ᠨᠠᠢᠮᠠᠨ ᠮᠤᠡᠭᠭᠤᠯᠴᠤᠳ ‍ᠤᠨ ᠤᠪᠤᠭᠠᠨ ᠳᠠᠬᠢᠯᠭ᠎ᠠ

ᠣᠩᠰᠢᠭᠰᠠᠨ ᠤᠳᠠᠭ᠎ᠠ ᠄ 2999     ᠨᠡᠶᠢᠳᠡᠯᠡᠭᠰᠡᠨ ᠴᠠᠭ ᠄ 2017/6/8 9:17:25

ᠨᠠᠢᠮᠠᠨ ᠮᠤᠡᠭᠭᠤᠯᠴᠤᠳ ‍ᠤᠨ ᠤᠪᠤᠭᠠᠨ ᠳᠠᠬᠢᠯᠭ᠎ᠠ   

          ᠤᠪᠤᠭᠠᠨ ᠲᠠᠬᠢᠯᠭ᠎ᠠ ᠪᠤᠯ ᠮᠤᠩᠭᠤᠯᠴᠤᠳ ᠤᠨ ᠤᠵᠤᠭᠤᠷ ᠰᠢᠲᠦᠭᠡᠨ ᠪᠤᠯᠬᠤ ᠪᠦᠭᠡ ᠮᠦᠷᠬᠦᠯ ᠡᠴᠠ ᠢᠷᠡᠯᠲᠡ ᠲᠠᠢ ᠪᠦᠭᠡᠳ ᠬᠤᠵᠢᠮ ᠨᠢ ᠰᠢᠷ᠎ᠠ ᠶ᠋ᠢᠨ ᠱᠠᠰᠢᠨ ᠲᠠᠢ ᠠᠭᠤᠰᠤᠯᠴᠠᠨ ᠂ ᠦᠪᠡᠷ ‍ᠤᠨ ᠭᠡᠬᠦ ᠤᠡᠴᠠᠯᠢᠭ ᠪᠦᠷᠢᠯᠳᠦᠨ ᠦᠶ᠎ᠡ ᠶ᠋ᠢᠨ ᠦᠶ᠎ᠡ ᠤᠯᠠᠮᠵᠢᠯᠠᠭᠳᠠᠭᠰᠠᠭᠠᠷ ᠢᠷᠡᠭᠰᠡᠨ ᠨᠢᠭᠡᠨ ᠵᠦᠢᠯ ᠤᠨ ᠦᠨᠲᠦᠰᠦᠲᠠᠨ ᠤ ᠵᠠᠩ ᠵᠠᠩᠰᠢᠯ ᠂ ᠰᠤᠶᠤᠯ ᠰᠢᠲᠦᠯᠭᠡ ᠶ᠋ᠢᠨ ᠬᠡᠯᠪᠡᠷᠢ ᠪᠤᠯᠬᠤ ᠶᠤᠮ ᠃ ᠮᠤᠡᠭᠭᠤᠯᠴᠤᠳ ‍ᠤᠨ ᠤᠪᠤᠭ᠎ᠠ ᠳᠠᠬᠢᠬᠤ ᠵᠠᠡᠭ ᠦᠢᠯᠨ ᠨᠢ ᠠᠯᠢ ᠡᠷᠲᠡ ᠬᠦᠢ ᠨᠢᠭᠡᠳᠦᠯ ‍ᠤᠨ ᠦᠶ᠎ᠠ ᠳ᠋ᠤ ᠪᠤᠢ ᠪᠤᠯᠵᠤ ᠂ ᠠᠭᠠᠵᠢᠮ ᠢᠶᠠᠷ ᠠᠭᠤᠯᠭ᠎ᠠ ᠨᠢ ᠪᠠᠶᠠᠯᠢᠭ ᠂ ᠶᠤᠰᠤ ᠭᠤᠷᠢᠮ ᠨᠢ ᠴᠢᠡᠭᠭ᠎ᠠ ᠂ ᠠᠯᠬᠤᠮ ᠳᠠᠷᠠᠭ᠎ᠠ ᠨᠢ ᠲᠤᠳᠤᠷᠬᠠᠢ ᠦᠪᠡᠷᠮᠢᠴᠡ ᠵᠠᠡᠭ ᠵᠠᠡᠭᠰᠢᠯ ᠪᠤᠯᠵᠤ ᠬᠦᠭᠵᠢᠪᠡ ᠃ ᠡᠬᠦᠨ ᠳ᠋ᠤ ᠬᠡᠯᠡᠯᠭᠡᠨ ᠦᠭᠡᠢ ᠪᠦᠭᠡ ᠮᠦᠷᠬᠦᠯ ‍ᠤᠨ ᠱᠠᠰᠢᠨ ᠪᠠ ᠰᠢᠷ᠎ᠡ ᠶ᠋ᠢᠨ ᠱᠠᠰᠢᠨ ᠨᠢ ᠤᠪᠤᠭᠠᠨ ᠳᠠᠬᠢᠯᠭ᠎ᠠ ᠶ᠋ᠢᠨ ᠬᠤᠪᠢᠷᠠᠯᠲᠠ ᠳ᠋ᠤ ᠳᠦᠯᠬᠢᠴᠡ ᠬᠦᠴᠦᠨ ᠦᠵᠡᠬᠦᠯᠦᠭᠰᠡᠭᠡᠷ ᠢᠷᠡᠪᠡ ᠃ ᠶᠡᠷᠦ ᠨᠢ ᠤᠪᠤᠭᠠᠨ ᠳᠠᠬᠢᠯᠭ᠎ᠠ ᠳ᠋ᠤ ᠮᠤᠡᠭᠭᠤᠯᠴᠤᠳ ‍ᠤᠨ ᠬᠦᠰᠡᠯ ᠮᠦᠷᠦᠭᠡᠳᠦᠯ ᠂ ᠵᠠᠡᠭ ᠠᠭᠠᠯᠢ ᠂ ᠰᠤᠶᠤᠯ ᠰᠡᠳᠬᠢᠬᠦᠢ ᠨᠢ ᠠᠭᠤᠰᠤᠨ ᠰᠢᠡᠭᠭᠡᠭᠰᠡᠨ ᠪᠠᠶᠢᠳᠠᠭ ᠃
          ᠨᠠᠢᠮᠠᠡᠴᠤᠳ ᠪᠦᠭᠡ ᠵᠠᠯᠠᠵᠤ ᠤᠪᠤᠭ᠎ᠠ ᠳᠠᠬᠢᠬᠤ ᠳ᠋ᠤ ᠤᠪᠤᠭ ᠲᠦᠷᠦᠯ ‍ᠤᠨ ᠠᠬᠠᠮᠠᠳ ᠂ ᠭᠠᠯ ‍ᠤᠨ ᠠᠬ᠎ᠠ ᠨᠠᠷ ‍ᠤᠨ ᠳᠤᠮᠳᠠ ᠡᠴᠠ ᠤᠪᠤᠭᠠᠨ ᠳᠠᠭᠠᠭᠠᠮᠠᠯ ᠰᠤᠡᠭᠭᠤᠳᠠᠭ ᠃ ᠳᠠᠭᠠᠭᠠᠮᠠᠯ ᠨᠢ ᠤᠪᠤᠭ᠎ᠠ ᠳᠠᠬᠢᠬᠤ ᠦᠷᠯᠦᠭᠡ ᠨᠢ ᠤᠪᠤᠭ᠎ᠠ ᠳᠠᠬᠢᠬᠤ ᠶᠤᠰᠤ ᠤᠴᠢᠷ ‍ᠢ ᠤᠯᠠᠨ ᠳ᠋ᠤ ᠲᠤᠡᠭᠬᠠᠭᠯᠠᠨ᠎ᠠ ᠃ ᠲᠡᠭᠡᠪᠡᠯ ᠡᠷᠢᠶᠡᠨ ᠬᠤᠪᠴᠠᠰᠤ ᠡᠮᠦᠰᠴᠦ ᠂ ᠶᠢᠰᠦᠨ ᠳᠤᠯᠢ ᠪᠦᠰᠡᠯᠡᠭᠰᠡᠨ ᠪᠦᠭᠡ ᠨᠠᠷ ᠬᠡᠡᠭᠭᠡᠷᠭᠡ ᠪᠠᠨ ᠳᠠᠯᠡᠳᠴᠦ ᠤᠪᠤᠭᠠᠨ ᠳᠠᠬᠢᠯᠭ᠎ᠠ ᠶ᠋ᠢᠨ ᠳᠠᠭᠤᠤ ᠡᠷᠬᠦᠳᠡᠭ ᠃ ᠡᠨᠡ ᠦᠶ᠎ᠡ ᠳ᠋ᠤ ᠤᠯᠠᠨ ᠬᠦᠮᠦᠨ ᠬᠦᠷᠦᠯᠴᠡᠨ ᠢᠷᠡᠵᠦ ᠂ ᠤᠪᠤᠭᠠᠨ ᠳᠠᠬᠢᠯᠭ᠎ᠠ ᠳ᠋ᠤ ᠪᠠᠷᠢᠴᠠ ᠪᠠᠨ ᠡᠷᠬᠦᠨ ᠂ ᠲᠡᠭᠷᠢ ᠭᠠᠵᠠᠷ ᠲᠤ ᠮᠦᠷᠬᠦᠨ ᠰᠠᠴᠤᠯᠢ ᠡᠷᠬᠦᠨ᠎ᠡ ᠃ ᠤᠪᠤᠭᠠᠨ ᠳᠠᠬᠢᠯᠭ᠎ᠠ ᠳ᠋ᠤ ᠤᠴᠢᠬᠤ ᠬᠦᠮᠦᠨ ᠭᠠᠷ ᠬᠤᠭᠤᠰᠤᠨ ᠤᠴᠢᠵᠦ ᠪᠤᠯᠳᠠᠭ ᠦᠭᠡᠢ ᠃ ᠭᠡᠷᠪᠡ ᠵᠠᠮ ᠬᠦᠭᠡᠭᠡᠵᠦ ᠪᠠᠶᠢᠭᠠᠳ ᠤᠪᠤᠭ᠎ᠠ ᠲᠠᠬᠢᠬᠤ ᠬᠦᠳᠡᠯᠭᠡᠭᠡᠨ ᠲᠠᠢ ᠲᠠᠭᠠᠷᠠᠭᠰᠠᠨ ᠪᠠᠶᠢᠪᠠᠯ ᠬᠤᠯᠨ ᠡᠴᠠ  ᠬᠡᠳᠦ ᠭᠡᠳᠦᠨ ᠴᠢᠯᠠᠭᠤ ᠠᠪᠴᠤ ᠤᠪᠤᠭᠠᠨ ᠳ᠋ᠤ ᠨᠡᠮᠡᠯᠲᠡ ᠪᠤᠯᠭᠠᠨ ᠲᠠᠯᠪᠢᠵᠦ ᠂ ᠰᠠᠶᠢᠨ ᠰᠠᠶᠢᠬᠠᠨ ᠢᠶᠡᠨ ᠪᠡᠯᠭᠡᠳᠡᠳᠡᠭ ᠃ ᠤᠪᠤᠭᠠᠨ ᠨᠠᠶᠢᠷ ‍ᠤᠨ ᠡᠷᠬᠦᠴᠡ ᠪᠠᠷᠢᠴᠠ ᠶ᠋ᠢ ᠶᠡᠭᠡ ᠪᠠᠭ᠎ᠠ ᠭᠡᠵᠤ ᠬᠡᠯᠡᠯᠴᠡᠭᠡᠨ ᠪᠤᠯᠳᠠᠭ ᠦᠭᠡᠢ ᠃ ᠢᠯᠡᠬᠦᠦ ᠪᠠᠷᠢᠴᠠ ᠶ᠋ᠢ ᠴᠤ ᠪᠤᠴᠠᠭᠠᠳᠠᠭ ᠦᠭᠡᠢ ᠃
          ᠯᠠᠮᠨ ᠵᠠᠯᠠᠵᠤ ᠤᠪᠤᠭ᠎ᠠ ᠳᠠᠬᠢᠭᠰᠠᠨ ᠪᠠᠶᠢᠪᠠᠯ ᠂ ᠪᠡᠯᠡᠳᠭᠡᠯ ᠠᠵᠢᠯ ᠳᠠᠭᠤᠰᠬᠤ ᠲᠠᠢ ᠵᠡᠷᠭᠡ ᠪᠦᠷᠢᠶ᠎ᠡ ᠪᠢᠰᠬᠢᠬᠦᠷ ᠬᠦᠡᠭᠬᠢᠨᠡᠵᠦ ᠬᠠᠡᠭᠬᠢᠨᠠᠨ ᠂ ᠯᠠᠮᠨ ᠨᠠᠷ ᠤᠪᠤᠭᠠᠨ ᠲᠠᠷᠨᠢ ᠨᠤᠮ ‍ᠤᠨ ᠤᠡᠭᠰᠢᠯᠭ᠎ᠠ ᠪᠠᠨ ᠡᠬᠢᠯᠡᠬᠦᠯᠵᠦ ᠂ ᠤᠪᠤᠭᠠᠨ ‍ᠤ ᠠᠷᠠᠳ ‍ᠤᠨ ᠮᠦᠷᠬᠦᠯ ᠡᠬᠢᠯᠡᠳᠡᠭ ᠃ ᠮᠤᠡᠭᠭᠤᠯᠴᠤᠳ ᠤᠪᠤᠭᠠᠨ ᠳᠠᠬᠢᠯᠭ᠎ᠠ ᠳ᠋ᠤ ᠬᠦᠵᠢ ᠰᠠᠡᠭ ᠲᠠᠯᠪᠢᠵᠦ ᠂ ᠬᠤᠨᠢ ᠮᠠᠯ ᠨᠢᠳᠦᠯᠵᠤ ᠂ ᠠᠶᠢᠷᠠᠭ ᠂ ᠰᠦ ᠂ ᠲᠠᠷᠠᠭ ‍ᠤᠨ ᠰᠠᠴᠤᠯᠢ ᠰᠠᠴᠤᠨ ᠂ ᠤᠪᠤᠭᠠᠨ ‍ᠤ ᠨᠠᠪᠲᠠᠭ ᠰᠠᠪᠲᠠᠭ ᠲᠤ ᠨᠠᠮᠠᠡᠴᠢᠯᠠᠨ ᠳᠠᠭᠠᠳᠬᠠᠵᠤ ᠬᠢᠴᠢᠶᠡᠡᠭᠬᠦᠶᠢᠯᠡᠨ ᠮᠦᠷᠬᠦᠳᠡᠭ ᠃
         ᠤᠪᠤᠭᠠᠨ ᠳᠠᠬᠢᠯᠭ᠎ᠠ ᠳ᠋ᠤ ᠮᠠᠡᠭᠵᠠᠨ ᠲᠤᠭᠤᠭ᠎ᠠ ᠪᠠᠷ ᠮᠢᠬ᠎ᠠ ᠲᠠᠢ ᠱᠦᠯᠦ ᠲᠠᠢ ᠠᠭᠰᠢᠭᠠᠭᠰᠠᠨ ᠬᠤᠭᠤᠯᠨ ᠴᠢᠨᠠᠵᠤ ᠂ ᠤᠷᠤᠯᠴᠠᠭᠰᠠᠨ ᠪᠦᠬᠦᠳᠡ ᠬᠤᠪᠢᠶᠠᠯᠴᠠᠨ ᠵᠤᠭᠤᠭᠯᠠᠳᠠᠭ ᠃ ᠮᠠᠡᠭᠵᠠᠨ ᠲᠤᠭᠤᠭᠠᠨ ᠳ᠋ᠤ ᠬᠤᠭᠤᠯᠨ ᠠᠭᠰᠢᠭᠠᠬᠤ ᠳ᠋ᠠᠭᠠᠨ ᠡᠮᠦᠨ᠎ᠡ ᠡᠳᠦᠷ ᠡᠴᠠ ᠨᠢ ᠡᠬᠢᠯᠡᠨ ᠭᠠᠯ ᠲᠦᠯᠡᠵᠦ ᠤᠰᠤ ᠪᠤᠴᠠᠯᠭᠠᠨ ᠂ ᠮᠢᠬ᠎ᠠ ᠪᠠᠨ ᠢᠯᠵᠠᠷᠠᠲᠠᠯ᠎ᠠ ᠴᠢᠨᠠᠵᠤ ᠰᠠᠶᠢᠲᠤᠷ ᠱᠦᠯᠦᠰᠢᠬᠦᠯᠦᠨ᠎ᠡ ᠃ ᠮᠠᠡᠭᠵᠠᠨ ᠲᠤᠭᠤᠭᠠᠨ ᠳ᠋ᠠᠭᠠᠨ ᠴᠢᠨᠠᠬᠤ ᠪᠤᠳᠠᠭ᠎ᠠ ᠨᠢ ᠨᠠᠷᠢᠮᠤ ᠂ ᠲᠤᠳᠤᠷᠭ᠎ᠠ ᠂ ᠡᠷᠳᠡᠨᠢ ᠰᠢᠰᠢ ᠂ ᠮᠤᠡᠭᠭᠤᠯ ᠠᠮᠤ ᠪᠦᠷ ᠪᠠᠶᠢᠵᠤ ᠪᠤᠯᠳᠠᠭ ᠃ ᠭᠤᠤᠯᠳᠠᠭᠤ ᠲᠤᠳᠤᠷᠭ᠎ᠠ ᠪᠤᠶᠤ ᠰᠢᠯᠦᠭᠡᠢ ᠪᠤᠳᠠᠭ᠎ᠠ ᠪᠠᠷ ᠠᠮᠤᠰᠤ ᠬᠢᠳᠡᠭ ᠶᠤᠮ ᠃ ᠦᠲᠡᠬᠦᠰ ‍ᠤᠨ ᠬᠡᠯᠡᠬᠦ ᠪᠠᠷ ᠮᠠᠡᠭᠵᠠᠨ ᠲᠤᠭᠤᠭᠠᠨ ᠳ᠋ᠤ ᠭᠤᠷᠪᠠᠨ ᠦᠭᠡᠷ ‍ᠤᠨ ᠮᠢᠬ᠎ᠠ ᠂ ᠭᠤᠴᠢᠨ ᠰᠠᠭᠤᠯᠠᠭ᠎ᠠ ᠤᠰᠤ ᠂ ᠭᠤᠴᠢᠨ ᠬᠤᠶᠠᠷ ᠳ᠋ᠸᠤ ᠪᠤᠳᠠᠭ᠎ᠠ ᠂ ᠬᠤᠶᠠᠷ ᠵᠢᠡᠭ ᠲᠠᠪᠤᠰᠤ ᠬᠢᠪᠡᠯ ᠵᠢᠡᠭ ᠲᠠᠡᠭ ᠵᠤᠬᠢᠷᠠᠳᠠᠭ ᠭᠡᠳᠡᠭ ᠃ ᠳᠠᠬᠢᠯ ᠳ᠋ᠤ ᠲᠠᠯᠪᠢᠭᠰᠠᠨ ᠰᠢᠬᠦᠰᠦ ᠤᠭᠤᠴᠠ ᠶ᠋ᠢ ᠬᠤᠪᠢᠶᠠᠯᠴᠠᠨ ᠢᠳᠡᠬᠦ ᠳ᠋ᠡᠭᠡᠨ ᠶᠠᠰᠤ ᠶ᠋ᠢ ᠨᠢ ᠤᠷᠬᠢᠭᠳᠠᠭᠤᠯᠤᠯ ᠦᠭᠡᠢ ᠬᠤᠷᠢᠶᠠᠨ ᠠᠪᠤᠭᠠᠳ ᠂ ᠭᠠᠯ ᠳ᠋ᠤ ᠡᠷᠬᠦᠬᠦ ᠪᠤᠶᠤ ᠪᠤᠯᠠᠵᠤ ᠤᠷᠬᠢᠳᠠᠭ ᠃ ᠶᠠᠰᠤ ᠬᠤᠴᠤᠷᠠᠭᠤᠯᠪᠠᠯ ᠬᠦᠮᠦᠨ ‍ᠤ ᠶᠠᠰᠤ ᠪᠡᠷᠲᠡᠬᠦ ᠠᠶᠤᠯ ᠲᠠᠢ ᠭᠡᠳᠡᠭ ᠃ ᠳᠠᠬᠢᠯᠭ᠎ᠠ ᠶ᠋ᠢᠨ ᠳᠡᠭᠡᠵᠢ ᠦᠯᠡᠳᠡᠬᠦ ᠳ᠋ᠤ ᠬᠦᠷᠪᠡᠯ ᠪᠦᠬᠦᠳᠡᠭᠡᠷ ᠠᠯᠢ ᠴᠢᠳᠠᠬᠤ ᠪᠠᠷ ᠲᠡᠭᠰᠢᠭᠡᠨ ᠬᠤᠪᠢᠶᠠᠯᠴᠠᠨ ᠭᠡᠷ ᠲᠡᠭᠡᠨ ᠠᠪᠠᠴᠢᠳᠠᠭ ᠃ ᠤᠪᠤᠭᠠᠨ ᠳᠠᠬᠢᠯᠭ᠎ᠠ ᠳ᠋ᠤ ᠬᠡᠷᠡᠭᠯᠡᠭᠰᠡᠨ ᠮᠤᠳᠤ ᠴᠢᠯᠠᠭᠤ ᠪᠤᠯᠭᠠᠨ ‍ᠢ ᠳᠤᠷ᠎ᠠ ᠪᠠᠷ ᠬᠦᠳᠡᠯᠭᠡᠵᠦ ᠪᠤᠯᠳᠠᠭ ᠦᠭᠡᠢ ᠃ ᠮᠤᠡᠭᠭᠤᠯᠴᠤᠳ ᠤᠪᠤᠭ᠎ᠠ ᠪᠠᠨ ᠬᠦᠡᠳᠦᠳᠭᠡᠨ ᠦᠵᠡᠵᠦ ᠂ ᠨᠠᠭᠠᠰᠢ ᠴᠠᠭᠠᠰᠢ ᠵᠠᠮ ᠢᠶᠠᠷ ᠭᠠᠷᠬᠤ ᠳ᠋ᠠᠭᠠᠨ ᠴᠤ ᠰᠠᠨᠠᠭᠠᠴᠢᠯᠠᠭ᠎ᠠ ᠲᠠᠢ ᠪᠠᠷ ᠴᠢᠯᠠᠭᠤ ᠨᠡᠮᠡᠵᠦ ᠂ ᠤᠨᠠᠵᠤ ᠡᠪᠲᠡᠷᠡᠭᠰᠡᠨ ᠬᠡᠰᠡᠭ ‍ᠢ ᠨᠢ ᠵᠠᠰᠠᠵᠤ ᠲᠡᠭᠰᠢᠯᠡᠳᠡᠭ ᠃
          ᠨᠠᠢᠮᠠᠨ ᠮᠤᠩᠭᠤᠯᠴᠤᠳ ᠡᠷᠳᠡ ᠳᠡᠭᠡᠳᠤ ᠡᠴᠡ ᠪᠠᠨ ᠠᠪᠤᠭᠠᠳ ᠦᠨᠳᠦᠰᠦᠳᠡᠨ ‍ᠤ ᠪᠠᠨ ᠤᠯᠠᠮᠵᠢᠯᠠᠯᠳᠤ ᠰᠤᠶᠤᠯ ᠵᠢᠡᠨ ᠳᠡᠭᠡᠳᠦᠯᠡᠵᠦ ᠂ ᠤᠳᠤ ᠪᠤᠯᠳᠠᠯ᠎ᠠ ᠬᠠᠮᠠᠭᠠᠯᠠᠨ ᠬᠦᠭᠵᠢᠬᠦᠯᠦᠭᠰᠡᠭᠡᠷ ᠢᠷᠡᠵᠡᠢ ᠃ ᠤᠪᠤᠭ᠎ᠠ ᠂ ᠱᠠᠩᠰᠢ ᠂ ᠨᠠᠭᠤᠷ ᠯᠤᠤᠰ ‍ᠤᠨ ᠰᠢᠲᠦᠯᠭᠡ ᠳᠠᠬᠢᠯᠭ᠎ᠠ ᠵᠢᠨ ᠵᠠᠩ ᠦᠢᠯᠡ ᠡᠡᠳᠡᠬᠢ ᠤᠯᠠᠩᠭᠢ ᠠᠶᠢᠯ ᠭᠠᠴᠠᠭᠠᠨ ᠳ᠋ᠤ ᠪᠦᠷ ᠪᠠᠶᠢᠳᠠᠭ ᠃ ᠳᠠᠬᠢᠯᠭ᠎ᠠ ᠵᠢᠨ ᠶᠤᠰᠤᠯᠠᠯ ᠳᠡᠬᠦᠰᠦᠭᠰᠡᠨ ᠡᠴᠡ ᠰᠡᠬᠦᠯᠡᠷ ᠨᠠᠶᠢᠷ ᠨᠠᠭᠠᠳᠤᠮ ᠡᠷᠬᠢᠯᠡᠵᠦ ᠂ ᠪᠦᠭᠡ ᠪᠠᠷᠢᠯᠳᠤᠵᠤ ᠂ ᠮᠤᠷᠢ ᠤᠷᠤᠯᠳᠤᠬᠤ ᠪᠤᠶᠤ ᠤᠷᠠᠨ ᠰᠠᠶᠢᠬᠠᠨ ᠤ ᠲᠤᠭᠯᠠᠯᠲᠠ ᠭᠠᠷᠭᠠᠲᠠᠭ ᠃
           ᠨᠠᠢᠮᠠᠨ ᠮᠤᠡᠭᠭᠤᠯᠴᠤᠳ ᠤᠪᠤᠭ᠎ᠠ ᠳᠠᠬᠢᠬᠤ ᠳ᠋ᠠᠭᠠᠨ ᠬᠦᠷᠰᠢ ᠵᠡᠷᠭᠡᠯᠡᠳᠡᠭᠡ ᠭᠡᠳᠦᠨ ᠠᠶᠢᠯ ᠢᠶᠠᠷ ᠢᠶᠡᠨ ᠳᠠᠬᠢᠯᠭ᠎ᠠ ᠶ᠋ᠢᠨ ᠡᠳᠦᠷ ‍ᠤᠨ ᠵᠠᠷ ᠲᠠᠯᠪᠢᠵᠦ ᠂ ᠲᠤᠰ ᠲᠤᠰ ᠲᠠᠭᠠᠨ ᠪᠤᠷᠭᠠᠰᠤ ᠬᠠᠳᠤᠨ ᠪᠤᠭᠤᠵᠢᠯᠠᠨ ᠠᠪᠴᠤ ᠢᠷᠡᠭᠡᠳ ᠤᠪᠤᠭ᠎ᠠ ᠪᠠᠨ ᠲᠤᠭᠤᠷᠢᠭᠤᠯᠤᠨ ᠳᠠᠷᠤᠵᠤ ᠪᠡᠬᠢᠯᠡᠭᠡᠳ ᠪᠤᠷᠭᠠᠰᠤᠨ ᠳᠡᠭᠡᠰᠦ ᠪᠠᠷ ᠭᠠᠳᠠᠭᠤᠷ ᠨᠢ ᠳᠠᠷᠤᠵᠤ ᠤᠶᠠᠭᠠᠳ ᠤᠪᠤᠭ᠎ᠠ ᠪᠠᠨ ᠰᠢᠨᠡᠳᠭᠡᠳᠡᠭ ᠃ ᠯᠠᠮᠨ ᠵᠠᠯᠠᠨ ᠨᠤᠮ ᠤᠡᠭᠰᠢᠭᠤᠯᠵᠤ ᠂ ᠯᠤᠤᠰ ᠳᠠᠬᠢᠨ ᠪᠤᠷᠤᠭᠠᠨ ᠤᠷᠢᠵᠦ ᠂ ᠠᠯᠠᠰᠢ ᠭᠠᠷᠭᠠᠨ ᠮᠢᠬ᠎ᠠ ᠲᠠᠢ ᠠᠮᠤᠰᠤ ᠴᠢᠨᠠᠨ ᠬᠤᠭᠤᠯᠨ ᠪᠠᠵᠠᠭᠠᠭᠠᠳ ᠂ ᠴᠤᠭᠯᠠᠭᠤᠯᠤᠭᠰᠠᠨ ᠴᠠᠭᠠᠨ ᠢᠳᠡᠭᠡ ᠶ᠋ᠢᠨ ᠬᠠᠮᠲᠤ ᠳᠡᠭᠡᠵᠢ ᠪᠠᠷ ᠨᠢ ᠤᠪᠤᠭ᠎ᠠ ᠪᠠᠨ ᠳᠠᠬᠢᠨ᠎ᠠ ᠃ ᠮᠦᠨ ᠠᠷᠢᠬᠢ ᠳᠠᠷᠠᠰᠤ ᠰᠠᠴᠤᠯᠠᠨ ᠡᠷᠬᠦᠵᠦ ᠳᠠᠭᠤᠰᠤᠭᠰᠠᠨ ‍ᠤ ᠰᠡᠬᠦᠯᠡᠷ ᠯᠠᠮᠨ ᠨᠠᠷ ᠲᠠᠭᠠᠨ ᠴᠠᠪ ᠪᠠᠷᠢᠵᠦ ᠂ ᠵᠠᠯᠭᠠᠭᠠᠳ ᠴᠤᠭᠯᠠᠷᠠᠨ ᠢᠷᠡᠭᠰᠡᠨ ᠤᠯᠠᠨ ᠳ᠋ᠠᠭᠠᠨ ᠤᠪᠤᠭ᠎ᠠ ᠶ᠋ᠢᠨ ᠬᠡᠰᠢᠭ ᠬᠦᠷᠲᠡᠭᠡᠵᠦ ᠴᠠᠳᠲᠠᠯ᠎ᠠ ᠢᠳᠡᠬᠦᠯᠦᠨ᠎ᠡ ᠃ ᠳᠠᠷᠠᠭ᠎ᠠ ᠨᠢ ᠪᠦᠭᠡ ᠪᠠᠷᠢᠯᠳᠤᠭᠤᠯᠵᠤ ᠂ ᠲᠡᠷᠢᠬᠦᠨ ᠂ ᠳᠡᠳ᠋ ᠂ ᠭᠤᠲᠠᠭᠠᠷ ᠲᠤ ᠰᠢᠯᠭᠠᠷᠠᠭᠰᠠᠨ ᠪᠦᠭᠡ ᠪᠠᠨ ᠲᠤᠰ ᠲᠤᠰ ᠱᠠᠡᠭᠨᠠᠵᠤ ᠳᠠᠭᠤᠰᠤᠭᠠᠳ ᠳᠠᠬᠢᠯᠭ᠎ᠠ ᠪᠠᠨ ᠲᠡᠬᠦᠰᠭᠡᠳᠡᠭ ᠃
            ᠨᠠᠢᠮᠠᠨ ᠬᠤᠰᠢᠭᠤᠨ ᠳ᠋ᠤ ᠤᠪᠤᠭ᠎ᠠ ᠳᠠᠬᠢᠵᠤ ᠪᠠᠶᠢᠭ᠎ᠠ ᠠᠶᠢᠯ ᠭᠠᠴᠠᠭ᠎ᠠ ᠤᠯᠠᠨ ᠪᠤᠢ ᠃ᠭᠤᠷᠪᠠᠡᠬᠤᠸᠨ ᠰᠤᠮᠤ ᠶ᠋ᠢᠨ ᠪᠠᠷᠠᠭᠤᠨ ᠬᠠᠷᠠᠭᠠᠳᠤ ᠭᠠᠴᠠᠭ᠎ᠠ ᠨᠢ ᠡᠳᠦᠭᠡ ᠵᠢᠯ ᠪᠦᠷᠢ ᠶ᠋ᠢᠨ ᠪᠢᠯᠢᠭ ‍ᠤᠨ ᠤᠯᠠᠷᠢᠯ ‍ᠤᠨ ᠲᠠᠪᠤᠨ ᠰᠠᠷ᠎ᠠ ᠶ᠋ᠢᠨ ᠬᠤᠷᠢᠨ ᠲᠠᠪᠤᠨ ᠳ᠋ᠤ ᠡᠷᠬᠢᠨ ᠨᠠᠭᠤᠷ ‍ᠤᠨ ᠤᠪᠤᠭ᠎ᠠ ᠪᠠᠨ ᠳᠠᠬᠢᠳᠠᠭ ᠃ ᠡᠷᠲᠡ ᠦᠶ᠎ᠡ ᠳ᠋ᠤ ᠠᠶᠢᠯ ‍ᠤᠨ ᠡᠮᠦᠨ᠎ᠡ ᠨᠢ ᠶᠡᠭᠡ ᠨᠠᠭᠤᠷ ᠪᠠᠶᠢᠭᠰᠠᠨ ᠭᠡᠳᠡᠭ ᠃ ᠨᠠᠭᠤᠷ ‍ᠤᠨ ᠳᠤᠮᠳᠠᠬᠢ ᠦᠡᠳᠦᠷ ᠭᠡᠭᠴᠢ ᠡᠷᠬᠢ ᠨᠢ ᠨᠠᠭᠤᠷ ‍ᠤᠨ ᠬᠦᠢᠰᠦ ᠪᠤᠯᠵᠤ ᠬᠠᠷᠠᠭᠳᠠᠳᠠᠭ ᠢᠶᠠᠷ ᠡᠡᠳᠡᠬᠢ ᠬᠦᠮᠦᠰ ᠰᠠᠶᠢᠬᠢ ᠨᠠᠭᠤᠷ ‍ᠢ ᠡᠷᠬᠢᠨ ᠨᠠᠭᠤᠷ ᠭᠡᠵᠤ ᠳᠠᠭᠤᠲᠠᠬᠤ ᠪᠤᠯᠵᠠᠢ ᠃ ᠰᠡᠬᠦᠯᠡᠷ ᠨᠢ ᠡᠷᠬᠢ ᠶ᠋ᠢ ᠨᠢ ᠤᠪᠤᠭ᠎ᠠ ᠪᠤᠯᠭᠠᠨ ᠳᠠᠬᠢᠬᠤ ᠪᠤᠯᠵᠠᠢ ᠃
            ᠭᠤᠷᠪᠠᠨᠬᠤᠸᠠ ᠰᠤᠮᠤ ᠶ᠋ᠢᠨ ᠠᠭᠲᠠ (ᠤᠳᠤ ᠪᠠᠶᠠᠵᠢᠯ ᠭᠠᠴᠠᠭ᠎ᠠ ᠭᠡᠵᠤ ᠨᠡᠷ᠎ᠡ ᠶ᠋ᠢ ᠨᠢ ᠬᠠᠯᠠᠵᠠᠢ)  ᠠᠶᠢᠯ ᠨᠢ ᠨᠠᠢᠮᠠᠨ ᠭᠡᠭᠡᠨ ‍ᠤ ᠤᠪᠤᠭ᠎ᠠ ᠶ᠋ᠢ ᠳᠠᠬᠢᠳᠠᠭ ᠃ ᠭᠡᠬᠦ ᠳ᠋ᠡᠭᠡᠨ ᠪᠢᠯᠢᠭ ‍ᠤᠨ ᠤᠯᠠᠷᠢᠯ ‍ᠤᠨ ᠭᠤᠷᠪᠠᠨ ᠰᠠᠷ᠎ᠠ ᠶ᠋ᠢᠨ ᠳᠦᠷᠪᠡᠨ ‍ᠤ ᠡᠳᠦᠷ ᠪᠠᠭ᠎ᠠ ᠳᠠᠬᠢᠯᠭ᠎ᠠ ᠬᠢᠵᠦ ᠂ ᠲᠠᠪᠤᠨ ᠰᠠᠷ᠎ᠠ ᠶ᠋ᠢᠨ ᠰᠠᠶᠢᠨ ᠡᠳᠦᠷ ‍ᠢ ᠰᠤᠡᠭᠭᠤᠨ ᠶᠡᠭᠡ ᠳᠠᠬᠢᠯᠭ᠎ᠠ ᠬᠢᠳᠡᠭ ᠃ ᠨᠠᠢᠮᠠᠨ ᠭᠡᠭᠡᠨ ᠭᠡᠳᠡᠭ ᠨᠢ ᠨᠠᠢᠮᠠᠨ ᠬᠤᠰᠢᠭᠤᠨ ‍ᠤ ᠵᠢᠷᠭᠤᠳᠤᠭᠠᠷ ᠳᠦᠷᠢ ᠶ᠋ᠢᠨ ᠵᠠᠷᠯᠢᠭ ‍ᠤᠨ ᠭᠡᠭᠡᠨ ᠵᠠᠮᠢᠶᠠᠡᠴᠤᠶᠢᠳᠤᠷ ‍ᠢ ᠬᠡᠯᠡᠵᠦ ᠪᠠᠶᠢᠭ᠎ᠠ ᠶᠤᠮ ᠃ ᠨᠢᠭᠡᠨ ᠵᠤᠨ ᠵᠠᠷᠯᠢᠭ ‍ᠤᠨ ᠭᠡᠭᠡᠨ ᠵᠡᠬᠦᠨ ᠬᠤᠰᠢᠭᠤᠨ ‍ᠤ ᠵᠠᠯᠠᠯᠭ᠎ᠠ ᠪᠠᠷ ᠨᠤᠮ ᠲᠠᠯᠪᠢᠭᠠᠳ ᠢᠷᠡᠬᠦ ᠵᠠᠮ ᠳ᠋ᠠᠭᠠᠨ ᠳᠤᠭᠤᠢ ᠶ᠋ᠢᠨ ᠭᠤᠤᠯ ‍ᠢ ᠲᠤᠭᠤᠯᠤᠨ ᠂ ᠪᠤᠲᠠ ᠪᠤᠷᠭᠠᠰᠤ ᠪᠦᠷᠬᠦᠨ ᠂ ᠶᠠᠰᠢᠯ ᠬᠠᠷᠬᠢᠯ ᠢᠭᠴᠤᠷᠠᠭᠰᠠᠨ ᠦᠡᠳᠦᠷ ᠵᠢᠯᠠᠭᠠᠨ ᠳᠡᠭᠡᠷ᠎ᠡ ᠭᠠᠷᠴᠦ ᠬᠦᠯ ᠠᠮᠠᠷᠠᠨ ᠶᠠᠳᠠᠷᠠᠭ᠎ᠠ ᠲᠠᠶᠢᠯᠤᠭᠰᠠᠨ ᠭᠡᠨ᠎ᠡ ᠃ ᠠᠭᠲᠠ ᠶ᠋ᠢᠨ ᠠᠶᠢᠯ ‍ᠤᠨ ᠬᠦᠮᠦᠰ ᠡᠬᠦᠨ ‍ᠢ ᠮᠡᠳᠡᠭᠡᠳ ᠭᠡᠭᠡᠨ ‍ᠤ ᠠᠮᠠᠷᠠᠵᠤ ᠰᠠᠭᠤᠭᠰᠠᠨ ᠤᠷᠤᠢ ᠳᠡᠭᠡᠷ᠎ᠡ ᠤᠪᠤᠭ᠎ᠠ ᠪᠤᠰᠬᠠᠨ ᠂ ᠨᠠᠢᠮᠠᠨ ᠭᠡᠭᠡᠨ ‍ᠤ ᠤᠪᠤᠭ᠎ᠠ ᠬᠡᠮᠡᠨ ᠨᠡᠷᠡᠯᠡᠵᠦ ᠭᠠᠢ ᠭᠠᠮᠰᠢᠭ ᠳᠤᠬᠢᠶᠠᠯᠳᠤᠪᠠᠯ ᠳᠠᠬᠢᠯ ᠡᠷᠬᠦᠨ ᠳᠠᠬᠢᠳᠠᠭ ᠪᠤᠯᠵᠠᠢ ᠃ ᠰᠡᠬᠦᠯᠡᠷ ᠨᠢ ᠠᠯᠢ ᠨᠢᠭᠡᠨ ᠰᠦᠰᠦᠭᠲᠡᠨ ᠨᠢ ᠤᠷᠢᠳᠤ ᠶ᠋ᠢᠨ ᠱᠠᠡᠭᠰᠢᠨ ‍ᠤ ᠤᠭ ᠲᠤ ᠪᠠᠶᠢᠭᠰᠠᠨ ᠴᠠᠭᠠᠨ ᠡᠪᠦᠭᠡᠨ ( ᠴᠢᠯᠠᠭᠤ ) ᠵᠢ ᠤᠪᠤᠭᠠᠨ ᠳᠡᠭᠡᠷ᠎ᠡ ᠠᠪᠠᠴᠢᠨ ᠲᠠᠯᠪᠢᠪᠠ ᠃ ᠡᠳᠦᠭᠡ ᠠᠭᠲᠠ ᠶ᠋ᠢᠨ ᠠᠶᠢᠯ ‍ᠤᠨ ᠬᠦᠮᠦᠰ ᠨᠠᠢᠮᠠᠨ ᠬᠤᠰᠢᠭᠤᠨ ‍ᠤ ᠠᠡᠭᠬᠠᠨ ‍ᠤ ᠸᠠᠡᠭ ᠬᠤᠡᠭ ᠪᠠᠭᠠᠲᠤᠷ ‍ᠤᠨ ᠰᠠᠬᠢᠭᠤᠰᠤ ᠶ᠋ᠢ ᠵᠠᠯᠠᠵᠤ ᠠᠪᠴᠢᠷᠠᠭᠠᠳ ᠴᠠᠭᠠᠨ ᠡᠪᠦᠭᠡᠨ ᠲᠠᠢ ᠪᠠᠨ ᠴᠤᠭ ᠳᠠᠬᠢᠬᠤ ᠪᠤᠯᠵᠠᠢ ᠃
           ᠭᠤᠷᠪᠠᠨᠬᠤᠸᠠ ᠰᠤᠮᠤ ᠶ᠋ᠢᠨ ᠲᠡᠮᠡᠭᠡᠲᠤᠰᠠ ᠶ᠋ᠢᠨ ᠬᠢᠨ ᠠᠶᠢᠯ ᠡᠴᠠ ᠪᠠᠨ ᠡᠮᠦᠨᠡᠰᠢ ᠬᠤᠶᠠᠷ ᠭᠠᠵᠠᠷ ᠵᠠᠶᠢᠲᠠᠢ ᠪᠠᠶᠢᠳᠠᠭ ᠤᠪᠤᠭᠠᠨ ᠵᠢᠯᠠᠭ᠎ᠠ ᠳᠡᠭᠡᠷ᠎ᠡ ᠤᠪᠤᠭ᠎ᠠ ᠪᠤᠰᠬᠠᠨ ᠳᠠᠬᠢᠵᠦ ᠪᠤᠢ ᠃ ᠤᠯᠠᠮᠵᠢᠯᠠᠯ ᠶᠡᠷᠢᠶ᠎ᠡ ᠶ᠋ᠢ ᠦᠡᠳᠦᠰᠦᠯᠡᠪᠡᠯ ᠂ ᠨᠠᠢᠮᠠᠨ ᠬᠤᠰᠢᠭᠤᠨ ‍ᠤ ᠠᠡᠭᠬᠠᠨ ‍ᠤ ᠸᠠᠡᠭ ᠬᠤᠡᠭ ᠪᠠᠭᠠᠲᠤᠷ ᠠᠪᠠᠯᠠᠵᠤ ᠶᠠᠪᠤᠬᠤ ᠳ᠋ᠠᠭᠠᠨ ᠡᠨᠡ ᠬᠦ ᠤᠶᠢᠷ᠎ᠠ ᠲᠤᠭᠤᠷᠢᠨ ‍ᠤ ᠭᠡᠳᠦᠨ ᠠᠷᠪᠠᠨ ᠭᠠᠵᠠᠷ ‍ᠢ ᠲᠤᠳᠤ ᠤᠯᠵᠤ ᠬᠠᠷᠠᠳᠠᠭ ᠦᠡᠳᠦᠷ ᠵᠢᠯᠠᠭᠠᠨ ᠳᠡᠭᠡᠷ᠎ᠡ ᠭᠠᠷᠴᠦ ᠠᠮᠠᠷᠠᠬᠤ ᠳ᠋ᠠᠭᠠᠨ 《ᠡᠨᠡ ᠤᠪᠤᠭᠠᠨ ᠵᠢᠯᠠᠭ᠎ᠠ ᠦᠨᠡᠭᠡᠷ ᠨᠢᠳᠦ ᠤᠡᠭᠭᠤᠶᠢᠯᠭᠠᠮᠠᠷ ᠦᠡᠳᠦᠷ ᠪᠠᠶᠢᠨ᠎ᠠ ᠳ᠋ᠠ》 ᠭᠡᠰᠡᠨ ᠭᠡᠨ᠎ᠡ ᠃ ᠲᠡᠭᠡᠭᠡᠳ ᠡᠨᠡ ᠬᠦ ᠵᠢᠯᠠᠭ᠎ᠠ ᠨᠢ ᠤᠪᠤᠭᠠᠨ ᠵᠢᠯᠠᠭ᠎ᠠ ᠬᠡᠮᠡᠨ ᠨᠡᠷᠡᠯᠡᠭᠳᠡᠵᠦ ᠂ ᠠᠶᠢᠯ ‍ᠤᠨ ᠬᠦᠮᠦᠰ ᠡᠡᠳᠡ ᠤᠪᠤᠭ᠎ᠠ ᠪᠤᠰᠬᠠᠨ ᠳᠠᠬᠢᠳᠠᠭ ᠪᠤᠯᠪᠠ ᠃ ᠤᠪᠤᠭᠠᠨ ᠵᠢᠯᠠᠭ᠎ᠠ ᠨᠢ ᠭᠠᠵᠠᠷ ‍ᠤᠨ ᠲᠦᠪᠰᠢᠨ ᠡᠴᠠ ᠵᠠᠭᠤᠭᠠᠳ ᠮᠸᠲ᠋ᠷ ᠳᠡᠭᠡᠭᠰᠢ ᠡᠷᠬᠦᠭᠳᠡᠵᠦ ᠂ ᠤᠶᠢᠷ᠎ᠠ ᠤᠷᠴᠢᠮ ‍ᠤᠨ ᠤᠷᠤᠢ ᠵᠢᠯᠠᠭ᠎ᠠ ᠂ ᠠᠶᠢᠯ ᠠᠮᠢᠲᠠᠨ ᠬᠢᠭᠡᠳ ᠡᠮᠦᠨ᠎ᠡ ᠲᠡᠯ᠎ᠡ ᠳ᠋ᠤ ᠪᠠᠶᠢᠳᠠᠭ ᠬᠤᠯᠨ ᠶ᠋ᠢᠨ ᠠᠭᠤᠯᠠᠰ ‍ᠤᠨ ᠪᠠᠷ᠎ᠠ ᠶ᠋ᠢ ᠴᠤ ᠤᠯᠵᠤ ᠬᠠᠷᠠᠳᠠᠭ ᠃ ᠤᠪᠤᠭᠠᠨ ᠵᠢᠯᠠᠭ᠎ᠠ ᠶ᠋ᠢᠨ ᠤᠶᠢᠷ᠎ᠠ ᠲᠤᠭᠤᠷᠢᠨ ᠳ᠋ᠤ ᠡᠷᠬᠢ ᠵᠢᠯᠠᠭᠠᠳ ᠡᠡᠭᠨᠡᠷᠡᠨ ᠂ ᠡᠡᠭᠭᠡᠷ ᠬᠤᠷᠮᠤᠢ ᠳ᠋ᠤᠨᠢ ᠡᠷᠮ᠎ᠡ ᠂ ᠬᠤᠯᠤᠰᠤ ᠂ ᠬᠠᠷᠭᠠᠨ᠎ᠠ ᠂ ᠰᠢᠪᠠᠭ ᠤᠷᠭᠤᠵᠤ ᠂ ᠤᠷᠤᠢ ᠬᠢᠷ᠎ᠠ ᠪᠠᠷ ᠨᠢ ᠤᠳᠠ ᠂ ᠤᠯᠢᠶᠠᠰᠤ ᠂ ᠬᠠᠶᠢᠯᠠᠰᠤ ᠂ ᠬᠠᠷᠬᠢᠯ ᠰᠦᠭᠯᠡᠶᠢᠨ ᠤᠷᠭᠤᠵᠤ ᠶᠤᠰᠤᠲᠠᠢ ᠰᠦᠷᠯᠢᠭ ᠰᠠᠶᠢᠬᠠᠨ ᠬᠠᠷᠠᠭᠳᠠᠳᠠᠭ ᠃ ᠨᠤᠲᠤᠭ ‍ᠤᠨ ᠬᠦᠮᠦᠰ ‍ᠤᠨ ᠬᠡᠯᠡᠯᠴᠡᠬᠦ ᠪᠠᠷ ᠤᠪᠤᠭᠠᠨ ᠵᠢᠯᠠᠭ᠎ᠠ ᠶ᠋ᠢᠨ ᠵᠡᠬᠦᠨ ᠲᠠᠯ᠎ᠠ ᠪᠠᠷ ᠭᠠᠷᠳᠠᠭ ᠵᠠᠮ ᠢᠶᠠᠷ ᠰᠦᠨᠢ ᠤᠷᠤᠢ ᠵᠠᠮᠨᠠᠪᠠᠯ ᠲᠦᠭᠡᠷᠢᠳᠡᠭ ᠪᠦᠭᠡᠳ ᠡᠳᠦᠷ ᠤᠪᠤᠭᠠᠨ ᠳᠡᠭᠡᠷ᠎ᠡ ᠨᠢ ᠴᠢᠯᠠᠭᠤ ᠬᠠᠶᠠᠵᠤ ᠮᠦᠷᠬᠦᠬᠦ ᠦᠭᠡᠢ ᠪᠤᠯ ᠲᠡᠷᠭᠡ ᠨᠢ ᠲᠤᠷᠴᠦ ᠶᠠᠪᠤᠵᠤ ᠳᠡᠶᠢᠯᠬᠦ ᠪᠠᠨ ᠪᠤᠯᠢᠳᠠᠭ ᠭᠡᠨ᠎ᠡ ᠃ 2000 ᠤᠨ ᠳ᠋ᠤ ᠲᠡᠮᠡᠭᠡᠳᠦᠰᠠ ᠭᠠᠴᠠᠭᠠᠨ ‍ᠤ ᠴᠢᠨ ᠮᠤᠤᠡᠦ᠋ᠬᠢᠨ ( ᠤᠪᠤᠭᠠᠨ ᠳᠠᠭᠠᠭᠠᠮᠠᠯ ) ᠂ ᠮᠨ ᠪᠠᠶᠠᠷ ᠨᠠᠷ ᠪᠠᠷᠢᠯᠭᠠᠴᠢᠨ ᠵᠠᠯᠠᠵᠤ ᠤᠪᠤᠭᠠᠨ ᠵᠢᠯᠠᠭ᠎ᠠ ᠳᠡᠭᠡᠷ᠎ᠡ ᠠᠷᠪᠠᠨ ᠮᠸᠲ᠋ᠷ ᠦᠡᠳᠦᠷ ᠤᠪᠤᠭᠠᠨ ‍ᠤ ᠰᠤᠪᠤᠷᠭ᠎ᠠ ᠪᠤᠰᠬᠠᠵᠠᠢ ᠃ 1978 ᠤᠨ ᠡᠴᠠ ᠨᠠᠭᠠᠰᠢ ᠲᠡᠮᠡᠭᠡᠳᠦᠰᠠ ᠶ᠋ᠢᠨ ᠤᠪᠤᠭ᠎ᠠ ᠪᠠᠨ ᠵᠢᠯ ᠪᠦᠷᠢ ᠶ᠋ᠢᠨ ᠲᠠᠪᠤᠨ ᠰᠠᠷ᠎ᠠ ᠶ᠋ᠢᠨ ᠲᠠᠪᠤᠨ ᠳ᠋ᠤ ᠳᠠᠬᠢᠳᠠᠭ ᠪᠤᠯᠪᠠ ᠃ 《 ᠰᠤᠶᠤᠯ ‍ᠤᠨ ᠶᠡᠭᠡ ᠬᠤᠪᠢᠰᠬᠠᠯ 》 ‍ᠤᠨ ᠰᠠᠮᠠᠭᠤᠷᠠᠯ ‍ᠤᠨ ᠦᠶ᠎ᠡ ᠳ᠋ᠤ ᠠᠶᠢᠯ ‍ᠤᠨ ᠡᠪᠦᠭᠡᠳ ᠲᠤᠰ ᠤᠪᠤᠭ᠎ᠠ ᠪᠠᠨ ᠨᠢᠭᠤᠴᠠ ᠪᠠᠷ ᠳᠠᠬᠢᠵᠦ ᠪᠠᠶᠢᠭᠰᠠᠨ ᠴᠤ ᠭᠡᠳᠡᠭ ᠃
            ᡁᠢ ᠠᠨ ᠪᠠᠯᠭᠠᠰᠤᠨ ‍ᠤ ᠰᠡᠪᠬᠢᠬᠦᠯ ‍ᠤᠨ ᠤᠪᠤᠭ᠎ᠠ ᠨᠢ ᠴᠤ ᠮᠠᠰᠢ ᠨᠡᠷᠡᠲᠡᠢ ᠤᠪᠤᠭ᠎ᠠ ᠪᠤᠯᠬᠤ ᠶᠤᠮ ᠃ ᠡᠡᠳᠡᠬᠢ ᠠᠷᠠᠳ ‍ᠤᠨ ᠬᠡᠯᠡᠬᠦ ᠪᠠᠷ ᠤᠪᠤᠭᠠᠨ ‍ᠤ ᠤᠶᠢᠷ᠎ᠠ ᠲᠦᠰᠦᠷ ᠤᠷᠭᠤᠭᠰᠠᠨ ᠬᠠᠶᠢᠯᠠᠰᠤᠨ ᠮᠤᠳᠤ ᠶ᠋ᠢ ᠬᠤᠭᠤᠴᠢᠵᠤ ᠤᠭᠳᠤᠯᠪᠠᠯ ᠭᠠᠢ ᠪᠡᠷᠴᠢᠳ ᠢᠷᠡᠨ᠎ᠡ ᠭᠡᠳᠡᠭ ᠃ ᠰᠡᠪᠬᠢᠬᠦᠯ ‍ᠤᠨ ᠤᠪᠤᠭ᠎ᠠ ᠨᠢ ᠪᠤᠷᠨᠠᠢ ᠸᠠᠡᠭ ‍ᠤᠨ ᠴᠢᠡᠭ ᠤᠯᠤᠰ ‍ᠤᠨ ᠴᠡᠷᠢᠭ ᠡᠴᠠ ᠲᠤᠲᠠᠭᠠᠵᠤ ᠶᠠᠪᠤᠬᠤ ᠳ᠋ᠠᠭᠠᠨ ᠮᠤᠷᠢ ᠪᠠᠨ ᠰᠡᠪᠬᠢᠬᠦᠯᠵᠦ ᠠᠮᠠᠷᠠᠭᠰᠠᠨ ᠭᠠᠵᠠᠷ ᠶᠤᠮ ᠭᠡᠨ᠎ᠡ ᠃ ᠨᠤᠲᠤᠭ ‍ᠤᠨ ᠠᠷᠠᠳ ᠪᠤᠷᠨᠠᠢ ᠸᠠᠡᠭ ‍ᠤᠨ ᠮᠤᠷᠢᠨ ‍ᠤ ᠮᠦᠷ ‍ᠢ ᠲᠤᠭᠤᠭ᠎ᠠ ᠪᠠᠷ ᠬᠦᠮᠦᠷᠢᠨ ᠲᠠᠯᠪᠢᠵᠦ ᠪᠠᠶᠢᠭᠰᠠᠨ ᠭᠡᠳᠡᠭ ᠃ 《 ᠰᠤᠶᠤᠯ ‍ᠤᠨ ᠶᠡᠭᠡ ᠬᠤᠪᠢᠰᠬᠠᠯ 》 ‍ᠤᠨ ᠰᠠᠮᠠᠭᠤᠷᠠᠯ ‍ᠤᠨ ᠦᠶ᠎ᠡ ᠳ᠋ᠤ ᠲᠤᠭᠤᠭ᠎ᠠ ᠶ᠋ᠢ ᠨᠢ ᠪᠠᠯᠪᠠᠯᠵᠤ ᠂ ᠮᠤᠷᠢᠨ ‍ᠤ ᠮᠦᠷ ‍ᠢ ᠨᠢ ᠴᠤ ᠪᠠᠯᠠᠯᠵᠤ ᠤᠷᠬᠢᠭᠰᠠᠨ ᠪᠠᠶᠢᠵᠠᠢ ᠃ ᠰᠡᠪᠬᠢᠬᠦᠯ ‍ᠤᠨ ᠠᠶᠢᠯ ‍ᠤᠨ ᠬᠦᠮᠦᠰ ᠰᠡᠪᠬᠢᠬᠦᠯ ‍ᠤᠨ ᠤᠪᠤᠭ᠎ᠠ ᠪᠠᠨ ᠵᠢᠯ ᠪᠦᠷᠢ ᠶ᠋ᠢᠨ ᠪᠢᠯᠢᠭ ‍ᠤᠨ ᠤᠯᠠᠷᠢᠯ ‍ᠤᠨ ᠠᠷᠪᠠᠨ ᠭᠤᠷᠪᠠᠨ ᠳ᠋ᠤ ᠳᠠᠬᠢᠳᠠᠭ ᠃ ᠤᠪᠤᠭ᠎ᠠ ᠪᠠᠨ ᠳᠠᠬᠢᠬᠤ ᠳ᠋ᠤ ᠪᠦᠭᠡ ᠪᠠᠷᠢᠯᠳᠤᠭᠤᠯᠤᠨ ᠂ ᠰᠤᠷ ᠬᠠᠷᠪᠤᠭᠤᠯᠵᠤ ᠂ ᠠᠡᠳᠠᠢ ᠪᠦᠵᠢᠭ ᠪᠦᠵᠢᠭᠯᠠᠨ ᠂ ᠪᠠᠰᠠ ᠪᠤᠰᠤᠳ ᠤᠳᠤᠬᠢᠴᠢ ᠲᠤᠭᠯᠠᠯᠲᠠ ᠭᠠᠷᠭᠠᠳᠠᠭ ᠪᠦᠭᠡᠳ ᠮᠢᠬ᠎ᠠ ᠲᠠᠢ ᠠᠭᠰᠢᠭᠠᠭᠰᠠᠨ ᠬᠤᠭᠤᠯᠨ ᠴᠢᠨᠠᠵᠤ ᠤᠷᠤᠯᠴᠠᠭᠰᠠᠨ ᠪᠦᠬᠦᠳᠡᠭᠡᠷ ᠴᠠᠳᠲᠠᠯ᠎ᠠ ᠢᠳᠡᠳᠡᠭ ᠃ ᠡᠳᠦᠭᠡ ᠰᠡᠪᠬᠢᠬᠦᠯ ‍ᠤᠨ ᠤᠪᠤᠭ᠎ᠠ ᠶ᠋ᠢ ᠳᠠᠬᠢᠬᠤ ᠦᠢᠯᠨ ᠶ᠋ᠢ ᠲᠡᠮᠦᠷ᠎ᠠ ᠬᠠᠷᠢᠭᠤᠴᠠᠨ ᠬᠦᠢᠴᠡᠳᠭᠡᠵᠦ ᠪᠤᠢ ᠃ ᠲᠡᠮᠦᠷ᠎ᠡ ᠡᠴᠠ ᠡᠮᠦᠨ᠎ᠡ ᠴᠢᠪᠠᠭᠠᠡᠴᠠ ᠶ᠋ᠢᠨ ᠤᠯᠠᠭᠠᠨ ᠠᠶᠢᠯ ‍ᠤᠨ ᠳ᠋ᠦᠡᠭᠷᠤᠪ ᠲᠠᠶᠢᠵᠢ ᠂ ᠰᠡᠪᠬᠢᠬᠦᠯ ‍ᠤᠨ ᠤᠪᠤᠭᠠᠨ ‍ᠤ ᠭᠡᠸᠠᠷᠠᠪᠵᠠᠢ ᠂ ᠰᠠᠭᠠᠷᠠᠢ ᠂ ᠨᠠᠰᠤᠡᠡᠤᠷᠳᠤ ᠵᠡᠷᠭᠡ ᠳᠦᠷᠪᠡᠨ ᠦᠶ᠎ᠡ ᠶ᠋ᠢᠨ ᠠᠬᠠᠮᠠᠳ ᠤᠪᠤᠭᠠᠨ ‍ᠤ ᠳᠠᠭᠠᠭᠠᠮᠠᠯ ᠶᠠᠪᠤᠵᠤ ᠪᠠᠶᠢᠵᠠᠢ ᠃ ᠡᠬᠦᠨ ᠳ᠋ᠤ ᠲᠡᠮᠦᠷ᠎ᠡ ᠂ 2017 ᠤᠨ ‍ᠤ 3 ᠰᠠᠷ᠎ᠠ ᠳ᠋ᠤ ᠨᠠᠢᠮᠠᠨ ᠬᠤᠰᠢᠭᠤᠨ ‍ᠤ ᠪᠤᠲᠠᠰ ‍ᠤᠨ ᠪᠤᠰᠤ ᠰᠤᠶᠤᠯ ‍ᠤᠨ ᠦᠪ ᠪᠤᠯᠬᠤ ᠤᠪᠤᠭᠠᠨ ᠳᠠᠬᠢᠯᠭ᠎ᠠ ᠶ᠋ᠢᠨ ᠲᠦᠯᠦᠭᠡᠯᠡᠬᠦ ᠴᠢᠨᠠᠷᠲᠠᠢ ᠤᠯᠠᠮᠵᠢᠯᠠᠭᠴᠢ ᠪᠠᠷ ᠰᠤᠡᠭᠭᠤᠭᠲᠠᠭᠰᠠᠨ ᠪᠠᠶᠢᠭ᠎ᠠ ᠶᠤᠮ ᠃ ᠲᠡᠮᠦᠷ᠎ᠡ ᠡᠴᠠ ᠭᠠᠳᠠᠨ᠎ᠠ ᠲᠠᠴᠢᠡᠲᠠᠯ᠎ᠠ ᠪᠠᠯᠭᠠᠰᠤᠨ ‍ᠤ ᠯᠢ ᠨᠢᠡᠭᠪᠤ᠋ ᠂ ᠵᠢᠮᠪᠠ ᠂ ᠮᠢᠡᠭ ᠰᠤᠮᠤ ᠶ᠋ᠢᠨ ᠪᠤᠤ ᠳ᠋ᠸ ᠨᠠᠷ ᠴᠤ ᠤᠪᠤᠭᠠᠨ ᠳᠠᠬᠢᠯᠭ᠎ᠠ ᠶ᠋ᠢᠨ ᠬᠤᠰᠢᠭᠤᠨ ‍ᠤ ᠳᠡᠰ ‍ᠤᠨ ᠲᠦᠯᠦᠭᠡᠯᠡᠬᠦ ᠴᠢᠨᠠᠷᠲᠠᠢ ᠤᠯᠠᠮᠵᠢᠯᠠᠭᠴᠢ ᠪᠠᠷ ᠰᠤᠡᠭᠭᠤᠭᠳᠠᠵᠠᠢ ᠃

ᠤᠯᠠᠮᠵᠢᠯᠠᠭᠴᠢ ᠶ᠋ᠢᠨ ᠲᠤᠪᠴᠢ ᠲᠠᠨᠢᠯᠴᠠᠭᠤᠯᠭ᠎ᠠ ᠄

ᠨᠠᠢᠮᠠᠨ ᠬᠤᠰᠢᠭᠤᠨ ‍ᠤ ᠪᠤᠲᠠᠰ ‍ᠤᠨ ᠪᠤᠰᠤ ᠰᠤᠶᠤᠯ ‍ᠤᠨ ᠦᠪ ᠪᠤᠯᠬᠤ ᠤᠪᠤᠭᠠᠨ ᠳᠠᠬᠢᠯᠭ᠎ᠠ ᠶ᠋ᠢᠨ ᠲᠦᠯᠦᠭᠡᠯᠡᠬᠦ ᠴᠢᠨᠠᠷᠲᠠᠢ ᠤᠯᠠᠮᠵᠢᠯᠠᠭᠴᠢ ᠲᠡᠮᠦᠷ᠎ᠡ ᠂ 1966 ᠤᠨ ᠳ᠋ᠤ ᠨᠠᠢᠮᠠᠨ ᠬᠤᠰᠢᠭᠤᠨ ‍ᠤ ᠮᠢᠡᠭ ᠷᠸᠨ ᠰᠤᠮᠤ ᠶ᠋ᠢᠨ ᠰᠡᠪᠬᠢᠬᠦᠯ ‍ᠤᠨ ᠤᠪᠤᠭ᠎ᠠ ᠭᠠᠴᠠᠭᠠᠨ ᠳ᠋ᠤ ᠳ᠋ᠠᠰᠢ ᠴᠢᠮᠡᠭ ‍ᠤᠨ ᠬᠦᠦ ᠪᠤᠯᠵᠤ ᠵᠠᠶᠠᠭᠠᠪᠠ ᠃ 2000 ᠤᠨ ᠡᠴᠠ ᠲᠠᠴᠢᠡᠲᠠᠯ᠎ᠠ ᠪᠠᠯᠭᠠᠰᠤᠨ ᠳ᠋ᠤ ᠂ ᠲᠠᠯ᠎ᠠ ᠶ᠋ᠢᠨ ᠠᠶᠢᠯ 》 ᠬᠤᠭᠤᠯᠠᠨ ᠭᠡᠷ ᠡᠷᠬᠢᠯᠡᠵᠦ ᠂ ᠲᠡᠷᠨ ᠨᠢ ᠡᠳᠦᠭᠡ ᠨᠠᠢᠮᠠᠨ ᠬᠤᠰᠢᠭᠤᠨ ‍ᠤ ᠨᠡᠷᠡᠳᠦ ᠮᠤᠡᠭᠭᠤᠯ ᠬᠤᠭᠤᠯᠠᠨ ᠭᠡᠷ ‍ᠤᠨ ᠨᠢᠭᠡᠨ ᠪᠤᠯᠵᠠᠢ ᠃ ᠲᠡᠮᠦᠷ᠎ᠠ ᠨᠤᠲᠤᠭ ‍ᠤᠨ ᠤᠪᠤᠭ᠎ᠠ ᠪᠠᠨ ᠰᠡᠷᠬᠦᠭᠡᠨ ᠳᠠᠬᠢᠬᠤ ᠠᠵᠢᠯ ‍ᠢ ᠬᠦᠡᠳᠦᠳᠭᠡᠨ ᠦᠵᠡᠵᠦ ᠂ ᠬᠦᠯ ᠬᠤᠶᠢᠰᠢ ᠦᠭᠡᠢ ᠬᠦᠶᠦᠵᠦ ᠶᠠᠪᠤᠭᠰᠠᠨ ᠪᠦᠭᠡᠳ ᠤᠪᠤᠭᠠᠨ ‍ᠤ ᠳᠠᠭᠠᠭᠠᠮᠠᠯ ᠪᠤᠯᠵᠤ ᠂ ᠤᠷᠴᠢᠮ ‍ᠤᠨ ᠭᠡᠳᠦᠨ ᠵᠢᠯ ᠤᠪᠤᠭᠠᠨ ᠳᠠᠬᠢᠯᠭ᠎ᠠ ᠶ᠋ᠢ ᠵᠢᠯ ᠳᠠᠷᠠᠭᠠᠯᠠᠨ ᠬᠢᠵᠦ ᠶᠠᠪᠤᠵᠠᠢ ᠃

                                               (ᠬᠠᠩᠳᠠᠭᠤᠳ ᠤᠰᠤᠨᠪᠣᠳᠤᠭ  ᠡᠮᠬᠢᠳᠭᠡᠪᠡ)

ᠢᠷᠡᠯᠳᠡ᠄ ᠨᠠᠶᠢᠷᠠᠭᠤᠯᠤᠭᠴᠢ᠄ ᠭᠤᠤ ᠾᠤᠢᠩ ᠮᠧᠢ