ᠲᠠᠷᠢᠶᠠᠴᠢᠳ ᠨᠤᠭᠤᠭᠠᠨ ᠬᠠᠰᠢᠶ᠎ᠠ ᠪᠠᠨ ᠳᠦᠷᠢᠶᠡᠰᠦᠯᠡᠨ ᠦᠭᠴᠦ ᠤᠷᠤᠯᠭ᠎ᠠ ᠪᠠᠨ ᠨᠡᠮᠡᠭᠳᠡᠭᠦᠯᠵᠦ ᠪᠠᠶᠢᠨ᠎ᠠ

ᠣᠩᠰᠢᠭᠰᠠᠨ ᠤᠳᠠᠭ᠎ᠠ ᠄ 3238     ᠨᠡᠶᠢᠳᠡᠯᠡᠭᠰᠡᠨ ᠴᠠᠭ ᠄ 2017/6/21 16:37:41


        ᠵᠤᠨ ᠤ ᠤᠯᠠᠷᠢᠯ ᠪᠤᠯᠤᠯ᠎ᠠ ᠂ ᠨᠠᠢᠮᠠᠨ ᠬᠤᠰᠢᠭᠤᠨ ᠤ ᠳᠠᠴᠢᠨᠲᠠᠯ᠎ᠠ ᠪᠠᠯᠭᠠᠰᠤᠨ ᠤ ᠬᠠᠰᠢᠶᠠᠲᠤ ᠲᠤᠰᠬᠤᠨ ᠤ ᠯᠢᠦ ᠸᠧᠨ ᠯᠢ ᠶ᠋ᠢᠨ ᠪᠤᠬᠢᠷᠳᠤᠯ ᠦᠭᠡᠢ ᠤᠷᠭᠠᠨᠢᠭ ᠨᠤᠭᠤᠭᠠᠨ ᠤ ᠰᠠᠭᠤᠷᠢᠨ ᠭᠠᠵᠠᠷ ᠨᠢ ᠨᠡᠶᠢᠳᠡᠮ ᠳ᠋ᠤ ᠪᠠᠨ ᠨᠤᠭᠤᠭᠠᠷᠠᠵᠤ ᠬᠦᠬᠡᠷᠡᠨ᠎ᠡ ᠃ ᠤᠯᠠᠨ ᠬᠤᠲᠠ ᠶ᠋ᠢᠨ ᠬᠦᠮᠦᠰ ᠡᠨᠳᠡ ᠢᠷᠡᠵᠦ ᠨᠤᠭᠤᠭᠠᠨ ᠨᠤᠭᠤᠭᠠᠨ ᠲᠠᠲᠠᠭᠠᠯ ᠳ᠋ᠤ ᠥᠪᠡᠷ ᠤᠨ ᠳᠤᠷᠠᠲᠠᠢ ᠨᠤᠭᠤᠭ᠎ᠠ ᠪᠠᠨ ᠲᠠᠷᠢᠵᠤ ᠥᠪᠡᠷ ᠢᠶ᠋ᠡᠨ ᠡᠳ᠋ᠯᠡᠵᠦ ᠲᠡᠭᠦᠨ ᠠᠮᠲᠠᠷᠬᠠᠨ ᠢᠳᠡᠨ᠎ᠡ ᠂ ᠡᠶᠢᠨᠬᠦ ᠭᠡᠷ ᠪᠦᠯᠢ ᠶ᠋ᠢᠨ 《 ᠵᠢᠵᠢᠭ ᠨᠤᠭᠤᠭᠠᠨ ᠬᠠᠰᠢᠶ᠎ᠠ 》 ᠨᠢ ᠂ ᠬᠤᠲᠠ ᠶ᠋ᠢᠨ ᠬᠦᠮᠦᠰ ᠦᠨ ᠨᠤᠭᠤᠭ᠎ᠠ ᠲᠠᠷᠢᠬᠤ ᠳᠤᠷ᠎ᠠ ᠪᠠᠬ᠎ᠠ ᠶ᠋ᠢ ᠬᠠᠩᠭᠠᠭᠰᠠᠨ ᠢᠶᠠᠷ ᠪᠠᠷᠠᠬᠤ ᠦᠭᠡᠢ ᠂ ᠲᠤᠰᠬᠤᠨ ᠤ ᠠᠷᠠᠳ ᠲᠦ ᠪᠠᠰᠠ ᠨᠡᠯᠢᠶᠡᠳ ᠵᠦᠭᠡᠷ ᠠᠵᠤ ᠠᠬᠤᠢ ᠶ᠋ᠢᠨ ᠤᠷᠤᠯᠠᠭ᠎ᠠ ᠬᠠᠩᠭᠠᠵᠠᠢ ᠃
        ᠵᠢᠯ ᠦᠨ ᠡᠬᠢᠨ ᠳ᠋ᠦ ᠂ ᠯᠢᠦ ᠸᠧᠨ ᠯᠢ ᠶ᠋ᠢᠨ ᠭᠡᠷ ᠨᠢ ᠲᠤᠰ ᠲᠤᠰᠬᠤᠨ ᠤ 《 ᠵᠢᠵᠢᠭ ᠨᠤᠭᠤᠭᠠᠨ ᠬᠠᠰᠢᠶ᠎ᠠ 》 ᠶ᠋ᠢᠨ ᠲᠦᠷᠦᠭᠦᠨ ᠪᠦᠯᠥᠭ ᠲᠤᠷᠰᠢᠯᠲᠠ ᠶ᠋ᠢᠨ ᠴᠡᠭ ᠢᠶ᠋ᠡᠷ ᠲᠤᠭᠲᠠᠭᠠᠭᠳᠠᠵᠠᠢ ᠂ ᠬᠠᠭᠠᠰ ᠨᠠᠰᠤ ᠪᠠᠷ ᠢᠶᠡᠨ ᠲᠠᠷᠢᠶ᠎ᠠ ᠲᠠᠷᠢᠭᠰᠠᠨ ᠯᠢᠦ ᠸᠧᠨ ᠯᠢ ᠳ᠋ᠦ ᠠᠪᠴᠤ ᠬᠡᠯᠡᠪᠡᠯ ᠂ ᠡᠨᠡᠬᠦ 《 ᠰᠢᠨ᠎ᠡ ᠮᠠᠶᠢᠭ 》 ᠤᠨ ᠠᠷᠭ᠎ᠠ ᠨᠢ ᠤᠷᠤᠯᠭ᠎ᠠ ᠶ᠋ᠢ ᠨᠥᠯᠥᠭᠡᠯᠡᠬᠦ ᠡᠴᠠ ᠰᠠᠨᠠᠭ᠎ᠠ ᠵᠤᠪᠠᠵᠤ ᠪᠠᠶᠢᠭᠰᠠᠨ ᠶᠤᠮ ᠃  ᠨᠤᠭᠤᠭᠠᠨ ᠲᠠᠷᠢᠶᠠᠴᠢᠳ ᠤᠨ ᠬᠤᠵᠢᠮ ᠤᠨ ᠵᠤᠪᠠᠯᠠᠩ ᠢ ᠠᠷᠢᠯᠭᠠᠬᠤ ᠶ᠋ᠢᠨ ᠲᠥᠯᠥᠭᠡ ᠂ ᠲᠤᠰᠬᠤᠨ ᠤ ᠨᠠᠮ ᠤᠨ ᠡᠭᠦᠷ ᠪᠠ ᠲᠤᠰᠬᠤᠨ ᠤ ᠵᠦᠪᠯᠡᠯ ᠡᠴᠡ ᠡᠨᠡᠬᠦ ᠠᠷᠭ᠎ᠠ ᠮᠠᠶᠢᠭ ᠨᠢ ᠬᠡᠷᠪᠡ ᠲᠤᠰᠬᠤᠨ ᠤ ᠠᠷᠠᠳ ᠢ ᠵᠤᠭᠤᠰ ᠠᠯᠳᠠᠭᠤᠯᠪᠠᠯ ᠲᠤᠰᠬᠤᠨ ᠤ ᠵᠦᠪᠯᠡᠯ ᠡᠴᠡ ᠲᠦᠯᠦᠪᠦᠷᠢ ᠨᠦᠬᠦᠪᠦᠷᠢᠯᠡᠨ᠎ᠡ ᠭᠡᠵᠦ ᠠᠮᠠᠯᠳᠠᠵᠠᠢ ᠃ ᠡᠶᠢᠮᠦᠷᠬᠦ ᠪᠠᠲᠤᠯᠠᠭ᠎ᠠ ᠲᠠᠢ ᠪᠤᠯᠤᠭᠰᠠᠨ ᠡᠴᠡ ᠂ ᠯᠢᠦ ᠸᠧᠨ ᠯᠢ 10 ᠮᠦ ᠭᠠᠵᠠᠷ ᠢᠶᠡᠨ ᠬᠤᠶᠠᠷ ᠬᠤᠭᠤᠴᠠᠭ᠎ᠠ ᠪᠠᠷ ᠪᠠᠶᠢᠭᠤᠯᠵᠤ ᠂ ᠨᠢᠭᠡᠳᠦᠭᠡᠷ ᠬᠤᠭᠤᠴᠠᠭ᠎ᠠ ᠳ᠋ᠤ 5 ᠮᠦ ᠭᠠᠵᠠᠷ ᠨᠡᠭᠡᠬᠡᠨ ᠂ 4 ᠮᠧᠲ᠋ᠷ ᠤᠷᠲᠤ ᠂ 2 ᠮᠧᠲ᠋ᠷ ᠦᠷᠭᠡᠨ 320  ᠨᠤᠭᠤᠭᠠᠨ ᠤ ᠲᠠᠲᠠᠭᠠᠯ ᠪᠠᠶᠢᠭᠤᠯᠵᠠᠢ ᠃ ᠯᠢᠦ ᠸᠧᠨ ᠯᠢ ᠄ 《 ᠳᠦᠷᠢᠶᠡᠰᠦᠯᠡᠭᠦᠯᠬᠦ ᠴᠢᠮᠡᠭᠡ ᠭᠠᠷᠤᠮᠠᠭᠴᠠ ᠤᠳᠠᠯ ᠦᠭᠡᠢ ᠬᠤᠲᠠ ᠶ᠋ᠢᠨ ᠬᠦᠮᠦᠰ ᠪᠦᠷ ᠳᠦᠷᠢᠶᠡᠰᠦᠯᠡᠭᠰᠡᠨ ᠢ ᠶᠠᠭ ᠪᠤᠳᠤᠵᠤ ᠤᠯᠤᠭᠰᠠᠨ ᠦᠭᠡᠢ 》 ᠭᠡᠵᠦ ᠢᠨᠢᠶᠡᠮᠰᠦᠭᠯᠡᠨ ᠬᠡᠯᠡᠵᠡᠢ ᠂ ᠨᠤᠭᠤᠭᠠᠨ ᠤ ᠲᠠᠳᠠᠭᠠᠯ ᠪᠦᠷᠢ ᠶ᠋ᠢᠨ ᠵᠢᠯ ᠦᠨ ᠳᠦᠷᠢᠶᠡᠰᠦᠨ ᠮᠦᠩᠭᠦ 200 ᠲᠦᠭᠦᠷᠢᠭ ᠪᠠᠶᠢᠵᠤ ᠂ ᠳᠦᠷᠢᠶᠡᠰᠦᠯᠡᠭᠴᠢᠳ ᠦᠪᠡᠷ ᠦᠨ ᠳᠤᠷ᠎ᠠ ᠪᠠᠬ᠎ᠠ ᠪᠠᠷ ᠢᠶᠡᠨ ᠲᠦᠭᠦᠬᠡᠢ ᠨᠤᠭᠤᠭ᠎ᠠ ᠂ ᠦᠷᠭᠡᠰᠦᠲᠦ ᠨᠤᠭᠤᠭ᠎ᠠ ᠂ ᠦᠷᠭᠡᠰᠦᠲᠦ ᠬᠡᠮᠬᠡ ᠂ ᠰᠢᠬᠤᠯᠤ ᠂ ᠰᠤᠩᠬᠢᠨ᠎ᠠ ᠂ ᠲᠦᠪᠡᠳ ᠬᠠᠰᠢ ᠂ ᠬᠠᠯᠠᠭᠤᠨ ᠨᠤᠭᠤᠭ᠎ᠠ ᠵᠡᠷᠭᠡ ᠢᠳᠡᠰᠢᠨ ᠨᠤᠭᠤᠭ᠎ᠠ ᠲᠠᠷᠢᠵᠤ ᠪᠤᠯᠤᠨ᠎ᠠ ᠂ ᠨᠤᠭᠤᠭ᠎ᠠ ᠪᠤᠯᠪᠠᠰᠤᠷᠠᠬᠤ ᠶ᠋ᠢᠨ ᠦᠶᠡᠰ ᠂ ᠲᠡᠳᠡᠨ ᠴᠠᠭ ᠲᠤᠬᠠᠢ ᠳ᠋ᠤᠨᠢ ᠢᠷᠡᠵᠦ ᠲᠡᠭᠦᠵᠦ ᠪᠤᠯᠤᠨ᠎ᠠ ᠃ ᠭᠠᠷᠠᠭ ᠤᠨ ᠡᠴᠦᠰ ᠪᠤᠯᠪᠠᠯ ᠂ ᠬᠤᠲᠠ ᠶ᠋ᠢᠨ ᠠᠷᠠᠳ ᠢᠷᠡᠵᠦ ᠂ 《 ᠦᠪᠡᠷ 》 ᠤᠨ  ᠨᠤᠭᠤᠭ᠎ᠠ ᠶ᠋ᠢᠨ ᠭᠠᠵᠠᠷ ᠲᠠᠭᠠᠨ ᠨᠤᠭᠤᠭ᠎ᠠ ᠲᠠᠷᠢᠵᠤ ᠂ ᠨᠤᠭᠤᠭ᠎ᠠ ᠲᠡᠭᠦᠨ ᠬᠤᠷᠢᠶᠠᠵᠤ ᠂ ᠯᠢᠦ ᠸᠧᠨ ᠯᠢ ᠶ᠋ᠢᠨ ᠨᠤᠭᠤᠭᠠᠨ ᠬᠠᠰᠢᠶ᠎ᠠ ᠨᠢ ᠢᠨᠢᠶᠡᠳᠦ ᠪᠠᠶᠠᠷ ᠤᠨ ᠳᠠᠭᠤᠨ ᠢᠶ᠋ᠡᠷ ᠪᠢᠯᠬᠠᠵᠤ ᠮᠠᠰᠢ ᠬᠦᠷ ᠬᠥᠭᠵᠢᠶᠡᠨ ᠲᠠᠢ  ᠪᠤᠯᠳᠠᠭ ᠃
         ᠯᠢᠦ ᠸᠧᠨ ᠯᠢ ᠄ 《 ᠮᠠᠨ ᠤ ᠡᠨᠳᠡᠬᠢ ᠨᠤᠭᠤᠭ᠎ᠠ ᠴᠠᠭ᠎ᠠ ᠬᠢᠮᠢ ᠶ᠋ᠢᠨ ᠪᠤᠷᠳᠤᠭᠤᠷ ᠪᠠ ᠬᠢᠮᠢ ᠶ᠋ᠢᠨ ᠡᠮ ᠬᠡᠷᠡᠭᠯᠡᠬᠦ ᠦᠭᠡᠢ ᠂ ᠪᠦᠷ ᠪᠤᠬᠢᠷᠳᠤᠯ ᠦᠭᠡᠢ ᠤᠷᠭᠠᠨᠢᠭ ᠨᠤᠭᠤᠭ᠎ᠠ ᠶ᠋ᠢ ᠬᠤᠷᠢᠶᠠᠳᠠᠭ 》 ᠭᠡᠵᠦ ᠤᠮᠤᠭᠰᠢᠯᠲᠠᠢ ᠶᠠᠷᠢᠵᠠᠢ ᠃
         ᠤᠳᠤᠬᠠᠨ ᠳ᠋ᠠᠭᠠᠨ ᠂ ᠬᠠᠰᠢᠶᠠᠲᠤ ᠲᠤᠰᠬᠤᠨ ᠳ᠋ᠤ ᠨᠢᠭᠡᠨᠲᠡ 120 ᠢᠯᠡᠭᠦᠦ ᠡᠷᠦᠬᠡ 《 ᠵᠢᠵᠢᠭ  ᠨᠤᠭᠤᠭᠠᠨ ᠬᠠᠰᠢᠶ᠎ᠠ 》 ᠪᠠᠶᠢᠭᠤᠯᠵᠠᠢ ᠃ 《 ᠭᠡᠷ ᠪᠦᠯᠢ ᠶ᠋ᠢᠨ ᠨᠤᠭᠤᠭᠠᠨ ᠬᠠᠰᠢᠶ᠎ᠠ 》 ᠨᠢ ᠲᠠᠷᠢᠶᠠᠴᠢᠨ ᠲᠦᠮᠡᠨ ᠳ᠋ᠦ ᠠᠰᠢᠭ ᠤᠯᠭᠤᠵᠤ ᠂ ᠵᠤᠭᠤᠰ ᠤᠨ ᠬᠡᠳᠡᠪᠴᠢ ᠨᠢ ᠨᠡᠩ ᠳᠦᠭᠦᠷᠡᠩ ᠪᠤᠯᠵᠤ ᠂ ᠡᠷᠴᠢ ᠵᠤᠷᠢᠭ ᠨᠢ ᠨᠡᠩ  ᠴᠢᠩᠭᠠᠷᠠᠭᠠᠳ ᠂ ᠢᠲᠡᠭᠡᠯ ᠪᠢᠯᠬᠠᠮ᠎ᠠ ᠰᠡᠳᠭᠢᠯ  ᠲᠡᠨᠡᠶᠢᠭᠰᠡᠨ ᠪᠠᠶᠢᠨ᠎ᠠ ᠃

                                                  ( ᠲᠢᠶᠠᠨ ᠭᠥᠸᠧ ᠵᠦᠩ       ᠭᠤ᠋·ᠰᠤᠶᠤᠯᠲᠤ )
ᠢᠷᠡᠯᠳᠡ᠄ ᠨᠠᠶᠢᠷᠠᠭᠤᠯᠤᠭᠴᠢ᠄ ᠭᠤ᠋·ᠰᠤᠶᠤᠯᠲᠤ