠨ ᠵᠣᠵᠠᠭᠠᠨ  ᠪᠠᠶᠢᠳᠠᠭ ᠂ ᠮᠣᠡᠭᠭᠣᠯ ᠦᠨᠳᠣᠰᠣᠳᠡᠨ ‍ᠤ ᠨᠡᠷᠡᠳᠣ ᠠᠷᠠᠳ ‍ᠤᠨ ᠲᠠᠭᠣᠣ《 ᠨᠣᠭᠣᠨᠵᠠᠶᠠᠭ᠎ᠠ 》 ᠶ᠋ᠢᠨ ᠦᠯᠣᠭᠡᠢ ᠨᠣᠳᠣᠭ ᠂ ᠣᠯᠠᠭᠠᠨᠬᠠᠳᠠ ᠰᠣᠶᠣᠯ  ᠂ ᠬᠢᠳᠠᠨ ᠰᠣᠶᠣᠯ ᠂ ᠬᠣᠷᠴᠢᠨ ‍ᠤ ᠮᠣᠡᠭᠭᠣᠯ ᠶᠣᠸᠠᠨ ‍ᠤ ᠰᠣᠶᠣᠯ ‍ᠤᠨ  ᠭᠣᠣᠯ ᠪᠣᠯᠬᠣ ᠣᠷᠣᠨ ᠪᠣᠯᠣᠨ᠎ᠠ ᠃ ᠣᠷᠳᠣ ᠣᠳᠠᠭᠠᠨ ᠲᠡᠣᠭᠡ ᠰᠣᠶᠣᠯ ᠂ ᠡᠯᠪᠡᠭ ᠪᠠᠶᠠᠯᠢᠭ ᠲᠡᠣᠭᠡ ᠶ᠋ᠢᠨ ᠲᠣᠷᠠᠰᠬᠠᠯᠳᠣ ᠦᠯᠡᠳᠡᠭᠳᠡᠯ ᠂ ᠡᠳᠡᠭᠡᠳ ᠣᠨᠴᠠᠯᠢᠭ ᠪᠦᠬᠦᠢ ᠪᠠᠶᠢᠭᠠᠯᠢ ᠶ᠋ᠢᠨ ᠦᠡᠭᠭᠡ ᠦᠵᠡᠮᠵᠢ ᠂ ᠡᠭᠡᠯ ᠪᠣᠷᠣᠭᠵᠢᠭᠣᠨ ᠠᠷᠠᠳ ‍ᠤᠨ ᠵᠠᠡᠭ ᠵᠠᠡᠭᠰᠢᠯ ‍ᠤᠨ ᠡᠯᠸᠮᠸᠨ᠋ᠲ ᠨᠢ ᠨᠠᠢᠮᠠᠨ ᠬᠣᠰᠢᠭᠣᠨ ‍ᠤ ᠡᠭᠡᠯᠵᠢᠯᠡᠬᠦ  ᠲᠦᠷᠪᠡᠨ ᠣᠯᠠᠷᠢᠯ ᠂ ᠣᠷᠢᠬᠠᠨ ᠬᠠᠪᠣᠷ ᠬᠦᠭᠵᠢᠯᠳᠣ ᠵᠣᠨ ᠡᠯᠪᠡᠭ ᠨᠠᠮᠣᠷ ᠬᠦᠬᠡᠬᠡ ᠡᠪᠣᠯ  ‍ᠤᠨ ᠵᠢᠷᠣᠭ ‍ᠤᠨ ᠰᠠᠶᠢᠬᠠᠨ ᠣᠨᠴᠠᠯᠢᠭ ‍ᠢ ᠪᠦᠷᠢᠳᠣᠬᠦᠯᠵᠡᠢ ᠃ ᠠᠮᠢ ᠠᠬᠣᠢ ᠶ᠋ᠢ ᠰᠢᠳᠣᠨ ᠲᠡᠭᠡᠳᠣᠯᠡᠵᠣ ᠂ ᠲᠠᠪᠠᠭᠣᠯᠢᠭ ᠢᠶᠠᠷ ᠲᠣᠳᠠᠭᠣ ᠶ᠋ᠢ ᠨᠦᠬᠦᠪᠤᠷᠢᠯᠡᠨ ᠂ ᠵᠦᠢ ᠵᠣᠬᠢᠰᠳᠠᠢ ᠪᠡᠷ ᠪᠠᠶᠢᠷᠢᠰᠢᠭᠣᠯᠵᠣ  ᠂ ᠰᠢᠨᠵᠢᠯᠡᠬᠦ ᠣᠬᠠᠭᠠᠨᠴᠢ ᠪᠡᠷ ᠨᠡᠬᠡᠬᠡᠨ ᠠᠰᠢᠭᠯᠠᠬᠣ ᠵᠠᠷᠴᠢᠮ ᠶᠣᠰᠣᠭᠠᠷ ᠂ ᠲᠣᠰ ᠬᠣᠰᠢᠭᠣ ᠶᠡᠬᠡ ᠲᠡᠭᠡᠳᠣ ᠰᠣᠷᠭᠠᠭᠣᠯᠢ ᠶ᠋ᠢᠨ ᠲᠣᠰᠬᠠᠢ ᠮᠡᠷᠭᠡᠵᠢᠯᠳᠡᠨ ᠂ ᠡᠷᠳᠡᠮᠳᠡᠳ ‍ᠢ ᠣᠷᠢᠵᠣ ᠵᠢᠷᠣᠭ ᠲᠦᠰᠣᠪ ᠵᠣᠬᠢᠶᠠᠯᠭᠠᠨ ᠂ 《 ᠪᠣᠭᠳᠣ ᠶ᠋ᠢᠨ ᠡᠯᠡᠰᠣᠨ ᠵᠣᠭᠠᠴᠠᠯ ‍ᠤᠨ  ᠲᠦᠯᠣᠪᠯᠡᠭᠡ ᠶ᠋ᠢᠨ ᠵᠢᠷᠣᠭ ᠲᠦᠰᠣᠪ 》 《 ᠮᠸᠡᠭ ᠵᠢᠶᠠ  ᠳ᠋ᠣᠸᠠᠨ ᠣᠰᠣᠨ ᠴᠦᠬᠦᠷᠣᠮ ‍ᠤᠨ ᠵᠢᠷᠣᠭ ᠲᠦᠯᠣᠪᠯᠡᠭᠡ 》  ᠶ᠋ᠢ ᠪᠡᠶᠡᠯᠡᠬᠦᠯᠵᠣ᠂ 《 ᠨᠠᠢᠮᠠᠨ ᠬᠣᠰᠢᠭᠣᠨ ‍ᠤ ᠬᠦᠳᠡᠭᠡ ᠲᠣᠰᠬᠣᠨ ‍ᠤ ᠵᠣᠭᠠᠴᠠᠯ ‍ᠤᠨ ᠶᠡᠷᠣᠡᠭᠭᠡᠢ ᠲᠦᠯᠣᠪᠯᠡᠭᠡ 》《 ᠪᠠᠶᠠᠨᠳᠠᠯ᠎ᠠ ᠶ᠋ᠢᠨ ᠵᠣᠭᠠᠴᠠᠯ ‍ᠤᠨ ᠪᠠᠭ᠎ᠠ ᠪᠠᠯᠭᠠᠰᠣ ᠶ᠋ᠢᠨ ᠲᠦᠯᠣᠪᠯᠡᠭᠡ 》 《 ᠴᠢᠡᠭ ᠯᠦᠡᠭ ᠱᠠᠨ ᠪᠠᠯᠭᠠᠰᠣ ᠶ᠋ᠢᠨ ᠪᠠᠭ᠎ᠠ ᠪᠠᠯᠭᠠᠰᠣ ᠶ᠋ᠢᠨ ᠶᠡᠷᠣᠡᠭᠭᠡᠢ ᠲᠦᠯᠣᠪᠯᠡᠭᠡ 》 ᠨᠣᠭᠣᠳ ‍ᠢ  ᠨᠠᠶᠢᠷᠠᠭᠣᠯᠬᠣ ᠠᠵᠢᠯ  ‍ᠢ  ᠪᠡᠶᠡᠯᠡᠭᠦᠯᠦᠨ ᠬᠡᠷᠡᠭᠵᠢᠬᠦᠯᠵᠣ ᠡᠬᠢᠯᠡᠪᠡ ᠃  ᠨᠢᠬᠡᠨ ᠰᠢᠷᠢᠰ ᠵᠣᠭᠠᠴᠠᠯ ‍ᠤᠨ ᠲᠦᠯᠣᠪᠯᠡᠬᠡ ᠶ᠋ᠢ ᠭᠠᠷᠭᠠᠭᠰᠠᠨ ᠨᠢ ᠲᠣᠰᠬᠣᠨ ‍ᠤ ᠠᠷᠠᠳ  ᠲᠦ ᠪᠠᠶᠠᠵᠢᠯ ‍ᠤᠨ ᠴᠢᠭᠯᠡᠯ ‍ᠢ ᠵᠢᠭᠠᠵᠣ ᠦᠭᠴᠡᠢ  ᠃  ᠨᠠᠢᠮᠠᠨ ᠬᠣᠰᠢᠭᠣ ᠪᠦᠬᠦ ᠬᠣᠰᠢᠭᠣᠨ ‍ᠤ ᠭᠣᠣᠯᠳᠠᠯᠭ᠎ᠠ ᠲᠠᠢ  ᠦᠵᠡᠮᠵᠢ ᠶ᠋ᠢᠨ ᠣᠷᠣᠨ ᠵᠢᠴᠢ ᠡᠬᠢ ᠪᠠᠶᠠᠯᠢᠭ ᠲᠦᠬᠡᠮᠡᠯ ᠪᠠᠶᠢᠴᠠᠭᠠᠯᠳᠠ ᠬᠢᠵᠣ ᠠᠶᠢᠯ ᠲᠣᠰᠬᠣᠨ ‍ᠤ ᠵᠣᠭᠠᠴᠠᠯ ‍ᠤᠨ ᠭᠣᠣᠯᠳᠠᠯᠭ᠎ᠠ ᠶ᠋ᠢ ᠲᠣᠭᠳᠠᠭᠠᠵᠣ ᠣᠶᠢᠷ᠎ᠠ ᠣᠷᠴᠢᠨ ‍ᠤ ᠬᠢᠨ ᠶᠠᠳᠠᠭᠣ ᠬᠦᠴᠢᠷᠳᠡᠯᠳᠣ ᠲᠣᠰᠬᠣᠨ ‍ᠢ ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠲᠠᠶᠢᠴᠢᠯᠠᠯᠳᠠ ᠶ᠋ᠢᠨ ᠭᠣᠣᠯᠳᠠᠯᠭ᠎ᠠ ᠪᠤᠯᠭᠠᠵᠣ ᠂ ᠴᠢᠡᠭ ᠯᠦᠡᠭ ᠱᠠᠨ ᠪᠠᠯᠭᠠᠰᠣ ᠂ ᠪᠠᠶᠠᠨᠳᠠᠯ᠎ᠠ  ᠰᠣᠮᠣ ᠶ᠋ᠢ ᠵᠣᠭᠠᠴᠠᠯ ‍ᠤᠨ ᠣᠨᠴᠠᠯᠢᠭᠳᠣ ᠪᠠᠭ᠎ᠠ ᠪᠠᠯᠭᠠᠰᠣ ᠪᠣᠯᠭᠠᠪᠠ ᠃ ᠪᠤᠭᠳᠣ ᠭᠠᠴᠠᠭ᠎ᠠ ᠂ ᠮᠸᠡᠭ ᠵᠢᠶᠠ ᠳ᠋ᠣᠸᠠᠨ ᠵᠡᠷᠭᠡ12 ᠭᠠᠴᠠᠭ᠎ᠠ ᠶ᠋ᠢ ᠭᠣᠣᠯᠳᠠᠯᠭ᠎ᠠ ᠲᠠᠢ ᠬᠦᠳᠡᠭᠡ ᠲᠣᠰᠬᠣᠨ ‍ᠤ ᠵᠣᠭᠠᠴᠠᠯ ‍ᠤᠨ ᠲᠣᠰᠬᠣᠨ ᠪᠤᠯᠭᠠᠵᠤ ᠂ ᠡᠬᠦᠨ  ᠳ᠋ᠥ ᠲᠠᠡᠭᠰᠠ ᠡᠪᠬᠡᠮᠡᠯ ᠪᠠᠶᠢᠭᠣᠯᠣᠭᠰᠠᠨ 7 ᠶᠠᠳᠠᠭᠣ ᠲᠣᠰᠬᠣᠨ ᠪᠠᠶᠢᠪᠠ ᠃  ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠬᠠᠷᠠᠯᠳᠠ ᠶ᠋ᠢᠨ ᠲᠣᠭᠣᠷᠢᠨ ᠳ᠋ᠥ ᠂ ᠣᠷᠣᠨ ᠪᠠᠶᠢᠷᠢ ᠶ᠋ᠢᠨ ᠵᠦᠢ ᠵᠣᠬᠢᠰᠳᠠᠢ ᠂ ᠪᠦᠳᠣᠭᠡᠭᠳᠡᠬᠦᠨ ‍ᠤ ᠵᠦᠷᠢᠶᠡᠳᠣ ᠴᠢᠨᠠᠷ ᠂ ᠵᠣᠭᠠᠴᠠᠯ ᠪᠠᠶᠠᠰᠣᠯ ᠳ᠋ᠥ ᠣᠷᠣᠯᠴᠠᠬᠣᠶᠢᠴᠠ ᠴᠢᠨᠠᠷ ᠂ ᠣᠷᠣᠨ ᠵᠠᠢ ᠶ᠋ᠢᠨ ᠴᠢᠯᠣᠭᠡᠳᠣ ᠴᠢᠨᠠᠷ ᠪᠠ ᠦᠷ᠎ᠡ ᠠᠰᠢᠭ ‍ᠤᠨ ᠰᠠᠴᠣᠭᠳᠠᠬᠣ ᠴᠢᠨᠠᠷ ᠵᠡᠷᠭᠡ ᠶᠡᠷᠣᠡᠭᠭᠡᠶᠢᠯᠡᠭᠰᠡᠨ ᠵᠠᠳᠠᠯᠣᠯᠳᠠ ᠪᠡᠷ ᠲᠠᠮᠵᠢᠭᠣᠯᠵᠣ ᠂ ᠣᠳᠣᠬᠠᠨ  ᠳ᠋ᠥ᠂ ᠪᠤᠭᠳᠣ ᠶ᠋ᠢᠨ ᠡᠯᠡᠰᠣᠨ ᠵᠣᠭᠠᠴᠠᠯ ‍ᠤᠨ ᠣᠷᠣᠨ ᠂ ᠮᠸᠡᠭ ᠵᠢᠶᠠ ᠳ᠋ᠣᠸᠠᠨ ᠣᠰᠣᠨ ᠴᠦᠬᠦᠷᠣᠮ ‍ᠤᠨ ᠲᠣᠰᠬᠣᠨ ᠂  ᠪᠦᠭᠳᠣᠷ ᠣᠳᠠ ᠶ᠋ᠢᠨ ᠦᠵᠡᠮᠵᠢ ᠶ᠋ᠢᠨ ᠣᠷᠣᠨ ‍ᠤ ᠡᠷᠬᠢᠨ ᠲᠣᠭᠣᠷᠢᠨ  ᠳ᠋ᠣ ᠪᠣᠭᠳᠣ ᠭᠠᠴᠠᠭ᠎ᠠ ᠂ ᠲᠦᠷᠪᠡᠨ ᠣᠪᠣᠭ᠎ᠠ ᠭᠠᠴᠠᠭ᠎ᠠ ᠂ ᠮᠸᠡᠭ ᠵᠢᠶᠠ ᠳ᠋ᠣᠸᠠᠨ ᠲᠣᠰᠬᠣᠨ ᠂ ᠰᠠᠶᠢᠬᠠᠨᠳᠠᠯ᠎ᠠ ᠭᠠᠴᠠᠭ᠎ᠠ  ᠂  ᠾᠸᠢ  ᠢᠣᠢ ᠫᠣᠽᠢ    (ᠬᠠᠷ᠎ᠠ ᠵᠢᠭᠠᠰᠣᠴᠢᠨ ‍ᠤ ᠨᠠᠭᠣᠷ ‍ᠤᠨ ᠲᠣᠰᠬᠣᠨ ) ᠲᠣᠰᠬᠣᠨ ᠂  ᠬᠦᠢᠯᠡᠰᠣᠨ ᠮᠣᠳᠣᠨ( ᠰᠢᠡᠭ ᠬᠣᠸᠠ  )  ᠲᠣᠰᠬᠣᠨ ᠵᠡᠷᠭᠡ ᠶ᠋ᠢ ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠵᠢᠱᠢᠶ᠎ᠡ ᠦᠵᠡᠬᠦᠯᠣᠯᠭᠡ ᠶ᠋ᠢᠨ ᠴᠢᠭ  ᠪᠤᠯᠭᠠᠵᠤ ᠲᠤᠬᠠᠢ ᠶ᠋ᠢᠨ ᠭᠠᠵᠠᠷ ‍ᠤᠨ ᠮᠠᠯᠴᠢᠨ ᠲᠠᠷᠢᠶᠠᠴᠢᠨ 2000 ᠬᠦᠮᠣᠨ ᠪᠤᠯᠵᠤ ᠂ ᠣᠷᠣᠯᠭ᠎ᠠ ᠶ᠋ᠢᠨ ᠨᠡᠮᠡᠭᠳᠡᠯ ᠨᠢ 2000 ᠲᠦᠮᠡᠨ ᠲᠦᠬᠦᠷᠢᠭ ᠪᠤᠯᠪᠠ ᠃ ᠤᠳᠤᠬᠠᠨ ᠳ᠋ᠥ ᠰᠡᠷᠬᠦᠯᠡᠡᠭ ᠵᠣᠭᠠᠴᠠᠯ ‍ᠤᠨ ᠲᠣᠰᠬᠣᠨ ‍ᠤ ᠲᠠᠪᠠᠭᠣᠯᠢᠭ ᠢᠶᠡᠨ ᠠᠰᠢᠭᠯᠠᠵᠣ  ᠮᠸᠡᠭ ᠵᠢᠶᠠ ᠳ᠋ᠣᠸᠠᠨ ᠪᠠ ᠪᠣᠭᠳᠣ ᠶ᠋ᠢᠨ ᠡᠯᠡᠰᠣᠨ ᠵᠣᠭᠠᠴᠠᠯ ᠳ᠋ᠥ ᠣᠴᠢᠬᠣ ᠵᠠᠮ ‍ᠤᠨ ᠠᠭᠣᠯᠵᠠᠷ  ᠲᠡᠬᠢ ᠪᠢᠴᠢᠬᠠᠨ ᠬᠦᠷᠢᠶᠡᠯᠡᠡᠭ ᠳ᠋ᠡᠭᠡᠨ ᠲᠠᠷᠢᠶᠠᠴᠢᠨ ᠡᠷᠣᠭᠡ ᠶ᠋ᠢᠨ ᠪᠠᠶᠠᠰᠣᠯ ᠬᠡᠬᠦ ᠬᠤᠭᠤᠯᠠᠨ ᠬᠡᠷ ᠡᠷᠬᠢᠯᠡᠵᠣ ᠂  ᠦᠪᠡᠷ ‍ᠤᠨ  ᠬᠡᠷ ‍ᠤᠨ ᠪᠤᠬᠢᠷᠳᠣᠯ ᠦᠬᠡᠢ ᠦᠬᠡᠷ ᠬᠣᠨᠢᠨ  ᠮᠢᠬ᠎ᠠ ᠶ᠋ᠢᠨ ᠮᠣᠡᠭᠭᠣᠯ ᠬᠣᠭᠣᠯᠠ ᠬᠢᠵᠣ ᠂ ᠵᠢᠯ ᠳ᠋ᠥ ᠪᠠᠷᠣᠭ ᠬᠣᠶᠠᠷ ᠲᠦᠮᠡᠨ  ᠲᠦᠬᠦᠷᠢᠭ ‍ᠤᠨ ᠣᠷᠣᠯᠭ᠎ᠠ ᠲᠠᠢ ᠪᠤᠯᠵᠤ ᠶᠠᠳᠠᠭᠣ ᠡᠴᠠ ᠪᠠᠨ ᠠᠡᠭᠬᠢᠵᠢᠷᠠᠵᠡᠢ ᠃  ᠰᠡᠷᠬᠦᠯᠡᠡᠭ 《 ᠵᠣᠭᠠᠴᠠᠯ ‍ᠤᠨ ᠬᠣᠭᠣᠯᠠ 》 ᠢᠳᠡᠭᠰᠡᠨ ᠡᠴᠠ ᠨᠠᠰᠢ ᠂  ᠭᠠᠳᠠᠷ ᠣᠷᠣᠨ ‍ᠤ  ᠬᠦᠮᠣᠨ ᠮᠣᠡᠭᠭᠣᠯ ᠴᠠᠭᠠᠨ ᠣᠯᠠᠭᠠᠨ ᠢᠳᠡᠭᠡᠨ ‍ᠤ  ᠬᠣᠭᠣᠯᠠᠨ  ᠳ᠋ᠥ ᠲᠣᠷᠠᠳᠠᠢ ᠪᠣᠯᠣᠭᠰᠠᠨ ᠡᠴᠠ ᠪᠠᠶᠠᠵᠢᠯ ‍ᠤᠨ ᠪᠣᠳᠣᠯᠭ᠎ᠠ  ᠨᠢ ᠣᠯᠠᠨ ᠪᠤᠯᠵᠤ《 ᠴᠠᠭᠠᠨ ᠢᠳᠡᠭᠡᠨ ᠪᠤᠯᠪᠠᠰᠣᠷᠠᠭᠣᠯᠬᠣ ᠦᠢᠯᠡᠳᠪᠤᠷᠢ ᠪᠠᠶᠢᠭᠣᠯᠬᠣ ᠵᠣᠷᠢᠭ ᠰᠢᠭᠣᠳᠴᠣ ᠪᠣᠢ ᠃ ᠣᠴᠢᠷ ᠨᠢ  ᠮᠠᠨ ‍ᠤ ᠡᠷᠬᠢᠨ ᠲᠣᠭᠣᠷᠢᠨ ᠲᠣᠰᠬᠣᠨ  ᠳ᠋ᠥ  ᠦᠬᠡᠷ  ᠬᠣᠨᠢ 1000  ᠢᠯᠡᠭᠦᠦ ᠲᠣᠯᠣᠭᠠᠢ  ᠪᠠᠶᠢᠨ᠎ᠠ ᠂ ᠴᠠᠭᠠᠨ ᠢᠳᠡᠭᠡᠨ ‍ᠤ ᠡᠬᠢ ᠪᠠᠶᠠᠯᠢᠭ ᠬᠦᠢᠴᠡᠳ ᠪᠠᠶᠢᠨ᠎ᠠ ᠃  ᠦᠪᠡᠷ ᠢᠶᠡᠨ ᠭᠠᠷ ᠬᠦᠳᠡᠯᠵᠣ ᠴᠠᠭᠠᠨ ᠢᠳᠡᠭᠡᠨ ‍ᠤ ᠲᠦᠷᠣᠯ  ᠢᠶᠡᠨ ᠪᠣᠯᠪᠠᠰᠣᠷᠠᠭᠣᠯᠵᠣ ᠦᠪᠡᠷ ᠢᠶᠡᠨ ᠪᠠᠶᠠᠵᠢᠬᠣ ᠶ᠋ᠢᠨ ᠬᠠᠮᠳᠣ ᠪᠣᠰᠣᠳ ᠮᠣᠡᠭᠭᠣᠯᠴᠣᠳ  ᠢᠶᠡᠨ ᠬᠠᠮᠳᠣ ᠪᠡᠷ ᠪᠠᠶᠠᠵᠢᠭᠣᠯᠣᠨ᠎ᠠ 》 ᠬᠡᠪᠡ ᠃
         ᠣᠯᠠᠨ ᠶᠠᠡᠭᠵᠣᠳᠣ ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠬᠡᠪ ᠵᠠᠭᠪᠣᠷ ᠨᠢ ᠲᠣᠰᠬᠣᠨ ‍ᠤ ᠠᠷᠠᠳ  ᠲᠦᠪᠠᠨ  ᠡᠳ᠋ ᠪᠠᠶᠠᠯᠢᠭ ‍ᠢ ᠲᠠᠳᠠᠨ ᠠᠪᠴᠢᠷᠠᠨ᠎ᠠ ᠃ ᠣᠳᠣᠬᠠᠨ ᠳ᠋ᠥ ᠡᠬᠡ ᠪᠠᠶᠢᠭᠠᠯᠢ ᠲᠠᠢ  ᠨᠦᠬᠦᠷᠰᠡᠭ  ᠲᠣᠳᠣᠨᠣ  ᠪᠣᠯᠵᠣ ᠂ ᠬᠦᠳᠡᠭᠡ ᠶ᠋ᠢᠨ ᠲᠠᠶᠢᠪᠣᠡᠭ ᠠᠮᠢᠳᠣᠷᠠᠯ  ‍ᠢ ᠬᠦᠷᠳᠡᠬᠦ ᠪᠡᠷ ᠭᠣᠣᠯ ᠰᠡᠳᠣᠪ ᠪᠣᠯᠭᠠᠭᠰᠠᠨ ᠬᠦᠳᠡᠭᠡ ᠶ᠋ᠢᠨ ᠵᠣᠭᠠᠴᠠᠯ ᠨᠢ ᠡᠯ᠎ᠡ ᠭᠠᠵᠠᠷ  ᠲᠦ ᠮᠠᠨᠳᠣᠨ ᠪᠣᠰᠴᠣ ᠪᠤᠢ ᠃ ᠪᠡᠬᠡᠵᠢᠡᠭ ᠡᠴᠠ ᠬᠠᠮᠣᠭ ᠣᠶᠢᠷ᠎ᠠ ᠂ ᠲᠣᠮᠳᠠᠳᠣ ᠣᠯᠣᠰ ‍ᠤᠨ ᠵᠡᠬᠦᠨ ᠬᠣᠶᠢᠳᠣ ᠶ᠋ᠢᠨ ᠬᠠᠮᠣᠭ ᠶᠡᠭᠡ ᠡᠯᠡᠰᠣ— ᠪᠤᠭᠳᠣ ᠶ᠋ᠢᠨ ᠡᠯᠡᠰᠣᠨ  ᠳ᠋ᠥ  ᠵᠣᠭᠠᠴᠠᠬᠣ ᠨᠢ ᠵᠢᠭᠣᠯᠴᠢᠯᠠᠭᠰᠠᠳ ‍ᠤᠨ ᠰᠣᠡᠭᠭᠣᠯᠳᠠ ᠪᠤᠯᠵᠤ ᠪᠠᠶᠢᠨ᠎ᠠ ᠃ ᠪᠣᠭᠳᠣ ᠭᠠᠴᠠᠭ᠎ᠠ ᠶ᠋ᠢᠨ ᠮᠠᠯᠴᠢᠨ ᠪᠣᠶᠠᠨᠴᠣᠭᠯᠠ ᠪᠤᠯ ᠲᠣᠰ ᠲᠣᠰᠬᠣᠨ ‍ᠤ ᠲᠠᠡᠭᠰᠠ ᠡᠪᠬᠡᠮᠡᠯ ᠲᠠᠢ ᠶᠠᠳᠠᠭᠣ ᠬᠦᠴᠢᠷᠳᠡᠯᠳᠣ ᠡᠷᠣᠭᠡ ᠶᠣᠮ ᠃ ᠪᠦᠬᠦ ᠬᠡᠷ  ‍ᠤᠨ  3  ᠬᠦᠮᠣᠨ 13 ᠮᠦ ᠲᠠᠷᠢᠶᠠᠨ ᠭᠠᠵᠠᠷ ᠲᠦ  ᠪᠠᠨ ᠲᠦᠰᠢᠭᠯᠡᠵᠣ ᠂  ᠲᠡᠭᠰᠢᠳᠭᠡᠯ ᠣᠷᠣᠯᠭ᠎ᠠ ᠨᠢ1500 ᠲᠦᠬᠦᠷᠢᠭ  ᠯᠡ ᠣᠷᠴᠢᠮ ᠃  ᠪᠠᠰᠠ ᠡᠷ᠎ᠡ  ᠡᠮ᠎ᠡ ᠬᠣᠶᠠᠭᠣᠯᠠ ᠪᠠᠨ ᠣᠳᠠᠭᠠᠨ ᠴᠢᠨᠠᠷᠳᠠᠢ ᠡᠪᠡᠳᠴᠢᠨ ᠣᠯᠣᠭᠠᠳ ᠵᠢᠯ ᠲᠣᠷᠰᠢ ᠡᠮ ᠲᠣᠮ ᠣᠣᠭᠣᠵᠣ ᠂ ᠰᠠᠷ᠎ᠠ ᠪᠦᠷᠢ ᠶ᠋ᠢᠨ ᠡᠮ ‍ᠤᠨ  ᠵᠠᠷᠣᠯᠭ᠎ᠠ ᠨᠢ 150 ᠭᠠᠷᠣᠢ ᠲᠦᠬᠦᠷᠢᠭ  ᠤᠷᠤᠵᠤ ᠂ ᠨᠢᠬᠡ ᠵᠢᠯ  ᠳ᠋ᠥ 1800 ᠲᠦᠬᠦᠷᠢᠭ ᠣᠷᠣᠳᠠᠭ ᠃ ᠶᠡᠭᠡ ᠡᠪᠡᠳᠴᠢᠨ ᠣᠯᠪᠠᠯ ᠡᠨᠡᠬᠦ ᠠᠮᠢᠳᠣᠷᠠᠯ ᠨᠢ ᠶᠠᠭᠠᠬᠢᠬᠣ ᠶ᠋ᠢᠨ ᠴᠣ ᠠᠷᠭ᠎ᠠ ᠦᠬᠡᠢ ᠪᠠᠶᠢᠳᠠᠭ  ᠃ ᠪᠣᠭᠳᠣ ᠭᠠᠴᠠᠭ᠎ᠠ ᠬᠦᠳᠡᠭᠡ ᠶ᠋ᠢᠨ ᠣᠨᠴᠠᠯᠢᠭᠳᠣ ᠵᠤᠭᠠᠴᠠᠯ ‍ᠤᠨ ᠲᠣᠰᠬᠣᠨ ᠪᠣᠯᠣᠭᠰᠠᠨ ‍ᠤ ᠲᠠᠷᠠᠭ᠎ᠠ ᠂ ᠲᠣᠰᠬᠣᠨ ᠨᠢ ᠲᠡᠬᠦᠨ ‍ᠢ ᠵᠣᠷᠢᠭᠵᠢᠭᠣᠯᠵᠣ ᠲᠡᠮᠡᠭᠡ ᠲᠡᠵᠢᠭᠡᠯᠭᠡᠪᠡ ᠃ ᠲᠡᠷᠡ ᠵᠣᠭᠠᠴᠠᠯ ‍ᠤᠨ ᠣᠷᠣᠨ  ᠳ᠋ᠥ ᠵᠢᠭᠣᠯᠴᠢᠯᠠᠭᠰᠠᠳ ᠲᠦ ᠲᠡᠮᠡᠭᠡ ᠣᠨᠣᠭᠣᠯᠣᠨ ᠵᠠᠮᠴᠢᠯᠠᠭᠣᠯᠬᠣ  ᠪᠣᠶᠣ ᠡᠳ᠋ ᠪᠠᠷᠠᠭ᠎ᠠ  ᠬᠦᠷᠭᠡᠬᠦ ᠵᠡᠷᠭᠡ ᠦᠢᠯᠡᠴᠢᠯᠡᠭᠡᠨ ‍ᠤ ᠠᠵᠢᠯ  ᠬᠢᠭᠰᠡᠨ ᠡᠴᠠ ᠠᠯᠭᠣᠷ ᠠᠭᠠᠵᠢᠮ ᠢᠶᠠᠷ ᠶᠠᠳᠠᠭᠣ ᠡᠴᠠ ᠪᠠᠨ ᠠᠡᠭᠬᠢᠵᠢᠷᠠᠪᠠ ᠃ ᠣᠳᠣ ᠲᠡᠬᠦᠨ ‍ᠤ ᠲᠡᠵᠢᠬᠡᠵᠣ ᠪᠠᠶᠢᠭ᠎ᠠ ᠪᠦᠬᠡᠳᠣ ᠲᠡᠮᠡᠭᠡ 7 ᠪᠤᠯᠵᠤ ᠂ ᠵᠢᠭᠣᠯᠴᠢᠯᠠᠵᠣ ᠪᠠᠶᠢᠭ᠎ᠠ ᠬᠦᠮᠣᠨ ᠨᠢᠬᠡ ᠣᠳᠠᠭ᠎ᠠ ᠲᠡᠮᠡᠭᠡ ᠣᠨᠣᠪᠠᠯ 30 ᠲᠦᠬᠦᠷᠢᠭ ᠬᠣᠷᠢᠶᠠᠵᠣ ᠂ ᠡᠡᠭ ‍ᠤᠨ ᠡᠳᠣᠷ ᠲᠡᠭᠡᠨ 20 ᠬᠦᠮᠣᠨ  ᠲᠣᠰᠤᠨ ᠲᠡᠮᠡᠭᠡ ᠣᠨᠣᠭᠣᠯᠵᠣ ᠂  ᠵᠢᠭᠣᠯᠴᠢᠯᠠᠯ ‍ᠤᠨ ᠬᠠᠮᠣᠭ ‍ᠤᠨ ᠬᠦᠭᠵᠢᠶᠡᠨ ᠲᠠᠢ ᠡᠳᠣᠷ ᠵᠠᠭᠣᠭᠠᠳ ᠬᠦᠮᠣᠨ ‍ᠢ  ᠲᠣᠰᠤᠨ ᠂ ᠵᠢᠯ ᠪᠦᠷᠢ ᠶ᠋ᠢᠨ ᠴᠡᠪᠡᠷ ᠣᠷᠣᠯᠭ᠎ᠠ ᠨᠢ 6.7 ᠲᠦᠮᠡᠨ ᠲᠦᠬᠦᠷᠢᠭ ᠣᠷᠴᠢᠮ ᠪᠤᠯᠵᠤ ᠂ ᠬᠦᠮᠣᠨ ᠪᠦᠷᠢ ᠶ᠋ᠢᠨ ᠲᠡᠭᠰᠢᠳᠭᠡᠯ ᠣᠷᠣᠯᠭ᠎ᠠ ᠨᠢ 2  ᠲᠦᠮᠡ ᠡᠴᠠ ᠲᠡᠭᠡᠭᠰᠢ ᠪᠤᠯᠵᠡᠢ ᠃ ᠪᠤᠶᠠᠨᠴᠣᠭᠯᠠ ᠶ᠋ᠢᠨ ᠶᠠᠳᠠᠭᠣ ᠡᠴᠠ ᠠᠡᠭᠬᠢᠵᠢᠷᠠᠭᠰᠠᠨ ᠵᠢᠱᠢᠶ᠎ᠡ ᠨᠢ ᠨᠠᠢᠮᠠᠨ ᠬᠤᠰᠢᠭᠣᠨ ‍ᠤ ᠵᠣᠭᠠᠴᠠᠯ ᠢᠶᠠᠷ ᠶᠠᠳᠠᠭᠣ ᠶ᠋ᠢ ᠲᠡᠳᠬᠦᠭᠰᠡᠨ ᠪᠠᠭᠠᠰᠬᠠᠯ ᠵᠢᠷᠣᠭ ᠶᠣᠮ ᠃
          ᠬᠦᠳᠡᠭᠡ ᠲᠣᠰᠬᠣᠨ ‍ᠤ ᠵᠣᠭᠠᠴᠠᠯ ‍ᠤᠨ ᠴᠢᠨᠠᠷ ‍ᠢ  ᠲᠡᠭᠡᠭᠰᠢᠯᠡᠬᠦᠯᠵᠣ ᠂ ᠨᠡᠷᠡᠳᠣ ᠲᠡᠮᠳᠡᠭ ‍ᠢ ᠪᠣᠢ ᠪᠣᠯᠭᠠᠬᠣ ᠶ᠋ᠢᠨ ᠲᠦᠯᠣᠭᠡ ᠂ ᠲᠣᠰ ᠬᠣᠰᠢᠭᠣ ᠣᠯᠠᠨ ᠶᠠᠡᠭᠵᠣᠳᠣ ᠵᠣᠭᠠᠴᠠᠯ  ᠢᠶᠠᠷ ᠶᠠᠳᠠᠭᠣ ᠶ᠋ᠢ ᠲᠡᠳᠬᠦᠬᠦ ᠬᠡᠪ ᠵᠠᠭᠪᠣᠷ ‍ᠢ ᠪᠤᠢ ᠪᠤᠯᠭᠠᠵᠤ ᠂ ᠡᠯ᠎ᠡ ᠭᠠᠵᠠᠷ ᠣᠷᠣᠨ ‍ᠤ ᠪᠠᠨ ᠪᠣᠳᠠᠳᠣ ᠪᠠᠶᠢᠳᠠᠯ ᠲᠠᠢ ᠣᠶᠠᠯᠳᠣᠭᠣᠯᠵᠣ ᠂ ᠬᠠᠨᠳᠣᠯᠭᠠᠳᠣ ᠴᠢᠨᠠᠷᠳᠠᠢ  ᠶᠠᠳᠠᠭᠣ ᠶ᠋ᠢ ᠲᠡᠳᠬᠦᠬᠦ ᠠᠴᠢᠶᠠᠯᠠᠪᠤᠷᠢ ᠳ᠋ᠥ ᠰᠢᠨ᠎ᠡ  ᠡᠬᠦᠳᠣᠯᠳᠠ ᠬᠢᠵᠣ ᠂  ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠦᠷ᠎ᠡ ᠪᠦᠳᠣᠮᠵᠢ ᠶ᠋ᠢ ᠬᠠᠮᠣᠭ ᠶᠡᠬᠡ ᠪᠣᠯᠭᠠᠪᠠ ᠃  ᠭᠣᠶᠣ ᠰᠠᠶᠢᠬᠠᠨ ᠬᠦᠳᠡᠭᠡ ᠲᠣᠰᠬᠣᠨ ᠢᠶᠠᠷ ᠠᠴᠢᠶᠠᠯᠠᠪᠣᠷᠢ ᠪᠤᠯᠭᠠᠵᠣ ᠂ ᠬᠦᠳᠡᠭᠡ ᠲᠣᠰᠬᠣᠨ ‍ᠤ ᠠᠮᠢ ᠠᠬᠣᠢ ᠶ᠋ᠢᠨ ᠡᠬᠢ ᠪᠠᠶᠠᠯᠢᠭ ᠪᠠ ᠬᠦᠳᠡᠭᠡ ᠲᠣᠰᠬᠣᠨ ‍ᠤ ᠣᠨᠴᠠᠯᠢᠭᠳᠣ ᠰᠣᠶᠣᠯ ‍ᠢ ᠬᠦᠳᠡᠭᠡ ᠶ᠋ᠢᠨ ᠵᠣᠭᠠᠴᠠᠯ ᠳ᠋ᠥ ᠠᠭᠣᠰᠬᠠᠵᠣ ᠂ ᠣᠯᠠᠨ ᠡᠰᠢᠳᠣ ᠡᠵᠡᠡᠭᠨᠡᠯᠳᠡ ᠶ᠋ᠢ ᠰᠠᠶᠢᠳᠣᠷ ᠬᠢᠵᠣ ᠂ ᠬᠦᠳᠡᠭᠡ ᠲᠣᠰᠬᠣᠨ ‍ᠤ ᠵᠣᠭᠠᠴᠠᠯ   ‍ᠤᠨ ᠲᠣᠳᠣᠭᠠᠳᠣ ᠠᠭᠣᠯᠭ᠎ᠠ ᠶ᠋ᠢ  ᠦᠷᠭᠡᠳᠭᠡᠬᠦ  ᠂ ᠣᠨᠴᠠᠯᠢᠭ ‍ᠢ ᠲᠣᠪᠣᠶᠢᠯᠭᠠᠬᠣ ᠂ ᠴᠢᠨᠠᠷ ‍ᠢ ᠲᠡᠰ  ᠲᠡᠪᠰᠢᠬᠦᠯᠬᠦ ᠶ᠋ᠢ ᠠᠬᠢᠭᠣᠯᠵᠣ  ᠪᠠᠶᠢᠨ᠎ᠠ ᠃  ᠪᠣᠭᠳᠣ ᠭᠠᠴᠠᠭ᠎ᠠ ᠂ ᠮᠸᠡᠭ ᠵᠢᠶᠠ ᠳ᠋ᠣᠸᠠᠨ ᠣᠰᠣᠨ ᠴᠦᠬᠦᠷᠣᠮ ᠲᠣᠰᠬᠣᠨ ‍ᠢ 《 ᠦᠵᠡᠮᠵᠢ ᠶ᠋ᠢᠨ ᠣᠷᠣᠨ + ᠲᠠᠷᠢᠶᠠᠴᠢᠨ ᠠᠶᠢᠯ 》ᠬᠡᠬᠦ ᠬᠡᠪ ᠵᠠᠭᠪᠣᠷ  ᠢᠶ᠋ᠡᠷ ᠭᠣᠣᠯ ᠲᠦᠯᠣᠭᠡᠯᠡᠭᠴᠢ ᠪᠤᠯᠭᠠᠵᠤ ᠂ ᠦᠵᠡᠮᠵᠢ ᠶ᠋ᠢᠨ ᠣᠷᠣᠨ ᠦᠵᠡᠮᠵᠢ ᠶ᠋ᠢᠨ ᠴᠢᠭ  ᠲᠦ ᠲᠦᠰᠢᠵᠣ ᠂ ᠡᠷᠬᠢᠨ ᠲᠣᠭᠣᠷᠢᠨ ‍ᠤ  ᠮᠠᠯᠴᠢᠨ ᠲᠠᠷᠢᠶᠠᠴᠢᠳ ᠲᠠᠷᠢᠶᠠᠴᠢᠨ ᠠᠶᠢᠯ ‍ᠤᠨ ᠬᠦᠷᠢᠶᠡᠯᠡᠡᠭ  ‍ᠦᠨ ᠪᠠᠷᠢᠯᠭ᠎ᠠ ᠪᠠᠨ ᠵᠠᠰᠠᠨ  ᠴᠢᠮᠡᠬᠦ ᠶ᠋ᠢ ᠵᠣᠷᠢᠭᠵᠢᠭᠣᠯᠵᠣ ᠂  ᠰᠡᠯᠡᠭᠦᠴᠡᠨ ᠵᠤᠭᠠᠴᠠᠵᠤ  ᠲᠣᠭᠤᠷᠢᠨ ᠦᠵᠡᠬᠦ ᠲᠠᠷᠢᠶᠠᠯᠠᠡᠭ ‍ᠢ ᠬᠦᠭᠵᠢᠬᠦᠯᠵᠣ  ᠂  ᠵᠤᠭᠠᠴᠠᠯ  ᠢ ᠣᠭᠳᠣᠨ  ᠠᠪᠬᠤ  ᠦᠢᠯᠡᠴᠢᠯᠡᠭᠡᠨ ᠳ᠋ᠥ ᠣᠷᠣᠯᠴᠠᠭᠣᠯᠵᠣ ᠂  ᠦᠵᠡᠮᠵᠢ ᠶ᠋ᠢᠨ ᠣᠷᠣᠨ ᠪᠠ ᠲᠠᠷᠢᠶᠠᠴᠢᠨ ᠡᠷᠣᠭᠡ ᠬᠠᠷᠢᠯᠴᠠᠨ ᠠᠬᠢᠭᠣᠯᠴᠠᠬᠣ  ᠬᠦᠳᠡᠭᠡ ᠶ᠋ᠢᠨ ᠵᠣᠭᠠᠴᠠᠯ ‍ᠤᠨ ᠬᠦᠭᠵᠢᠯᠳᠡ ᠶ᠋ᠢᠨ ᠪᠦᠳᠣᠴᠡ ᠶ᠋ᠢ ᠪᠣᠢ ᠪᠣᠯᠭᠠᠪᠠ ᠃ ᠾᠸᠢ  ᠢᠣᠢ ᠫᠣᠽᠢ ᠭᠠᠴᠠᠭ᠎ᠠ ᠂ ᠰᠢᠡᠭ   ᠱᠦ  ᠶᠤᠸᠠᠨ ᠽᠢ ᠲᠣᠰᠬᠣᠨ ᠢᠶᠠᠷ ᠲᠦᠯᠣᠭᠡᠯᠡᠭᠴᠢ ᠪᠣᠯᠭᠠᠭᠰᠠᠨ ᠦᠪᠡᠷ ‍ᠤᠨ ᠪᠡᠶ᠎ᠡ ᠶ᠋ᠢᠨ ᠡᠬᠢ ᠪᠠᠶᠠᠯᠢᠭ ‍ᠤᠨ ᠲᠠᠪᠠᠭᠣᠯᠢᠭ ᠲᠠᠢ ᠲᠣᠰᠬᠣᠨ ‍ᠢ 《 ᠪᠠᠶᠢᠭᠠᠯᠢ +  ᠬᠦᠮᠣᠨ ᠰᠣᠶᠣᠯ 》 ‍ᠤᠨ ᠬᠡᠪ ᠵᠠᠭᠪᠣᠷ ‍ᠢ ᠨᠡᠬᠡᠬᠡᠵᠣ ᠂ ᠣᠨᠴᠠᠯᠢᠭᠳᠣ ᠪᠠᠶᠢᠭᠠᠯᠢ ᠶ᠋ᠢᠨ ᠦᠡᠭᠭᠡ ᠦᠵᠡᠮᠵᠢ   ᠳ᠋ᠥ ᠲᠦᠰᠢᠭᠯᠡᠵᠣ ᠂ ᠲᠠᠷᠢᠶᠠᠴᠢᠳ ‍ᠤᠨ ᠲᠠᠷᠢᠶᠠᠴᠢᠨ ᠠᠶᠢᠯ ‍ᠤᠨ ᠢᠶᠡᠨ ᠵᠠᠡᠭ ᠰᠣᠷᠳᠠᠯ ᠂ ᠲᠠᠷᠢᠶᠠᠴᠢᠨ ᠡᠷᠣᠭᠡ ᠶ᠋ᠢᠨ ᠪᠠᠶᠠᠰᠣᠯ  ᠬᠦᠷᠢᠶᠡᠯᠡᠡᠭ ‍ᠤᠨ ᠵᠢᠮᠢᠰ  ᠲᠡᠬᠦᠬᠦ  ᠵᠡᠷᠭᠡ ᠶ᠋ᠢ ᠬᠦᠷᠳᠡᠬᠦ  ᠠᠵᠢᠯᠯᠠᠭᠠᠨ ᠳ᠋ᠥ ᠣᠷᠣᠯᠴᠠᠬᠣ ᠶ᠋ᠢ ᠵᠣᠷᠢᠭᠵᠢᠭᠣᠯᠪᠠ ᠃
         ᠡᠯᠪᠡᠭ ᠪᠠᠶᠠᠯᠢᠭ  ᠪᠡᠯᠡᠭᠯᠡᠨ ᠲᠣᠷᠠᠰᠬᠠᠬᠣ ᠠᠵᠢᠯᠯᠠᠭᠠᠨ ᠨᠢ ᠬᠦᠷ ᠬᠦᠭᠵᠢᠶᠡᠨ ᠢᠳᠡ ᠬᠦᠴᠣᠨ ᠲᠠᠢ ᠦᠷᠨᠢᠵᠣ ᠵᠣᠭᠠᠴᠠᠯ ᠢᠶᠠᠷ ᠶᠠᠳᠠᠭᠣ ᠶ᠋ᠢ ᠲᠡᠳᠬᠦᠬᠦ ᠶ᠋ᠢ ᠲᠠᠶᠢᠴᠢᠯᠠᠵᠣ ᠪᠠᠶᠢᠨ᠎ᠠ ᠃ ᠣᠳᠣᠬᠠᠨ  ᠳ᠋ᠥ ᠶᠠᠭ ᠰᠠᠶᠢᠬᠠᠨ ᠵᠣᠭᠠᠴᠠᠯ ‍ᠤᠨ ᠦᠷᠨᠢᠬᠦᠨ ᠪᠠᠳᠠᠷᠠᠡᠭᠭᠣᠢ ᠴᠠᠭ ᠪᠤᠯᠤᠭᠠᠳ ᠪᠠᠶᠢᠨ᠎ᠠ  ᠃ ᠬᠡᠳᠣᠶᠢᠪᠡᠷ ᠣᠯᠠᠶᠢᠮ᠎ᠠ ᠭᠠᠡᠭ ᠪᠤᠯᠪᠠᠴᠣ ᠨᠠᠢᠮᠠᠨ ᠬᠣᠰᠢᠭᠣᠨ ‍ᠤ ᠡᠯ᠎ᠡ ᠵᠣᠭᠠᠴᠠᠯ ‍ᠤᠨ ᠣᠷᠣᠨ ᠳ᠋ᠥ ᠵᠢᠭᠣᠯᠴᠢᠯᠠᠭᠰᠠᠳ ᠲᠠᠰᠣᠷᠠᠯᠳᠠ ᠦᠬᠡᠢ ᠢᠷᠡᠵᠡᠬᠡᠵᠣ ᠪᠠᠶᠢᠨ᠎ᠠ ᠃  ᠵᠢᠯ ‍ᠤᠨ ᠡᠬᠢᠨ ᠡᠴᠠ ᠨᠠᠰᠢ ᠂ ᠨᠠᠢᠮᠠᠨ ᠬᠣᠰᠢᠭᠣ ᠰᠣᠳᠣᠨ ᠰᠠᠶᠢᠬᠠᠨ ᠪᠠᠶᠠᠷ ᠲᠣᠷᠠᠰᠬᠠᠯ ‍ᠤᠨ ᠠᠵᠢᠯᠯᠠᠭᠠᠨ  ᠵᠠᠯᠭ᠎ᠠ ᠵᠠᠯᠭ᠎ᠠ ᠪᠡᠷ  ᠶᠠᠪᠣᠭᠳᠠᠯ᠎ᠠ ᠃ 5 ᠰᠠᠷ᠎ᠠ ᠡᠴᠠ ᠨᠠᠰᠢ ᠂ ᠨᠠᠢᠮᠠᠨ ᠬᠣᠰᠢᠭᠣ ᠣᠷᠢᠳ ᠬᠣᠵᠢᠳ ᠵᠡᠬᠦᠨ ᠬᠡᠰᠡᠭ ‍ᠤᠨ ᠺᠢᠨᠣ᠋ ᠲᠸᠯᠸᠢᠰ ‍ᠤᠨ ᠬᠣᠳᠠ ᠶ᠋ᠢᠨ ᠰᠠᠭᠣᠷᠢ ᠲᠠᠯᠪᠢᠬᠣ ᠶᠣᠰᠣᠯᠠᠯ ᠵᠢᠴᠢ ᠨᠣᠭᠣᠨᠵᠠᠶᠠᠭ᠎ᠠ ᠤᠯᠠᠨ ᠲᠦᠮᠡᠨᠴᠢ  ᠴᠢᠨᠠᠷᠳᠠᠢ ᠰᠣᠶᠣᠯ ‍ᠤᠨ ᠠᠵᠢᠯᠯᠠᠭᠠᠨ ‍ᠤ ᠡᠬᠢᠯᠡᠬᠦᠯᠬᠦ ᠶᠣᠰᠣᠯᠠᠯ ‍ᠢ ᠠᠮᠵᠢᠯᠳᠠ ᠲᠠᠢ ᠶᠠᠪᠣᠭᠳᠠᠭᠣᠯᠵᠣ ᠂ ᠦᠪᠣᠷ ᠮᠣᠡᠭᠭᠣᠯ ‍ᠤᠨ ᠵᠢᠷᠭᠣᠳᠣᠭᠠᠷ ᠬᠣᠭᠣᠴᠠᠭᠠᠨ ‍ᠤ《 ᠡᠷ᠎ᠡ ᠶ᠋ᠢᠨ ᠭᠣᠷᠪᠠᠨ ᠨᠠᠭᠠᠳᠣᠮ 》ᠤᠨ ᠣᠷᠣᠯᠳᠣᠭᠠᠨ ᠪᠠ ᠨᠠᠢᠮᠠᠨ ᠬᠤᠰᠢᠭᠤᠨ ‍ᠤ ᠡᠯᠡᠰᠣᠨ ᠨᠠᠭᠠᠳᠣᠮ ᠂ ᠨᠠᠢᠮᠠᠨ ᠬᠣᠰᠢᠭᠣᠨ ‍ᠤ ᠬᠡᠬᠡᠷᠯᠡᠬᠦ  ᠪᠠᠭᠠᠳᠣᠷᠴᠣᠳ ‍ᠤᠨ ᠴᠣᠭᠯᠠᠭᠠᠨ ᠂ ᠭᠣᠷᠪᠠᠳᠣᠭᠠᠷ ᠬᠣᠭᠣᠴᠠᠭᠠᠨ ‍ᠤ ᠰᠡᠪᠬᠢᠬᠦᠯ ᠣᠪᠣᠭ᠎ᠠ ᠶ᠋ᠢᠨ ᠰᠣᠶᠣᠯ ‍ᠤᠨ ᠨᠠᠶᠢᠷ ᠵᠡᠷᠭᠡ ᠠᠵᠢᠯᠯᠠᠭᠠᠨ ᠨᠢ ᠣᠯᠣᠰ ‍ᠤᠨ ᠲᠣᠳᠣᠭᠠᠳᠣ ᠶ᠋ᠢᠨ ᠡᠯ᠎ᠡ ᠶᠡᠬᠡ ᠵᠠᠭᠣᠴᠢᠯᠠᠭᠣᠷ ‍ᠤᠨ ᠬᠢᠨ ᠮᠡᠳᠡᠭᠡᠯᠡᠵᠣ ᠂ ᠨᠠᠢᠮᠠᠨ ‍ᠤ ᠨᠡᠷ᠎ᠡ ᠬᠦᠨᠳᠣ ᠪᠠ ᠢᠷᠠᠭᠣ ᠠᠯᠳᠠᠷ ‍ᠢ ᠲᠡᠭᠡᠭᠰᠢᠯᠡᠬᠦᠯᠵᠣ ᠣᠯᠠᠨ ᠭᠠᠵᠠᠷ ‍ᠤᠨ ᠵᠢᠭᠣᠯᠴᠢᠯᠠᠭᠰᠠᠳ ‍ᠤᠨ ᠠᠡᠭᠬᠠᠷᠣᠯ ‍ᠢ ᠲᠠᠳᠠᠵᠣ ᠠᠵᠣ ᠠᠬᠣᠢ ᠶ᠋ᠢᠨ ᠣᠷᠣᠯᠭ᠎ᠠ ᠶ᠋ᠢ ᠨᠢ ᠨᠡᠮᠡᠭᠳᠡᠬᠦᠯᠪᠡ ᠃
       5 ᠰᠠᠷ᠎ᠠ ᠶ᠋ᠢᠨ 27 ‍ᠤ ᠡᠳᠣᠷ ᠡᠴᠠ 6 ᠰᠠᠷ᠎ᠠ ᠶ᠋ᠢᠨ ᠨᠢᠬᠡᠨ ᠪᠣᠯᠳᠠᠯ᠎ᠠ  ᠪᠣᠭᠳᠣ  ᠶ᠋ᠢᠨ ᠡᠯᠡᠰᠣᠨ ᠳ᠋ᠥ ᠶᠠᠪᠣᠭᠳᠠᠭᠣᠯᠣᠭᠰᠠᠨ ᠣᠷᠣᠯᠳᠣᠭᠠᠨ ᠨᠠᠭᠠᠳᠣᠮ ᠴᠣᠭᠯᠠᠭᠠᠨ  ᠨᠢ ᠪᠦᠬᠦ ᠣᠯᠣᠰ ‍ᠤᠨ ᠡᠯ᠎ᠡ ᠮᠣᠵᠢ ᠦᠪᠡᠷᠳᠡᠭᠡᠨ ᠵᠠᠰᠠᠬᠣ ᠣᠷᠣᠨ ‍ᠤ ᠠᠡᠭᠬᠠᠷᠣᠯ ‍ᠢ ᠲᠠᠳᠠᠪᠠ ᠃ ᠣᠨᠴᠠᠭᠠᠶᠢᠯᠠᠨ 《 ᠡᠷ᠎ᠡ ᠶ᠋ᠢᠨ ᠭᠣᠷᠪᠠᠨ ᠨᠠᠭᠠᠳᠣᠮ》   ᠳ᠋ᠥ ᠪᠦᠬᠦ ᠣᠷᠣᠨ ‍ᠤ 7 ᠠᠶᠢᠮᠠᠭ ᠬᠣᠳᠠ ᠶ᠋ᠢᠨ  ᠭᠡᠭᠡᠷᠡᠬᠦ ᠂ ᠪᠠᠶᠠᠷᠪᠠᠭᠠᠳᠣᠷ ᠵᠡᠷᠭᠡ 57 ᠨᠡᠷᠡᠳᠣ ᠲᠠᠮᠢᠷᠴᠢᠳ ᠣᠷᠣᠯᠴᠠᠵᠣ ᠂ ᠡᠯᠡᠰᠣᠨ ᠨᠠᠭᠠᠳᠣᠮ ᠳ᠋ᠥ ᠪᠦᠬᠡ ᠪᠠᠷᠢᠯᠳᠣᠬᠣ ᠂ ᠰᠣᠷ ᠬᠠᠷᠪᠣᠬᠣ ᠂  ᠪᠦᠯᠦ ᠰᠢᠳᠡᠬᠦ ᠂ ᠮᠣᠷᠢ ᠣᠷᠣᠯᠳᠣᠬᠣ ᠂ ᠲᠡᠮᠡᠭᠡ  ᠣᠷᠣᠯᠳᠣᠭᠰᠠᠨ ᠲᠠᠮᠢᠷᠴᠢᠳ1500 ᠬᠦᠮᠣᠨ ᠡᠴᠠ ᠬᠡᠳᠣᠷᠡᠵᠣ ᠂  ᠬᠡᠬᠡᠷᠯᠡᠬᠦ ᠮᠠᠰᠢᠨ ᠲᠡᠷᠭᠡ  ᠶ᠋ᠢᠨ ᠣᠷᠣᠯᠳᠣᠭᠠᠨ  ᠳ᠋ᠥ ᠣᠷᠣᠯᠴᠠᠭᠰᠠᠨ ᠮᠠᠰᠢᠨ ᠲᠡᠷᠭᠡ 800 ᠭᠠᠷᠤᠢ ᠪᠠᠶᠢᠪᠠ ᠃ ᠡᠨᠡᠬᠦ ᠬᠣᠭᠣᠴᠠᠭᠠᠨ  ᠳ᠋ᠥ ᠡᠯᠡᠰᠣᠨ ᠳᠡᠬᠢ ᠲᠡᠷᠭᠡ ᠶ᠋ᠢᠨ ᠦᠵᠡᠬᠦᠯᠣᠯᠭᠡ ᠂ ᠵᠢᠷᠣᠭ ‍ᠤᠨ ᠦᠵᠡᠬᠦᠯᠣᠯᠭᠡ ᠂  ᠪᠠᠷ ᠵᠢᠷᠣᠭ ‍ᠤᠨ ᠦᠵᠡᠬᠦᠯᠣᠯᠭᠡ ᠂  ᠡᠯᠡᠰᠣᠨ ᠳ᠋ᠥ ᠬᠢ ᠠᠮᠳᠠᠳᠣ ᠢᠳᠡᠭᠡᠨ ‍ᠤ  ᠪᠠᠶᠠᠷ ᠂ ᠡᠯᠡᠰᠣᠨ ᠳ᠋ᠥ ᠬᠢ ᠲᠠᠭᠣᠣ ᠬᠦᠭᠵᠢᠮ ‍ᠤᠨ ᠪᠠᠶᠠᠷ ᠂ ᠡᠯᠡᠰᠣᠨ ᠳ᠋ᠥ ᠬᠢ ᠫᠢᠵᠢᠥ  ᠠᠷᠢᠬᠡᠨ ᠪᠠᠶᠠᠷ ᠂ ᠡᠯᠡᠰᠣᠨ  ᠳ᠋ᠥ ᠬᠢ ᠰᠢᠷᠠᠭᠰᠠᠨ  ᠮᠢᠬᠠᠨ ᠢᠳᠡᠭᠡᠨ ‍ᠤ ᠪᠠᠶᠠᠷ ᠂  ᠣᠨᠴᠠᠯᠢᠭᠳᠣ ᠦᠨᠳᠣᠰᠣᠳᠡᠨ ‍ᠤ ᠲᠠᠸᠠᠷ ‍ᠤᠨ ᠦᠵᠡᠬᠦᠯᠣᠯᠭᠡ ᠵᠡᠷᠭᠡ ᠠᠵᠢᠯᠯᠠᠭᠠᠨ ‍ᠢ ᠦᠷᠨᠢᠬᠦᠯᠪᠡ ᠃ ᠠᠵᠢᠯᠯᠠᠭᠠᠨ ‍ᠤ ᠬᠣᠭᠣᠴᠠᠭᠠᠨ  ᠳ᠋ᠥ ᠵᠢᠭᠣᠯᠴᠢᠯᠠᠭᠰᠠᠨ ᠬᠦᠮᠦᠨ 33.5 ᠲᠦᠮᠡ ᠳ᠋ᠥ ᠬᠦᠷᠴᠣ ᠂  ᠵᠣᠭᠠᠴᠠᠯ ‍ᠤᠨ ᠶᠡᠷᠣᠡᠭᠭᠡᠢ ᠣᠷᠣᠯᠭ᠎ᠠ 1.2 ᠳ᠋ᠦᠡᠭᠰᠢᠭᠣᠷ ᠲᠦ ᠬᠦᠷᠴᠡᠢ ᠃ ᠪᠣᠭᠳᠣ ᠶ᠋ᠢᠨ ᠡᠯᠡᠰᠣᠨ ᠰᠣᠶᠣᠯ ᠵᠣᠭᠠᠴᠠᠯ ‍ᠤᠨ ᠪᠠᠶᠠᠷ ᠨᠠᠶᠢᠷ ᠨᠢ ᠨᠢᠬᠡᠨᠳᠡ ᠨᠠᠢᠮᠠᠨ ᠬᠣᠰᠢᠭᠣᠨ ‍ᠤ ᠴᠢᠬᠣᠯᠠ  ᠨᠢᠬᠡᠨ ᠰᠣᠶᠣᠯ ᠵᠣᠭᠠᠴᠠᠯ ‍ᠤᠨ ᠨᠡᠷᠡᠳᠣ ᠲᠡᠮᠳᠡᠭ ‍ᠤᠨ ᠠᠵᠢᠯᠯᠠᠭᠠᠨ ᠪᠣᠯᠵᠡᠢ ᠃ 6 ᠰᠠᠷ᠎ᠠ ᠶ᠋ᠢᠨ 7 ‍ᠤ ᠡᠳᠣᠷ ᠂ ᠮᠢᠡᠭ ᠷᠸᠨ ᠰᠣᠮᠣ ᠶ᠋ᠢᠨ ᠶᠠᠪᠣᠭᠳᠠᠭᠣᠯᠣᠭᠰᠠᠨ  ᠭᠣᠷᠪᠠᠳᠣᠭᠠᠷ  ᠬᠣᠭᠣᠴᠠᠭᠠᠨ ‍ᠤ  ᠰᠡᠪᠬᠢᠬᠦᠯ ᠣᠪᠣᠭ᠎ᠠ ᠶ᠋ᠢᠨ ᠰᠣᠶᠣᠯ ‍ᠤᠨ ᠨᠠᠶᠢᠷ ᠨᠢ ᠡᠷᠬᠢᠨ ᠲᠣᠭᠣᠷᠢᠨ ‍ᠤ ᠰᠢᠶᠠᠨ ᠬᠣᠳᠠ ᠵᠢᠴᠢ ᠲᠣᠰ ᠣᠷᠣᠨ ‍ᠤ ᠮᠠᠯᠴᠢᠨ ᠲᠠᠷᠢᠶᠠᠴᠢᠳ ‍ᠤᠨ ᠠᠡᠭᠬᠠᠷᠣᠯ ‍ᠢ ᠲᠠᠳᠠᠵᠣ 2 ᠲᠦᠮᠡ ᠭᠠᠷᠣᠢ ᠬᠦᠮᠣᠨ ᠣᠷᠣᠯᠴᠠᠵᠡᠢ ᠃ ᠰᠡᠪᠬᠢᠬᠦᠯ ‍ᠤᠨ ᠣᠪᠣᠭ᠎ᠠ ᠣᠳᠣ ᠡᠴᠠ ᠪᠠᠷᠣᠭ 340 ᠵᠢᠯ ‍ᠤᠨ ᠲᠡᠣᠭᠡ ᠲᠠᠢ ᠂ ᠦᠪᠡᠷᠳᠡᠭᠡᠨ ᠵᠠᠰᠠᠬᠣ ᠣᠷᠣᠨ ‍ᠤ 70 ᠰᠠᠭᠣᠷᠢ ᠨᠡᠷ᠎ᠡ ᠲᠦᠷᠣ ᠲᠠᠢ ᠣᠪᠣᠭ᠎ᠠ ᠶ᠋ᠢᠨ ᠨᠢᠬᠡ ᠪᠤᠯᠵᠤ ᠂ ᠨᠠᠢᠮᠠᠨ ᠬᠣᠰᠢᠭᠣᠨ ‍ᠤ ᠴᠢᠬᠣᠯᠠ ᠨᠢᠬᠡᠨ ᠰᠣᠶᠣᠯ ‍ᠤᠨ ᠣᠯᠠᠮᠵᠢᠯᠠᠯᠳᠣ ᠰᠭᠣᠷᠢᠨ ᠭᠠᠵᠠᠷ ‍ᠤᠨ ᠨᠢᠬᠡ ᠂ ᠨᠠᠢᠮᠠᠨ ᠬᠤᠰᠢᠭᠣᠨ ‍ᠤ ᠭᠣᠣᠯᠳᠠᠯᠭ᠎ᠠ ᠲᠠᠢ ᠪᠡᠷ ᠪᠣᠢ ᠪᠣᠯᠭᠠᠵᠣ ᠪᠠᠶᠢᠭ᠎ᠠ ᠰᠣᠶᠣᠯ ‍ᠤᠨ ᠨᠡᠷᠡᠳᠣ ᠲᠡᠮᠳᠡᠭ ᠪᠤᠯᠤᠨ᠎ᠠ ᠃ 2016 ᠤᠨ ᠳ᠋ᠥ᠂ ᠰᠡᠪᠬᠢᠬᠦᠯ ‍ᠤᠨ ᠣᠪᠣᠭ᠎ᠠ ᠶ᠋ᠢᠨ ᠲᠠᠬᠢᠯᠭ᠎ᠠ ᠶ᠋ᠢᠨ ᠠᠵᠢᠯᠯᠠᠭᠠᠨ ᠨᠢ ᠲᠦᠡᠭᠯᠢᠶᠣᠣ ᠬᠣᠳᠠ ᠶ᠋ᠢᠨ ᠪᠣᠳᠠᠰ ‍ᠤᠨ ᠪᠣᠰᠣ ᠰᠣᠶᠣᠯ ‍ᠤᠨ ᠦᠪ ᠬᠦᠷᠣᠡᠭᠭᠡ ᠪᠡᠷ  ᠲᠡᠮᠳᠡᠭᠯᠡᠯ  ᠳ᠋ᠥ ᠣᠷᠣᠪᠠ ᠃ ᠰᠣᠶᠣᠯ ‍ᠤᠨ ᠨᠠᠶᠢᠷ ‍ᠤᠨ ᠬᠣᠭᠣᠴᠠᠭᠠᠨ ᠳ᠋ᠥ ᠂ ᠣᠪᠣᠭ᠎ᠠ ᠶ᠋ᠢᠨ ᠲᠠᠬᠢᠯᠭ᠎ᠠ ᠂  ᠮᠠᠩᠵᠢᠨ ᠲᠣᠭᠣᠭ᠎ᠠ ᠡᠴᠠ  ᠴᠠᠪ  ᠵᠣᠭᠤᠭᠯᠠᠬᠤ ᠂ ᠮᠣᠷᠢ ᠣᠷᠣᠯᠳᠣᠬᠣ ᠂ ᠪᠦᠬᠡ ᠪᠠᠷᠢᠯᠳᠣᠬᠣ ᠂ ᠰᠣᠷ ᠬᠠᠷᠪᠣᠬᠣ ᠂ ᠲᠠᠯᠠᠪᠠᠢ ᠶ᠋ᠢᠨ ᠪᠦᠵᠢᠭ ᠣᠷᠣᠯᠳᠣᠬᠣ ᠵᠡᠷᠭᠡ  ᠬᠦᠳᠡᠯᠬᠡᠬᠡᠨ  ᠶᠠᠪᠤᠭᠳᠠᠭᠤᠯᠵᠤ ᠂ ᠬᠦᠷᠣᠯᠴᠡᠨ ᠢᠷᠡᠭᠰᠡᠳ ᠲᠦ ᠡᠷᠳᠡᠨ ‍ᠤ ᠣᠪᠣᠭᠠᠨ ᠲᠠᠬᠢᠯᠭ᠎ᠠ ᠶ᠋ᠢᠨ ᠵᠢᠷᠣᠮ ᠭᠣᠷᠢᠮ ᠂ ᠣᠪᠣᠭᠠᠨ ᠰᠣᠶᠣᠯ ‍ᠤᠨ ᠨᠢᠭᠣᠴᠠᠬᠠᠢ ᠷᠢᠳᠢ ᠰᠢᠳᠢ ᠮᠣᠡᠭᠭᠣᠯ ᠦᠨᠳᠣᠰᠣᠳᠡᠨ ‍ᠤ ᠣᠯᠠᠮᠵᠢᠯᠠᠯᠳᠣ  ᠣᠷᠣᠯᠳᠣᠭᠠᠨ ‍ᠤ ᠣᠷ᠎ᠠ ᠮᠡᠷᠭᠡᠵᠢᠯ  ‍ᠢ ᠦᠵᠡᠬᠦᠯᠵᠡᠢ ᠃

        ᠵᠣᠭᠠᠴᠠᠯ ‍ᠤᠨ ᠣᠶᠢᠯᠡᠰ ᠪᠤᠯ ᠶᠡᠷᠣᠡᠭᠭᠡᠶᠢᠯᠡᠭᠰᠡᠨ ᠴᠢᠨᠠᠷᠳᠠᠢ ᠠᠵᠣ ᠣᠶᠢᠯᠡᠰ ᠮᠦᠨ ᠃ ᠨᠠᠢᠮᠠᠨ ᠬᠣᠰᠢᠭᠣ  ᠵᠣᠭᠠᠴᠠᠯ ‍ᠤᠨ ᠡᠯ᠎ᠡ ᠵᠣᠶᠢᠯ ‍ᠤᠨ  ᠬᠦᠳᠡᠯᠬᠡᠬᠡᠨ ᠢᠶᠠᠷ ᠪᠦᠳᠣᠭᠡᠨ ᠪᠠᠶᠢᠭᠣᠯᠣᠯᠳᠠ ᠶ᠋ᠢ ᠠᠬᠢᠭᠣᠯᠵᠣ ᠂ ᠵᠣᠭᠠᠴᠠᠯ ‍ᠤᠨ ᠣᠶᠢᠯᠡᠰ ᠢᠶᠠᠷ ᠬᠣᠰᠢᠭᠣ ᠪᠠᠨ ᠮᠠᠨᠳᠣᠭᠣᠯᠵᠣ ᠂ ᠮᠠᠯᠴᠢᠨ ᠲᠠᠷᠢᠶᠠᠴᠢᠳ ‍ᠤᠨ ᠣᠷᠣᠯᠭ᠎ᠠ ᠪᠠᠨ ᠨᠡᠮᠡᠭᠳᠡᠬᠦᠯᠵᠣ ᠪᠠᠶᠢᠨ᠎ᠠ ᠃


              ( ᠮᠠ ᠪᠦᠬᠡ      ᠸᠠᠩ ᠢᠦᠢ ᠮᠸᠢ  ᠮᠡᠳᠡᠭᠡᠯᠡᠪᠡ)


       

ᠢᠷᠡᠯᠳᠡ᠄ ᠨᠠᠶᠢᠷᠠᠭᠤᠯᠤᠭᠴᠢ᠄ ᠭᠤᠤ ᠾᠥᠩ ᠮᠸᠢ

ᠬᠠᠮᠢᠶ᠎ᠡ ᠪᠦᠬᠦᠢ ᠰᠣᠨᠢᠨ