ᠨᠠᠢᠮᠠᠨ ᠬᠤᠰᠢᠭᠤ ᠠᠮᠤᠷ ᠲᠦᠪᠰᠢᠨ ‍ᠤ ᠦᠢᠯᠡᠳᠪᠤᠷᠢᠯᠠᠯ ‍ᠢ ᠴᠢᠡᠭᠭ᠎ᠠ ᠠᠳᠬᠤᠵᠤ ᠪᠠᠶᠢᠨ᠎ᠠ

ᠣᠩᠰᠢᠭᠰᠠᠨ ᠤᠳᠠᠭ᠎ᠠ ᠄ 4352     ᠨᠡᠶᠢᠳᠡᠯᠡᠭᠰᠡᠨ ᠴᠠᠭ ᠄ 2017/4/28 14:51:17


         ᠤᠷᠴᠢᠮ ᠳ᠋ᠦ ᠂  ᠨᠠᠢᠮᠠᠨ ᠬᠤᠰᠢᠭᠤ ᠬᠠᠪᠤᠷ ‍ᠤᠨ ᠣᠯᠠᠷᠢᠯ ‍ᠤᠨ ᠠᠮᠤᠷ ᠲᠦᠪᠰᠢᠨ ‍ᠤ ᠦᠢᠯᠡᠳᠪᠤᠷᠢᠯᠠᠯ ᠤᠨ ᠶᠡᠬᠡ ᠪᠠᠶᠢᠴᠠᠭᠠᠯᠳᠠ ᠶ᠋ᠢᠨ ᠠᠵᠢᠯᠯᠠᠭᠠᠨ ᠬᠢᠵᠤ ᠪᠠᠶᠢᠨ᠎ᠠ  ᠃ ᠵᠢᠯ ‍ᠤᠨ ᠡᠬᠢᠨ ᠡᠴᠠ ᠨᠠᠰᠢ ᠂ ᠲᠤᠰ ᠬᠤᠰᠢᠭᠤ ᠠᠮᠤᠷ ᠲᠦᠪᠰᠢᠨ ‍ᠤ ᠦᠢᠯᠡᠳᠪᠤᠷᠢᠯᠠᠯ  ‍ᠤᠨ ᠠᠵᠢᠯ ‍ᠢ ᠲᠡᠷᠢᠬᠦᠨ ᠴᠢᠬᠤᠯᠠ ᠠᠵᠢᠯ ᠪᠤᠯᠭᠠᠨ ᠦᠷᠬᠦᠯᠵᠢᠯᠡᠨ ᠠᠳᠬᠤᠵᠤ ᠂ ᠠᠮᠤᠷ ᠲᠦᠪᠰᠢᠨ ‍ᠤ ᠦᠢᠯᠡᠳᠪᠤᠷᠢᠯᠠᠯ ‍ᠢ  ᠬᠠᠤᠯᠢ ᠶᠤᠰᠤᠭᠠᠷ ᠵᠠᠰᠠᠨ ᠴᠡᠭᠴᠡᠯᠡᠬᠦ ᠶ᠋ᠢ ᠲᠤᠪᠤᠶᠢᠯᠭᠠᠵᠤ ᠂ 《 ᠪᠤᠳᠠᠳᠠᠢ ᠂ ᠴᠢᠡᠭᠭ᠎ᠠ ᠂ ᠨᠠᠷᠢᠨ ᠂ ᠯᠠᠪᠳᠠᠭᠤᠨ ᠂ ᠬᠦᠴᠣᠳᠠᠢ ᠂  ᠲᠡᠪᠰᠢᠬᠦᠯᠬᠦ   ᠵᠡᠷᠭᠡ  ᠦᠬᠡ ᠶ᠋ᠢ ᠬᠦᠢᠴᠡᠳᠭᠡᠵᠤ ᠂ ᠠᠮᠤᠷ ᠲᠦᠪᠰᠢᠨ ‍ᠤ ᠦᠢᠯᠡᠳᠪᠤᠷᠢᠯᠠᠯ ‍ᠢ ᠰᠣᠯᠠᠷᠠᠯ ᠦᠬᠡᠢ ᠠᠳᠬᠤᠵᠤ ᠪᠠᠶᠢᠨ᠎ᠠ ᠃ ᠡᠡᠭ ᠲᠡᠷᠢᠬᠦᠨ ᠳ᠋ᠣ ᠠᠵᠤ ᠠᠬᠤᠶᠢᠯᠠᠯ ‍ᠤᠨ ᠭᠤᠤᠯ ᠴᠣᠭᠴᠠᠳᠣ ᠬᠠᠷᠢᠭᠤᠴᠠᠯᠭ᠎ᠠ ᠶ᠋ᠢ ᠪᠤᠳᠠᠳᠠᠢ ᠪᠡᠷ ᠶᠠᠪᠤᠭᠳᠠᠭᠤᠯᠵᠤ ᠪᠤᠢ ᠃ ᠠᠵᠤ ᠠᠬᠤᠶᠢᠯᠠᠯ ‍ᠤᠨ ᠬᠠᠮᠢᠶᠠᠷᠤᠯᠳᠠ ᠶ᠋ᠢᠨ ᠬᠦᠮᠤᠰ ‍ᠤᠨ ᠬᠠᠷᠢᠭᠤᠴᠠᠯᠭ᠎ᠠ ᠶ᠋ᠢᠨ ᠨᠠᠶᠢᠳᠠᠪᠤᠷᠢᠵᠢᠯᠡᠯᠳᠡ ᠪᠠ ᠣᠰᠣᠯ ᠡᠨᠳᠡᠯ ‍ᠢ ᠨᠡᠬᠡᠮᠵᠢᠯᠡᠬᠦ 《ᠬᠤᠶᠠᠷ ᠡᠷᠭᠡᠪᠡᠰᠢ 》 ᠶ᠋ᠢ ᠴᠢᠡᠭᠭᠠᠯᠠᠵᠤ ᠂ ᠪᠠᠷᠢᠮᠵᠢᠶᠠᠴᠢᠯᠠᠯ ᠢᠶᠠᠷ ᠠᠵᠤ ᠠᠬᠤᠶᠢᠯᠠᠯ ‍ᠤᠨ ᠠᠮᠤᠷ ᠲᠦᠪᠰᠢᠨ ‍ᠤ  ᠦᠢᠯᠡᠳᠪᠤᠷᠢᠯᠠᠯ ‍ᠤᠨ ᠬᠠᠮᠢᠶᠠᠷᠤᠯᠳᠠ ᠶ᠋ᠢ  ᠡᠵᠡᠮᠳᠡᠪᠡ ᠃ 《 ᠡᠳᠣᠷ ᠭᠠᠷᠠᠭ ᠰᠠᠷ᠎ᠠ 》 ᠶ᠋ᠢᠨ ᠠᠶᠤᠯ ᠲᠦᠭᠰᠢᠬᠦᠷᠢ ᠶ᠋ᠢᠨ ᠬᠡᠮ ᠰᠣᠭᠣᠭ ‍ᠢ ᠰᠢᠬᠦᠷᠳᠡᠨ ᠪᠠᠶᠢᠴᠠᠭᠠᠵᠤ ᠵᠠᠰᠠᠨ ᠴᠡᠭᠴᠡᠯᠡᠬᠦ ᠲᠤᠭᠳᠠᠴᠡ ᠶ᠋ᠢ ᠪᠤᠢ ᠪᠤᠯᠭᠠᠵᠤ ᠂ ᠡᠡᠭ ‍ᠤᠨ ᠬᠡᠮ ᠰᠣᠭᠣᠭ ‍ᠢ 《 ᠰᠦᠨᠢ ᠶ᠋ᠢ ᠦᠡᠭᠭᠡᠷᠡᠬᠦᠯᠬᠦ ᠦᠬᠡᠢ 》 ᠶ᠋ᠢ ᠪᠠᠳᠣᠯᠠᠵᠤ ᠂ ᠬᠦᠨᠳᠣ ᠶᠡᠭᠡ ᠭᠡᠮ ᠰᠣᠭᠣᠭ ‍ᠢ ᠵᠠᠰᠠᠨ ᠴᠡᠭᠴᠡᠯᠡᠬᠦ ᠪᠠ 《 ᠲᠠᠪᠤ᠋ ᠶ᠋ᠢ ᠬᠦᠷᠤᠯᠴᠡᠬᠦᠯᠬᠦ 》 ᠶ᠋ᠢ ᠪᠠᠳᠣᠯᠠᠪᠠ ᠃ ᠠᠮᠤᠷ ᠲᠦᠪᠰᠢᠨ ‍ᠤ ᠢᠳᠡᠭᠡᠯ ᠠᠯᠳᠠᠬᠤ ᠶ᠋ᠢ ᠴᠡᠭᠡᠷᠯᠡᠬᠦ 《 ᠲᠦᠷᠪᠡᠨ ᠡᠷᠭᠡᠪᠡᠰᠢ 》 ᠶ᠋ᠢ ᠴᠢᠡᠭᠭ᠎ᠠ ᠨᠠᠶᠢᠳᠠᠪᠤᠷᠢᠵᠢᠭᠤᠯᠵᠤ ᠂ ᠠᠮᠤᠷ ᠲᠦᠪᠰᠢᠨ ‍ᠤ ᠦᠢᠯᠡᠳᠪᠤᠷᠢᠯᠠᠯ ‍ᠤᠨ ᠨᠡᠶᠢᠬᠡᠮ ‍ᠤᠨ ᠢᠳᠡᠭᠡᠮᠵᠢ ᠶ᠋ᠢᠨ ᠦᠨᠡᠯᠡᠯᠳᠡ ᠶ᠋ᠢᠨ ᠰᠢᠰᠲ᠋ᠸᠮ ᠶ᠋ᠢᠨ ᠪᠦᠳᠣᠭᠡᠨ ᠪᠠᠶᠢᠭᠤᠯᠤᠯᠳᠠ ᠶ᠋ᠢ ᠴᠢᠡᠭᠭᠠᠷᠠᠭᠤᠯᠪᠠ ᠃
        ᠲᠠᠷᠠᠭ᠎ᠠ ᠨᠢ ᠵᠠᠰᠠᠭ ‍ᠤᠨ ᠤᠷᠳᠤᠨ ‍ᠤ ᠬᠢᠨᠠᠯᠳᠠ ᠬᠠᠮᠢᠶᠠᠷᠤᠯᠳᠠ ᠬᠠᠣᠯᠢ ᠬᠡᠷᠡᠭᠵᠢᠬᠦᠯᠬᠦ ᠶ᠋ᠢ ᠰᠠᠶᠢᠳᠣᠷ ᠬᠢᠪᠡ ᠃ ᠰᠠᠯᠠᠭ᠎ᠠ ᠮᠦᠴᠢᠷ ‍ᠤᠨ ᠠᠮᠤᠷ ᠲᠦᠪᠰᠢᠨ ‍ᠤ ᠬᠢᠨᠠᠯᠳᠠ ᠶ᠋ᠢᠨ ᠬᠠᠷᠢᠭᠤᠴᠠᠯᠭ᠎ᠠ ᠶ᠋ᠢᠨ ᠲᠦᠷᠢᠮ ‍ᠢ  《ᠭᠤᠷᠪᠠ ᠶ᠋ᠢ  ᠲᠤᠭᠳᠠᠭᠠᠬᠤ 》 ᠲᠦᠰᠣᠪ  ᠲᠦ ᠤᠷᠤᠭᠤᠯᠤᠨ ᠲᠦᠯᠬᠢᠨ ᠠᠬᠢᠭᠤᠯᠵᠤ ᠂ ᠠᠮᠤᠷ ᠲᠦᠪᠰᠢᠨ ‍ᠤ ᠦᠢᠯᠡᠳᠪᠤᠷᠢᠯᠠᠯ ‍ᠤᠨ  ᠶᠡᠷᠣᠡᠭᠭᠡᠶᠢᠯᠡᠭᠰᠡᠨ ᠬᠢᠨᠠᠯᠳᠠ ᠬᠠᠮᠢᠶᠠᠷᠤᠯᠳᠠ ᠶ᠋ᠢᠨ ᠬᠠᠷᠢᠭᠤᠴᠠᠯᠭ᠎ᠠ ᠶ᠋ᠢᠨ  ᠵᠢᠭᠰᠠᠭᠠᠯᠳᠠ ᠭᠠᠷᠭᠠᠬᠤ ᠲᠦᠷᠢᠮ ‍ᠢ ᠬᠡᠷᠡᠭᠵᠢᠬᠦᠯᠪᠡ ᠃ ᠰᠠᠯᠠᠭ᠎ᠠ ᠮᠦᠴᠢᠷ ‍ᠤᠨ ᠠᠮᠤᠷ ᠲᠦᠪᠰᠢᠨ ‍ᠤ ᠬᠢᠨᠠᠯᠳᠠ ᠶ᠋ᠢᠨ ᠬᠠᠷᠢᠭᠤᠴᠠᠯᠭ᠎ᠠ  ᠶ᠋ᠢ  ᠨᠠᠷᠢᠨ ᠬᠢᠨᠠᠮᠠᠭᠠᠢ  ᠬᠡᠷᠡᠭᠵᠢᠬᠦᠯᠵᠤ ᠂ ᠠᠵᠢᠯ ᠤᠶᠢᠯᠡᠰ ‍ᠤᠨ ᠭᠤᠤᠯ ᠬᠠᠮᠢᠶᠠᠷᠤᠭᠴᠢ ᠶ᠋ᠢᠨ ᠰᠠᠯᠠᠭ᠎ᠠ ᠮᠦᠴᠢᠷ ᠠᠮᠤᠷ ᠲᠦᠪᠰᠢᠨ ‍ᠤ ᠪᠠᠶᠢᠴᠠᠭᠠᠯᠳᠠ ᠬᠠᠣᠯᠢ ᠬᠡᠷᠡᠭᠵᠢᠬᠦᠯᠬᠦ ᠪᠠᠶᠢᠳᠠᠯ ‍ᠢ ᠴᠠᠭ ᠢᠮᠠᠭᠳᠠ ᠪᠠᠶᠢᠴᠠᠭᠠᠬᠤ ᠪᠠ ᠴᠠᠭ ᠢᠮᠠᠭᠳᠠ ᠠᠵᠤ ᠠᠬᠤᠶᠢᠯᠠᠯ ‍ᠤᠨ ᠠᠮᠤᠷ ᠲᠦᠪᠰᠢᠨ ‍ᠢ ᠬᠠᠤᠯᠢ ᠬᠡᠷᠡᠭᠵᠢᠬᠦᠯᠵᠤ ᠪᠠᠶᠢᠭ᠎ᠠ ᠪᠠᠶᠢᠳᠠᠯ  ‍ᠤᠨ ᠨᠠᠶᠢᠳᠠᠪᠤᠷᠢᠵᠢᠭᠤᠯᠤᠯᠳᠠ ᠶ᠋ᠢ ᠰᠣᠭᠣᠴᠢᠨ ᠪᠠᠶᠢᠴᠠᠭᠠᠬᠤ 《 ᠬᠤᠤᠰ ᠴᠠᠭ ᠢᠮᠠᠭᠳᠠ 》 ᠶ᠋ᠢᠨ ᠠᠷᠭ᠎ᠠ  ᠠᠪᠴᠡᠢ ᠃ ᠠᠮᠤᠷ ᠲᠦᠪᠰᠢᠨ ‍ᠤ ᠬᠠᠣᠯᠢ ᠬᠡᠷᠡᠭᠵᠢᠬᠦᠯᠤᠯᠳᠡ ᠶ᠋ᠢᠨ ᠦᠷ᠎ᠡ ᠴᠢᠳᠠᠮᠵᠢ ᠬᠢᠨᠠᠨ ᠪᠠᠶᠢᠴᠠᠭᠠᠬᠤ ᠲᠦᠷᠢᠮ ‍ᠢ ᠪᠠᠶᠢᠭᠤᠯᠵᠤ ᠂ ᠠᠮᠤᠷ ᠲᠦᠪᠰᠢᠨ ‍ᠤ ᠬᠢᠨᠠᠯᠳᠠ ᠬᠠᠮᠢᠶᠠᠷᠤᠯᠳᠠ ᠬᠠᠤᠯᠢ ᠬᠡᠷᠡᠭᠵᠢᠬᠦᠯᠬᠦ ᠴᠢᠳᠠᠪᠤᠷᠢ ᠶ᠋ᠢ ᠲᠡᠰ ᠲᠡᠪᠰᠢᠬᠦᠯᠵᠤ ᠂ ᠠᠮᠤᠷ ᠲᠦᠪᠰᠢᠨ ‍ᠤ ᠦᠢᠯᠡᠳᠪᠤᠷᠢᠯᠠᠯ ‍ᠤᠨ ᠬᠢᠨᠠᠨ ᠬᠠᠮᠢᠶᠠᠷᠬᠤ ᠬᠦᠮᠤᠰ ‍ᠤᠨ ᠰᠣᠷᠭᠠᠨ ᠬᠦᠮᠤᠵᠢᠯ ᠪᠠ ᠪᠤᠯᠪᠠᠰᠣᠷᠠᠯ ‍ᠤᠨ ᠠᠵᠢᠯ ‍ᠢ ᠴᠢᠡᠭᠭᠠᠳᠬᠠᠪᠠ ᠃ ᠭᠤᠤᠯᠳᠠᠯᠭ᠎ᠠ ᠲᠠᠢ ᠠᠵᠢᠯ ᠤᠶᠢᠯᠡᠰ ‍ᠤᠨ ᠬᠦᠷᠢᠶ᠎ᠡ ᠴᠠᠷ᠎ᠠ ᠳ᠋ᠣ ᠲᠤᠰᠬᠠᠢ ᠵᠠᠰᠠᠨ ᠴᠡᠭᠴᠡᠯᠡᠬᠦ ᠶ᠋ᠢ ᠨᠠᠷᠢᠨ ᠬᠢᠪᠡ ᠃ ᠨᠡᠬᠦᠷᠡᠰᠣ  ᠠᠭᠤᠯᠠ ᠠᠭᠤᠷᠬᠠᠢ ᠪᠤᠰᠤ ᠂ ᠠᠶᠤᠯ ᠲᠠᠢ ᠬᠢᠮᠢ ᠶ᠋ᠢᠨ ᠪᠤᠳᠠᠰ ᠂ ᠫᠤᠵᠢᠡᠭ ᠂ ᠵᠠᠮ ᠬᠠᠷᠢᠯᠴᠠᠭ᠎ᠠ ᠂ ᠪᠦᠳᠣᠭᠡᠨ ᠪᠠᠶᠢᠭᠤᠯᠤᠯᠳᠠ ᠶ᠋ᠢᠨ ᠪᠠᠷᠢᠯᠭ᠎ᠠ ᠂ ᠲᠡᠮᠤᠷᠯᠢᠭ᠌ ᠦᠢᠯᠡᠳᠪᠤᠷᠢ ᠠᠷᠠᠯᠵᠢᠶ᠎ᠠ ᠂ ᠰᠣᠷᠭᠠᠭᠤᠯᠢ ᠂ ᠵᠤᠭᠠᠴᠠᠯ ‍ᠤᠨ ᠣᠷᠣᠨ ᠂ ᠡᠮᠨᠡᠯᠬᠡ ᠵᠡᠷᠭᠡ ᠭᠤᠤᠯᠳᠠᠯᠭ᠎ᠠ ᠲᠠᠢ ᠠᠵᠢᠯ ᠣᠶᠢᠯᠡᠰ ‍ᠤᠨ ᠪᠠᠶᠢᠭᠤᠯᠭ᠎ᠠ ᠨᠢᠬᠡᠴᠡ ᠪᠠ  ᠬᠦᠮᠦᠨ  ᠵᠤᠵᠠᠭᠠᠨ ᠪᠠᠶᠢᠭ᠎ᠠ ᠲᠠᠯᠠᠪᠠᠢ  ᠳ᠋ᠦ ᠭᠠᠯ ‍ᠢ ᠰᠡᠷᠭᠡᠶᠢᠯᠡᠬᠦ ᠪᠠᠶᠢᠴᠠᠭᠠᠯᠳᠠ ᠪᠠ ᠲᠤᠰᠬᠠᠢ ᠲᠦᠷᠤᠯ ‍ᠤᠨ ᠪᠠᠶᠢᠴᠠᠭᠠᠨ ᠴᠡᠭᠴᠡᠯᠡᠬᠦ ᠠᠵᠢᠯ ‍ᠢ ᠦᠷᠨᠢᠬᠦᠯᠪᠡ ᠃  ᠪᠦᠬᠦ ᠠᠷᠠᠳ ᠤᠨ ᠠᠮᠤᠷ ᠲᠦᠪᠰᠢᠨ ‍ᠤ ᠠᠶᠤᠯ ᠲᠦᠭᠰᠢᠬᠦᠷᠢ ‍ᠢ ᠰᠡᠷᠭᠡᠶᠢᠯᠡᠬᠦ ᠣᠬᠠᠮᠰᠠᠷ  ‍ᠢ  ᠳᠡᠭᠡᠭᠰᠢᠯᠡᠬᠦᠯᠬᠦ ᠶ᠋ᠢ ᠠᠳᠬᠤᠵᠠᠢ ᠃
                                                      ᠮᠠ ᠪᠦᠬᠡ     ᠭᠧ ᠡᠾᠦ᠋ᠩ ᠢᠤᠢ ᠮᠠᠳᠡᠭᠡᠯᠡᠪᠠ
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ