ᠪᠦᠬᠦ ᠬᠤᠰᠢᠭᠤᠨ ᠤ ᠮᠤᠩᠭᠤᠯ ᠬᠢᠳᠡᠳ ᠬᠡᠯᠡᠨ ᠦ ᠤᠷᠴᠢᠭᠤᠯᠭ᠎ᠠ ᠶ᠋ᠢᠨ ᠰᠢᠨᠵᠢᠯᠡᠭᠡᠨ ‍ᠤ ᠨᠡᠶᠢᠭᠡᠮᠯᠢᠭ ᠤᠨ ᠬᠤᠶᠠᠳᠤᠭᠠᠷ ᠬᠤᠭᠤᠴᠠᠭᠠᠨ ᠤ ᠵᠢᠯ ᠦᠨ ᠬᠤᠷᠠᠯ ᠵᠢᠴᠢ ᠠᠩᠬᠠᠳᠤᠭᠠᠷ ᠬᠤᠭᠤᠴᠠᠭᠠᠨ ᠤ ᠳᠤᠮᠳᠠᠳᠤ ᠪᠠᠭ᠎ᠠ ᠰᠤᠷᠭᠠᠭᠤᠯᠢ ᠶ᠋ᠢᠨ ᠮᠤᠩᠭᠤᠯ ᠬᠡᠯᠡᠨ ᠦ ᠵᠤᠬᠢᠶᠠᠯ ᠤᠨ ᠤᠷᠤᠯᠳᠤᠭᠠᠨ ᠤ ᠱᠠᠩᠨᠠᠯ ᠤᠯᠭᠤᠬᠤ ᠶᠤᠰᠤᠯᠠᠯ ᠠᠮᠵᠢᠯᠳᠠ ᠲᠠᠢ ᠶᠠᠪᠤᠭᠳᠠᠯ᠎ᠠ

ᠣᠩᠰᠢᠭᠰᠠᠨ ᠤᠳᠠᠭ᠎ᠠ ᠄ 8887     ᠨᠡᠶᠢᠳᠡᠯᠡᠭᠰᠡᠨ ᠴᠠᠭ ᠄ 2017/6/24 16:32:58

          2016 ᠤᠨ ᠤ 6 ᠰᠠᠷ᠎ᠠ ᠶ᠋ᠢᠨ 23 ᠦ ᠡᠳᠤᠷ ᠤᠨ ᠦᠳᠠ ᠶ᠋ᠢᠨ ᠬᠤᠶᠢᠨ᠎ᠠ ᠂  ᠬᠤᠰᠢᠭᠤᠨ ᠤ ᠨᠠᠮ ᠤᠨ ᠬᠤᠷᠢᠶ᠎ᠠ ᠶ᠋ᠢᠨ ᠤᠬᠠᠭᠤᠯᠬᠤ ᠭᠡᠯᠳᠡᠰ ᠂  ᠬᠤᠰᠢᠭᠤᠨ ᠤ ᠦᠨᠳᠤᠰᠤᠳᠠᠨ ᠱᠠᠰᠢᠨ ᠰᠤᠷᠳᠠᠬᠤᠨ ᠤ ᠭᠡᠷᠡᠭ ᠡᠷᠬᠢᠯᠡᠬᠦ ᠳᠤᠪᠴᠢᠶ᠎ᠠ ᠪᠠ  ᠬᠤᠰᠢᠭᠤᠨ ᠤ ᠰᠤᠷᠭᠠᠨ ᠬᠦᠮᠦᠵᠢᠯ ᠪᠠᠶ᠎ᠠ  ᠳᠠᠮᠢᠷ ᠤᠨ ᠳᠤᠪᠴᠢᠶ᠎ᠠ ᠡᠴᠡ ᠬᠠᠮᠳᠤᠷᠠᠨ ᠡᠷᠬᠢᠯᠡᠭᠰᠡᠨ ᠪᠦᠬᠦ ᠬᠤᠰᠢᠭᠤᠨ ᠤ ᠮᠤᠩᠭᠤᠯ ᠬᠢᠳᠡᠳ ᠬᠡᠯᠡᠨ ᠦ ᠤᠷᠴᠢᠭᠤᠯᠭ᠎ᠠ ᠶ᠋ᠢᠨ ᠰᠢᠨᠵᠢᠯᠡᠭᠡᠨ ‍ᠤ  ᠨᠡᠶᠢᠭᠡᠮᠯᠢᠭ ᠤᠨ ᠬᠤᠶᠠᠳᠤᠭᠠᠷ ᠬᠤᠭᠤᠴᠠᠭᠠᠨ ᠤ ᠵᠢᠯ ᠦᠨ ᠬᠤᠷᠠᠯ ᠵᠢᠴᠢ ᠠᠩᠬᠠᠳᠤᠭᠠᠷ ᠬᠤᠭᠤᠴᠠᠭᠠᠨ ᠤ ᠳᠤᠮᠳᠠᠳᠤ ᠪᠠᠭ᠎ᠠ ᠰᠤᠷᠭᠠᠭᠤᠯᠢ ᠶ᠋ᠢᠨ ᠮᠤᠩᠭᠤᠯ ᠬᠡᠯᠡᠨ ᠦ ᠵᠤᠬᠢᠶᠠᠯ ᠤᠨ ᠤᠷᠤᠯᠳᠤᠭᠠᠨ ᠤ ᠱᠠᠩᠨᠠᠯ ᠤᠯᠭᠤᠬᠤ  ᠶᠤᠰᠤᠯᠠᠯ  ᠬᠤᠰᠢᠭᠤᠨ ᠤ ᠨᠠᠮ ᠤᠨ ᠰᠤᠷᠭᠠᠭᠤᠯᠢ ᠳ᠋ᠦ ᠠᠮᠵᠢᠯᠳᠠ ᠲᠠᠢ ᠶᠠᠪᠤᠭᠳᠠᠯ᠎ᠠ ᠃  ᠬᠤᠰᠢᠭᠤᠨ ᠤ ᠨᠠᠮ ᠤᠨ ᠬᠤᠷᠢᠶ᠎ᠠ  ᠪᠠᠶᠢᠩᠭᠤ ᠶ᠋ᠢᠨ ᠬᠡᠰᠢᠬᠦᠨ ᠂ ᠬᠤᠰᠢᠭᠤᠨ ᠤ ᠨᠠᠮ ᠤᠨ ᠬᠤᠷᠢᠶ᠎ᠠ ᠶ᠋ᠢᠨ ᠤᠬᠠᠭᠤᠯᠬᠤ ᠭᠡᠯᠳᠡᠰ ᠤᠨ ᠳᠠᠷᠤᠭ᠎ᠠ ᠯᠢ ᠶᠠᠨ ᠡᠾᠦ᠋ᠢ ᠬᠤᠷᠠᠯ ᠳ᠋ᠦ ᠤᠷᠤᠯᠴᠠᠵᠦ ᠶᠠᠷᠢᠶ᠎ᠠ ᠳᠠᠯᠪᠢᠭᠰᠠᠨ ᠪᠠᠶᠢᠨ᠎ᠠ ᠃  ᠬᠤᠰᠢᠭᠤᠨ ᠤ ᠤᠯᠤᠰ ᠳᠦᠷᠦ ᠶ᠋ᠢᠨ ᠵᠦᠪᠯᠡᠯᠭᠡᠨ ᠦ ᠳᠡᠳ᠋ ᠳᠠᠷᠢᠬᠦᠯᠡᠭᠴᠢ ᠂ ᠨᠢᠭᠡᠳᠦᠮᠡᠯ ᠹᠷᠤᠨᠲ ᠤᠨ ᠭᠡᠯᠳᠡᠰ ᠦᠨ ᠪᠠᠶᠢᠩᠭᠤ ᠶ᠋ᠢᠨ ᠳᠡᠳ᠋ ᠳᠠᠷᠤᠭ᠎ᠠ ᠡᠷᠬᠢᠮᠪᠠᠶᠠᠷ ᠵᠡᠷᠭᠡ ᠤᠳᠤᠷᠢᠳᠤᠯᠭ᠎ᠠ ᠬᠤᠷᠠᠯ  ᠳ᠋ᠦ ᠤᠷᠤᠯᠴᠠᠵᠠᠢ ᠃
          ᠮᠠᠨ ᠤ ᠬᠤᠰᠢᠭᠤᠨ ᠤ ᠮᠤᠩᠭᠤᠯ ᠦᠭᠡ ᠬᠡᠯᠡ ᠦᠰᠦᠭ ᠪᠢᠴᠢᠭ ᠦᠨ ᠠᠵᠢᠯ  ᠪᠦᠬᠦ ᠬᠤᠰᠢᠭᠤᠨ ᠤ ᠦᠭᠡᠷᠡᠴᠢᠯᠠᠯᠳᠠ ᠬᠦᠭᠵᠢᠯᠳᠡ ᠶ᠋ᠢᠨ ᠶᠠᠭᠡ ᠪᠠᠶᠢᠳᠠᠯ  ᠳ᠋ᠦ ᠦᠢᠯᠡᠴᠢᠯᠡᠬᠦ  ᠪᠠᠷ  ᠵᠤᠷᠢᠯᠳᠡ ᠪᠤᠯᠭᠠᠬᠤ  ᠶ᠋ᠢ  ᠪᠠᠷᠢᠮᠳᠠᠯᠠᠵᠦ ᠂ ᠬᠤᠳᠠ  ᠪᠠᠯᠭᠠᠰᠤᠨ ᠤ  ᠪᠦᠳᠦᠭᠡᠨ ᠪᠠᠶᠢᠭᠤᠯᠤᠯᠳᠠ  ᠪᠠ ᠭᠠᠵᠠᠷ ᠤᠷᠤᠨ ᠤ ᠠᠵᠦ ᠠᠬᠤᠢ ᠨᠠᠶᠢᠭᠡᠮ ᠤᠨ ᠬᠦᠭᠵᠢᠯᠳᠡ ᠳ᠋ᠦ ᠬᠦᠳᠡᠯᠤᠩᠬᠦᠢ ᠪᠠᠷ ᠠᠭᠤᠰᠤᠯᠳᠤᠵᠦ ᠂ ᠬᠤᠳᠠ ᠶ᠋ᠢᠨ ᠤᠨᠴᠠ ᠰᠠᠶᠢᠨ ᠳᠦᠷᠰᠤ ᠪᠠᠶᠢᠳᠠᠯ ᠢ ᠪᠤᠢ ᠪᠤᠯᠭᠠᠬᠤ ᠳ᠋ᠦ ᠢᠳᠡᠪᠬᠢᠳᠡᠢ ᠦᠢᠯᠡᠳᠤᠯ  ᠢᠶ᠋ᠡᠨ  ᠪᠠᠳᠠᠷᠠᠭᠤᠯᠵᠠᠢ ᠃ 2016  ᠤᠨ ᠳ᠋ᠦ 《  ᠪᠦᠬᠦᠳᠠ ᠨᠠᠶᠢᠷᠠᠮᠳᠠᠬᠤ ᠳᠤᠮᠳᠠᠳᠤ  ᠠᠷᠠᠳ ᠤᠯᠤᠰ ᠤᠨ ᠤᠯᠤᠰ ᠤᠨ ᠡᠩ ᠦᠨ ᠭᠡᠷᠡᠭᠯᠡᠭᠡᠨ ᠦ ᠦᠭᠡ  ᠬᠡᠯᠡ ᠦᠰᠦᠭ ᠪᠢᠴᠢᠭ ᠦᠨ ᠬᠠᠤᠯᠢ 》 ᠪᠠ《 ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠮᠤᠩᠭᠤᠯ ᠦᠭᠡ ᠬᠡᠯᠡ ᠦᠰᠦᠭ ᠪᠢᠴᠢᠭ ᠦᠨ ᠠᠵᠢᠯ ᠤᠨ ᠳᠦᠷᠢᠮ》 ᠢ ᠤᠯᠠᠮ ᠨᠢᠭᠡ ᠠᠯᠬᠤᠮ ᠳᠤᠭᠤᠰᠢᠯᠠᠭᠤᠯᠤᠨ  ᠭᠡᠷᠡᠭᠵᠢᠬᠦᠯᠬᠦ  ᠳ᠋ᠦ ᠂  ᠮᠤᠩᠭᠤᠯ ᠬᠢᠳᠡᠳ ᠬᠡᠯᠡᠨ ᠦ ᠤᠷᠴᠢᠭᠤᠯᠭ᠎ᠠ ᠶ᠋ᠢᠨ ᠠᠵᠢᠯ ᠳᠤᠮᠳᠠ ᠨᠢᠭᠡ ᠪᠦᠯᠦᠭ ᠰᠢᠯᠢᠳᠡᠭ ᠠᠵᠢᠯᠳᠠᠨ ᠴᠤᠯᠭᠤᠷᠠᠨ ᠭᠠᠷᠴᠠᠢ ᠃  ᠨᠡᠶᠢᠳᠡᠯᠢᠭ  ᠵᠢᠱᠢᠶ᠎ᠡ ᠶ᠋ᠢ ᠪᠤᠢ ᠪᠤᠯᠭᠠᠵᠦ ᠂ ᠳᠠᠷᠢᠬᠦᠨ  ᠢ  ᠰᠠᠶᠢᠰᠢᠶᠠᠬᠤ ᠶ᠋ᠢᠨ ᠳᠦᠯᠦᠭᠡ ᠂ ᠬᠤᠰᠢᠭᠤᠨ ᠤ ᠨᠠᠮ ᠤᠨ ᠬᠤᠷᠢᠶ᠎ᠠ ᠶ᠋ᠢᠨ ᠤᠬᠠᠭᠤᠯᠬᠤ ᠭᠡᠯᠳᠡᠰ ᠂ ᠬᠤᠰᠢᠭᠤᠨ ᠤ ᠦᠨᠳᠤᠰᠤᠳᠠᠨ ᠱᠠᠰᠢᠨ ᠰᠤᠷᠳᠠᠬᠤᠨ ᠤ ᠭᠡᠷᠡᠭ ᠡᠷᠬᠢᠯᠡᠬᠦ ᠳᠤᠪᠴᠢᠶᠠᠨ ᠡᠴᠡ 16 ᠨᠠᠷᠠᠰ ᠤᠷᠴᠢᠭᠤᠯᠭ᠎ᠠ ᠶ᠋ᠢᠨ ᠨᠠᠶᠢᠭᠡᠮᠯᠢᠭ  ᠤᠨ ᠬᠡᠰᠢᠬᠦᠨ ᠢ《 ᠪᠦᠬᠦ ᠬᠤᠰᠢᠭᠤᠨ ᠤ  ᠮᠤᠩᠭᠤᠯ ᠬᠢᠳᠡᠳ ᠬᠡᠯᠡᠨ ᠦ ᠤᠷᠴᠢᠭᠤᠯᠭ᠎ᠠ ᠶ᠋ᠢᠨ ᠰᠢᠯᠢᠳᠡᠭ ᠠᠵᠢᠯᠳᠠᠨ 》 ᠢᠶᠠᠷ  ᠴᠤᠯᠠᠯᠠᠵᠦ ᠬᠦᠬᠢᠬᠦᠯᠤᠭᠰᠡᠨ ᠪᠠᠶᠢᠨ᠎ᠠ  ᠃ ᠡᠬᠦᠨ ᠦ ᠬᠠᠮᠳᠤ  ᠪᠦᠬᠦ ᠬᠤᠰᠢᠭᠤᠨ ᠤ ᠠᠩᠬᠠᠳᠤᠭᠠᠷ ᠬᠤᠭᠤᠴᠠᠭᠠᠨ ᠤ  ᠳᠤᠮᠳᠠᠳᠤ  ᠪᠠᠭ᠎ᠠ ᠰᠤᠷᠭᠠᠭᠤᠯᠢ  ᠶ᠋ᠢᠨ ᠮᠤᠩᠭᠤᠯ ᠬᠡᠯᠡᠨ ᠦ ᠵᠤᠬᠢᠶᠠᠯ ᠤᠨ ᠤᠷᠤᠯᠳᠤᠭᠠᠨ ᠳ᠋ᠦ ᠤᠷᠤᠯᠴᠠᠭᠰᠠᠨ 142  ᠵᠤᠬᠢᠶᠠᠯ ᠪᠦᠳᠦᠭᠡᠯ ᠳ᠋ᠦ  ᠠᠩᠬᠠᠨ ᠤ ᠰᠢᠯᠭᠠᠷᠠᠭᠤᠯᠤᠯᠳᠠ ᠪᠠ  ᠳᠡᠬᠢᠨ ᠰᠢᠯᠭᠠᠷᠠᠭᠤᠯᠤᠯᠳᠠ ᠬᠢᠬᠦ  ᠂ ᠨᠠᠢᠮᠠᠨ ᠰᠦᠯᠵᠢᠶ᠎ᠠ ᠮᠤᠩᠭᠤᠯ ᠭᠡᠯᠡᠨ ᠦ ᠬᠡᠪᠯᠡᠯ ᠳ᠋ᠦ ᠨᠡᠶᠢᠳᠠᠯᠡᠵᠦ ᠤᠨᠤᠭ᠎ᠠ ᠦᠭᠬᠦ ᠂ ᠳᠡᠭᠢᠨ ᠬᠠᠮᠤᠭ ᠡᠴᠤᠰ ᠤᠨ ᠬᠤᠪᠢ ᠤᠯᠭᠤᠬᠤ ᠵᠡᠷᠭᠡ ᠰᠢᠭᠰᠢᠯᠳᠡ ᠶ᠋ᠢ ᠦᠩᠬᠡᠷᠡᠬᠡᠭᠡᠳ ᠂  ᠰᠤᠩᠭᠤᠭᠳᠠᠭᠰᠠᠨ 46 ᠬᠤᠪᠢ ᠵᠤᠬᠢᠶᠠᠯ ᠤᠨ ᠪᠢᠴᠢᠬᠠᠨ ᠵᠤᠬᠢᠶᠠᠯᠴᠢ  ᠂ ᠵᠢᠯᠤᠭᠤᠳᠤᠭᠰᠠᠨ ᠪᠠᠭᠰᠢ ᠂ ᠨᠠᠢᠮᠠᠨ ᠰᠦᠯᠵᠢᠶ᠎ᠠ ᠮᠤᠩᠭᠤᠯ ᠭᠡᠯᠡᠨ ᠦ ᠬᠡᠪᠯᠡᠯ ᠤᠨ ᠰᠢᠯᠢᠳᠡᠭ ᠬᠢᠨᠠᠭᠴᠢ ᠪᠠᠭᠰᠢ  ᠪᠠ ᠰᠢᠯᠢᠳᠡᠭ ᠵᠤᠬᠢᠶᠠᠨ ᠪᠠᠶᠢᠭᠤᠯᠤᠭᠰᠠᠨ ᠨᠢᠭᠡᠴᠡ ᠶ᠋ᠢ ᠬᠦᠬᠢᠬᠦᠯᠤᠨ ᠱᠠᠩᠨᠠᠭᠰᠠᠨ ᠪᠠᠶᠢᠨ᠎ᠠ ᠃
          ᠪᠦᠬᠦ ᠬᠤᠰᠢᠭᠤᠨ ᠤ ᠮᠤᠩᠭᠤᠯ ᠬᠢᠳᠡᠳ ᠬᠡᠯᠡᠨ ᠦ ᠤᠷᠴᠢᠭᠤᠯᠭ᠎ᠠ ᠶ᠋ᠢᠨ ᠨᠠᠶᠢᠭᠡᠮᠯᠢᠭ ᠤᠨ ᠪᠦᠬᠦ ᠬᠡᠰᠢᠬᠦᠳ  ᠵᠢᠴᠢ ᠰᠢᠨ᠎ᠠ ᠬᠡᠰᠢᠬᠦᠨ ᠂ ᠮᠤᠩᠭᠤᠯ ᠬᠡᠯᠡ ᠪᠠᠷ ᠬᠢᠴᠢᠶᠡᠯᠯᠡᠭᠡ ᠡᠯ᠎ᠡ ᠰᠤᠷᠤᠯᠴᠠᠯᠭ᠎ᠠ ᠶ᠋ᠢᠨ ᠳᠤᠭᠤᠷᠢᠭ ᠂ ᠪᠠᠭ᠎ᠠ ᠰᠤᠷᠭᠠᠭᠤᠯᠢ ᠂  ᠠᠩᠬ᠎ᠠ ᠳᠤᠮᠳᠠᠳᠤ ᠶ᠋ᠢᠨ ᠰᠤᠷᠭᠠᠭᠤᠯᠢ ᠂ ᠳᠡᠭᠡᠳᠤ ᠳᠤᠮᠳᠠᠳᠤ ᠰᠤᠷᠭᠠᠭᠤᠯᠢ ᠶ᠋ᠢᠨ ᠳᠣᠬᠠᠢᠯᠠᠬᠰᠠᠠ ᠡᠠᠵᠢᠯ ᠢ ᠬᠤᠪᠢᠶᠠᠷᠢᠯᠠᠨ ᠬᠠᠮᠢᠶᠠᠷᠴᠤ ᠪᠠᠶᠢᠭ᠎ᠠ ᠰᠤᠷᠭᠠᠭᠤᠯᠢ ᠶ᠋ᠢᠨ ᠵᠡᠬᠢᠷᠤᠯ ᠂  ᠱᠠᠩᠨᠠᠯ ᠬᠦᠷᠳᠡᠭᠰᠡᠨ ᠪᠠᠭᠰᠢ ᠰᠤᠷᠤᠭᠴᠢᠳ ᠂ ᠤᠷᠤᠯᠳᠤᠭᠠᠨ ᠤ ᠬᠢᠨᠠᠭᠴᠢ ᠪᠠᠭᠰᠢ ᠨᠠᠷ ᠵᠡᠷᠭᠡ 170 ᠭᠠᠷᠤᠢ ᠬᠦᠮᠦᠰ ᠬᠤᠷᠠᠯ ᠳ᠋ᠤ ᠤᠷᠤᠯᠴᠠᠭᠰᠠᠨ ᠪᠠᠶᠢᠨ᠎ᠠ ᠃  (  ᠪᠤᠤ ᠵᠢᠨ ᠯᠢᠶᠠᠨ ᠮᠠᠳᠡᠭᠡᠯᠡᠪᠠ)
ᠢᠷᠡᠯᠳᠡ᠄ ᠨᠠᠶᠢᠷᠠᠭᠤᠯᠤᠭᠴᠢ᠄ ᠯᠢ ᠬᠠᠰᠡᠷᠳᠡᠨᠢ

ᠬᠠᠮᠢᠶ᠎ᠡ ᠪᠦᠬᠦᠢ ᠰᠣᠨᠢᠨ