ᠨᠠᠢᠮᠠᠨ ᠬᠤᠰᠢᠭᠤᠨ ᠤ ᠭᠤᠷᠪᠠᠳᠤᠭᠠᠷ ᠬᠤᠭᠤᠴᠠᠭᠠᠨ ᠤ ᠰᠡᠪᠬᠢᠬᠦᠯ ᠤᠨ ᠣᠪᠤᠭᠠᠨ ᠤ ᠰᠣᠶᠣᠯ ᠤᠨ ᠨᠠᠶᠢᠷ ᠪᠤᠯᠪᠠ
2017 ᠣᠨ ᠤ 6 ᠰᠠᠷ᠎ᠠ ᠶ᠋ᠢᠨ 7 ᠤ ᠡᠳᠦᠷ ᠂ ᠪᠢᠯᠢᠭ ᠤᠨ ᠤᠯᠠᠷᠢᠯ
ᠤᠨ ᠲᠠᠪᠦᠨ ᠰᠠᠷ᠎ᠠ ᠶ᠋ᠢᠨ ᠠᠷᠪᠠᠨ ᠭᠤᠷᠪᠠᠨ ᠤ ᠡᠳᠦᠷ ᠂ ᠨᠠᠢᠮᠠᠨ ᠬᠤᠰᠢᠭᠤᠨ ᠤ
ᠮᠢᠩ ᠷᠧᠨ ᠰᠤᠮᠤ ᠶ᠋ᠢᠨ ᠰᠡᠪᠬᠢᠬᠦᠯ ᠤᠨ ᠣᠪᠤᠭ᠎ᠠ ᠭᠠᠴᠠᠭᠠᠨ ᠳ᠋ᠥ ᠨᠠᠢᠮᠠᠨ ᠬᠤᠰᠢᠭᠤᠨ
ᠤ ᠭᠤᠷᠪᠠᠳᠤᠭᠠᠷ ᠬᠤᠭᠤᠴᠠᠭᠠᠨ ᠤ ᠰᠡᠪᠬᠢᠬᠦᠯ ᠤᠨ ᠣᠪᠤᠭᠠᠨ ᠤ ᠰᠣᠶᠣᠯ ᠤᠨ ᠨᠠᠶᠢᠷ
ᠢᠶᠡᠨ ᠠᠮᠵᠢᠯᠳᠠ ᠲᠠᠢ ᠬᠢᠪᠡ ᠃ ᠣᠶᠢᠷ᠎ᠠ ᠬᠠᠪᠢ ᠶ᠋ᠢᠨ ᠰᠢᠶᠠᠨ ᠬᠣᠳᠠ ᠵᠢᠴᠢ ᠨᠠᠢᠮᠠᠨ ᠤ
ᠲᠤᠰ ᠭᠠᠵᠠᠷ ᠣᠷᠤᠨ ᠤ ᠮᠠᠯᠴᠢᠨ ᠲᠠᠷᠢᠶᠠᠴᠢᠳ ᠨᠡᠶᠢᠳᠡ ᠲᠦᠮᠡ ᠲᠠᠪᠦᠨ ᠮᠢᠩᠭ᠎ᠠ
ᠭᠠᠷᠤᠢ ᠬᠦᠮᠦᠨ ᠲᠤᠰ ᠤᠳᠠᠭᠠᠨ ᠤ ᠬᠦᠳᠡᠯᠭᠡᠭᠡᠨ ᠳ᠋ᠥ ᠣᠷᠤᠯᠴᠠᠪᠠ ᠃


ᠲᠤᠰ ᠬᠤᠭᠤᠴᠠᠭᠠᠨ ᠤ ᠰᠤᠶᠤᠯ ᠤᠨ ᠨᠠᠶᠢᠷ ᠨᠢ ᠭᠣᠣᠯᠳᠠᠭᠣ ᠣᠪᠦᠭᠠ
ᠲᠠᠬᠢᠬᠤ ᠂ ᠮᠤᠷᠢ ᠤᠷᠤᠯᠳᠤᠬᠤ ᠂ ᠪᠦᠬᠡ ᠪᠠᠷᠢᠯᠳᠤᠬᠤ ᠂ ᠰᠤᠷ ᠬᠠᠷᠪᠤᠬᠤ ᠵᠢᠴᠢ ᠲᠠᠯᠠᠪᠠᠢ ᠶ᠋ᠢᠨ
ᠪᠦᠵᠢᠭ ᠤᠷᠤᠯᠳᠤᠬᠤ ᠪᠡᠷ ᠭᠤᠤᠯ ᠠᠭᠤᠯᠭ᠎ᠠ ᠪᠤᠯᠭᠠᠵᠠᠢ ᠃ ᠲᠤᠰ ᠤᠳᠠᠭᠠᠨ ᠤ ᠶᠡᠬᠡ ᠨᠠᠶᠢᠷ
ᠨᠢ ᠤᠵᠤᠭᠤᠷ ᠡᠷᠳᠡᠨ ᠤ ᠣᠪᠤᠭᠠᠨ ᠲᠠᠬᠢᠯᠭ᠎ᠠ ᠶ᠋ᠢᠨ ᠰᠤᠶᠤᠯ ᠵᠢᠴᠢ ᠮᠣᠩᠭᠣᠯ
ᠦᠨᠳᠦᠰᠦᠲᠡᠨ ᠤ ᠤᠯᠠᠮᠵᠢᠯᠠᠯᠲᠤ ᠤᠷ᠎ᠠ ᠠᠪᠢᠶᠠᠰ ᠪᠠ ᠲᠠᠯᠠᠪᠠᠢ ᠶ᠋ᠢᠨ ᠪᠦᠵᠢᠭ ᠤᠨ
ᠲᠣᠭᠯᠠᠯᠲᠠ ᠢᠶᠠᠷ ᠢᠶᠡᠨ ᠦᠵᠡᠭᠴᠢ ᠲᠦᠮᠡᠨ ᠤ ᠮᠡᠯᠮᠡᠢ ᠶ᠋ᠢ ᠪᠠᠶᠠᠰᠬᠠᠯ᠎ᠠ ᠃
ᠤᠪᠤᠭᠠᠨ ᠨᠠᠶᠢᠷ ᠳᠡᠭᠡᠷ᠎ᠡ 《 ᠮᠢᠬᠠᠨ ᠱᠦᠯᠦ ᠲᠠᠢ ᠠᠭᠰᠢᠭᠠᠭᠰᠠᠨ ᠬᠣᠭᠤᠯᠠ 》 ᠴᠢᠨᠠᠬᠤ
ᠵᠠᠩᠰᠢᠯ ᠢᠶᠠᠷ ᠬᠢᠳᠡᠳ ᠦᠰᠦᠭ ᠤᠨ 《 一》 ᠦᠰᠦᠭ ᠤᠨ ᠬᠡᠯᠪᠡᠷᠢ ᠪᠡᠷ
ᠵᠢᠭᠰᠠᠭᠠᠭᠰᠠᠨ 61 ᠶᠡᠬᠡ ᠮᠠᠩᠵᠠᠨ ᠲᠣᠭᠤᠭᠠᠨ ᠳ᠋ᠥ ᠪᠠᠨ ᠬᠣᠭᠤᠯᠠ ᠠᠭᠰᠢᠭᠠᠵᠤ ᠦᠨᠦᠷ
ᠬᠠᠩᠬᠤᠯᠤᠭᠤᠯᠤᠭᠠᠳ ᠂ ᠦᠵᠡᠭᠰᠡᠨ ᠪᠦᠬᠦᠨ ᠤ ᠬᠣᠭᠤᠯᠠᠢ ᠶ᠋ᠢ ᠬᠦᠳᠡᠯᠭᠡᠨ ᠦᠪᠡᠳᠡᠭᠰᠢ
ᠶᠡᠬᠡ ᠨᠠᠶᠢᠷ ᠤᠨ ᠭᠣᠶᠣ ᠰᠠᠶᠢᠬᠠᠨ ᠨᠢᠭᠡᠨ ᠦᠵᠡᠮᠵᠢ ᠪᠣᠯᠤᠭᠰᠠᠨ ᠪᠠᠶᠢᠨ᠎ᠠ ᠃




ᠰᠡᠪᠬᠢᠬᠦᠯ ᠤᠨ ᠣᠪᠤᠭ᠎ᠠ ᠨᠢ ᠨᠢᠭᠡᠨᠳᠡ 340 ᠢᠯᠡᠭᠦᠦ ᠵᠢᠯ ᠤᠨ
ᠲᠡᠥᠬᠡ ᠲᠠᠢ ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠤᠷᠤᠨ ᠡᠴᠡ ᠨᠡᠷᠡᠶᠢᠳᠦᠭᠰᠡᠨ
70 ᠰᠠᠭᠤᠷᠢ ᠠᠯᠳᠠᠷᠳᠤ ᠤᠪᠦᠭᠠᠨ ᠤ ᠨᠢᠭᠡ ᠪᠠᠶᠢᠵᠤ ᠂ ᠦᠨᠢ ᠤᠳᠠᠭᠠᠨ ᠦᠪ
ᠰᠣᠶᠤᠯ ᠤᠨ ᠬᠠᠳᠠᠭᠠᠯᠠᠮᠵᠢ ᠲᠠᠢ ᠃ ᠰᠡᠪᠬᠢᠬᠦᠯ ᠤᠨ ᠣᠪᠤᠭ᠎ᠠ ᠨᠢ ᠨᠠᠢᠮᠠᠨ ᠬᠤᠰᠢᠭᠤᠨ
ᠤ ᠭᠤᠤᠯᠳᠠᠯᠭᠠᠲᠤ ᠰᠤᠶᠤᠯ ᠤᠨ ᠤᠯᠠᠮᠵᠢᠯᠠᠯᠳᠤ ᠰᠠᠭᠤᠷᠢᠨ ᠭᠠᠵᠠᠷ ᠤᠨ ᠨᠢᠭᠡ ᠂
ᠪᠠᠰᠠ ᠨᠠᠢᠮᠠᠨ ᠬᠤᠰᠢᠭᠤᠨ ᠤ ᠭᠤᠤᠯᠳᠠᠯᠭ᠎ᠠ ᠲᠠᠢ ᠪᠦᠲᠦᠭᠡᠨ ᠪᠠᠶᠢᠭᠤᠯᠬᠤ ᠰᠤᠶᠤᠯ ᠤᠨ
ᠨᠡᠷ᠎ᠡ ᠲᠡᠮᠳᠡᠭ ᠪᠤᠯᠤᠨ᠎ᠠ ᠃ 2016 ᠣᠨ ᠳ᠋ᠥ ᠂ ᠰᠡᠪᠬᠢᠬᠦᠯ ᠤᠨ ᠣᠪᠤᠭᠠᠨ ᠲᠠᠬᠢᠯᠭ᠎ᠠ
ᠨᠢ ᠲᠥᠩᠯᠢᠶᠤᠤ ᠬᠤᠲᠠ ᠶ᠋ᠢᠨ ᠪᠤᠳᠠᠰ ᠤᠨ ᠪᠣᠰᠤ ᠰᠤᠶᠤᠯ ᠤᠨ ᠦᠪ ᠤᠨ ᠨᠡᠷ᠎ᠡ
ᠪᠦᠷᠢᠳᠭᠡᠯ ᠳ᠋ᠥ ᠵᠢᠭᠰᠠᠭᠠᠭᠳᠠᠵᠤ ᠂ ᠬᠤᠰᠢᠭᠤᠨ ᠤ ᠠᠷᠠᠳ ᠤᠨ ᠵᠠᠰᠠᠭ ᠤᠨ
ᠣᠷᠳᠤᠨ ᠡᠴᠡ ᠵᠢᠯ ᠪᠦᠷᠢ ᠶ᠋ᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶ᠋ᠢᠨ
ᠠᠷᠪᠠᠨ ᠭᠤᠷᠪᠠᠨ ᠢ 《ᠨᠠᠢᠮᠠᠨ ᠬᠣᠰᠢᠭᠤᠨ ᠤ ᠰᠡᠪᠬᠢᠬᠦᠯ ᠤᠨ ᠣᠪᠤᠭᠠᠨ ᠤ ᠰᠣᠶᠣᠯ
ᠤᠨ ᠨᠠᠶᠢᠷ ᠤᠨ ᠡᠳᠦᠷ 》 ᠭᠡᠵᠦ ᠲᠣᠭᠳᠠᠭᠠᠵᠤ ᠂ ᠣᠪᠤᠭᠠᠨ ᠲᠠᠬᠢᠯᠭ᠎ᠠ ᠶ᠋ᠢᠨ
ᠨᠠᠶᠢᠷ ᠢᠶᠡᠨ ᠦᠪᠡᠳᠡᠭᠰᠢ ᠶᠡᠬᠡ ᠪᠡᠷ ᠡᠷᠬᠢᠯᠡᠳᠡᠭ ᠪᠣᠯᠤᠭᠰᠠᠨ ᠶᠤᠮ ᠃
( ᠭᠤᠤ ᠾᠤᠢᠩ ᠮᠧᠢ ᠵᠠᠩ ᠢᠦᠢ ᠮᠡᠳᠡᠭᠡᠯᠡᠪᠡ )
ᠢᠷᠡᠯᠳᠡ᠄
ᠨᠠᠶᠢᠷᠠᠭᠤᠯᠤᠭᠴᠢ᠄
ᠭᠤᠤ ᠾᠤᠢᠩ ᠮᠧᠢ