ᠨᠠᠢᠮᠠᠨ ᠬᠤᠰᠢᠭᠤᠨ ‍ᠤ ᠭᠠᠵᠠᠷ ᠰᠢᠷᠤᠢ ᠡᠬᠢ ᠪᠠᠶᠠᠯᠢᠭ ‍ᠤᠨ ᠲᠤᠪᠴᠢᠶ᠎ᠠ ᠤᠯᠠᠨ ᠵᠤᠶᠢᠯ ‍ᠤᠨ ᠠᠷᠭ᠎ᠠ ᠬᠡᠮᠵᠢᠶ᠎ᠡ ᠶ᠋ᠢ ᠣᠶᠠᠯᠳᠣᠭᠣᠯᠵᠣ ᠠᠮᠤᠷ ᠲᠦᠪᠰᠢᠨ ‍ᠤ ᠦᠢᠯᠡᠳᠪᠤᠷᠢᠯᠡᠯ ‍ᠢ ᠰᠠᠶᠢᠳᠣᠷ ᠬᠢᠵᠤ ᠪᠠᠶᠢᠨ᠎ᠠ

ᠣᠩᠰᠢᠭᠰᠠᠨ ᠤᠳᠠᠭ᠎ᠠ ᠄ 4474     ᠨᠡᠶᠢᠳᠡᠯᠡᠭᠰᠡᠨ ᠴᠠᠭ ᠄ 2017/4/14 9:40:06


        ᠨᠠᠢᠮᠠᠨ ᠬᠤᠰᠢᠭᠤᠨ ‍ᠤ ᠭᠠᠵᠠᠷ ᠰᠢᠷᠤᠢ ᠡᠬᠢ ᠪᠠᠶᠠᠯᠢᠭ ‍ᠤᠨ ᠲᠤᠪᠴᠢᠶ᠎ᠠ  ᠂ ᠨᠠᠢᠮᠠᠨ ᠬᠤᠰᠢᠭᠤᠨ ‍ᠤ ᠲᠤᠳᠤᠭᠠᠳᠤ ᠶ᠋ᠢ ᠬᠠᠮᠠᠭᠠᠯᠠᠬᠤ  ᠪᠠᠶᠢᠭᠤᠯᠭ᠎ᠠ ᠲᠠᠢ ᠬᠠᠮᠳᠣᠷᠠᠨ ᠬᠠᠪᠤᠷ ‍ᠤᠨ ᠤᠯᠠᠷᠢᠯ ‍ᠤᠨ ᠭᠠᠯ ‍ᠢ ᠰᠡᠷᠭᠡᠶᠢᠯᠡᠬᠦ ᠠᠵᠢᠯ ᠪᠠ ᠦᠢᠯᠡᠳᠪᠤᠷᠢᠯᠡᠯ ‍ᠤᠨ ᠠᠮᠤᠷ ᠲᠦᠪᠰᠢᠨ ‍ᠤ ᠠᠵᠢᠯ ‍ᠢ ᠰᠠᠶᠢᠳᠣᠷ ᠬᠢᠵᠤ ᠂ ᠬᠦᠨᠳᠣ ᠣᠨᠴᠡ ᠶᠡᠬᠡ ᠬᠡᠷᠡᠭ ᠭᠠᠷᠬᠤ ᠶ᠋ᠢ ᠦᠷ᠎ᠡ ᠪᠦᠳᠣᠮᠵᠢᠲᠠᠢ ᠪᠡᠷ  ᠰᠡᠷᠭᠡᠶᠢᠯᠡᠨ ᠬᠤᠷᠢᠭᠯᠠᠵᠤ ᠂  ᠬᠠᠷᠢᠶᠠᠯᠠᠭᠳᠠᠬᠤ ᠭᠠᠵᠠᠷ ᠤᠷᠤᠨ ‍ᠤ ᠪᠠᠨ ᠡᠯ᠎ᠡ ᠵᠤᠶᠢᠯ ‍ᠤᠨ ᠠᠵᠢᠯ ‍ᠢ ᠤᠷᠤᠭᠰᠢᠲᠠᠢ  ᠶᠠᠪᠤᠭᠳᠠᠬᠤ ᠶ᠋ᠢ ᠪᠠᠳᠣᠯᠠᠵᠤ ᠪᠠᠶᠢᠨ᠎ᠠ ᠃   ᠲᠤᠰ ᠲᠤᠪᠴᠢᠶ᠎ᠠ ᠡᠡᠭ ᠲᠡᠷᠢᠬᠦᠨ ᠳ᠋ᠥ᠂ ᠵᠦᠷᠢᠴᠡᠯ ᠵᠢᠭᠤᠷᠠᠯᠳᠣᠭᠠᠨ ‍ᠤ ᠰᠢᠬᠦᠷᠳᠡᠨ ᠪᠠᠶᠢᠴᠠᠭᠠᠯᠳᠠ ᠪᠠ ᠡᠶᠡᠳᠡᠬᠦᠯᠤᠯᠳᠡ ᠶ᠋ᠢᠨ ᠠᠵᠢᠯ ‍ᠢ ᠦᠷᠨᠢᠬᠦᠯᠵᠤ ᠪᠠᠶᠢᠨ᠎ᠠ ᠃ ᠬᠠᠷᠢᠶᠠᠯᠠᠭᠳᠠᠬᠤ ᠤᠷᠤᠨ ‍ᠤ ᠲᠤᠳᠤᠷᠠᠬᠢ ᠡᠯ᠎ᠡ ᠵᠤᠶᠢᠯ ‍ᠤᠨ ᠨᠡᠶᠢᠬᠡᠮ ‍ᠤᠨ ᠵᠦᠷᠢᠴᠡᠯ ‍ᠤᠨ ᠵᠠᠬᠢᠳᠠᠯ ᠰᠣᠷᠪᠣᠯᠵᠢᠯᠭ᠎ᠠ ᠶ᠋ᠢᠨ ᠭᠤᠤᠯᠳᠠᠯᠭ᠎ᠠ ᠲᠠᠢ ᠬᠡᠷᠡᠭ ᠪᠠ ᠲᠤᠭᠳᠠᠭᠤᠨ ᠦᠬᠡᠢ ᠴᠣᠬᠤᠶᠢᠵᠤ ᠪᠠᠶᠢᠭ᠎ᠠ ᠬᠡᠮ ᠰᠣᠭᠣᠭ  ᠢ ᠪᠦᠬᠦ ᠲᠠᠯ᠎ᠠ ᠪᠡᠷ ᠰᠢᠬᠦᠷᠳᠡᠨ ᠪᠠᠶᠢᠴᠠᠭᠠᠵᠤ ᠂ ᠬᠠᠨᠳᠣᠯᠭ᠎ᠠ ᠲᠠᠢ ᠪᠡᠷ ᠰᠢᠬᠦᠷᠳᠡᠨ ᠪᠠᠶᠢᠴᠠᠭᠠᠨ ᠭᠠᠷᠭᠠᠭᠰᠠᠨ ᠵᠠᠬᠢᠳᠡᠯ ᠰᠣᠷᠪᠣᠯᠵᠢᠯᠭ᠎ᠠ ᠶ᠋ᠢᠨ ᠵᠦᠷᠢᠴᠡᠯ ‍ᠤᠨ ᠬᠡᠮ ᠰᠣᠭᠣᠭ ‍ᠢ ᠤᠬᠤᠷᠬᠠᠨ ᠬᠤᠭᠤᠴᠠᠭᠠᠨ  ᠳᠦ ᠰᠢᠢᠳᠪᠤᠷᠢᠯᠡᠵᠤ ᠲᠡᠶᠢᠯᠬᠦ ᠶ᠋ᠢ ᠨᠢ  ᠲᠠᠷᠤᠢ ᠳ᠋ᠣᠨᠢ ᠰᠢᠢᠳᠪᠤᠷᠢᠯᠡᠵᠤ ᠂ ᠰᠢᠢᠳᠪᠤᠷᠢᠯᠡᠬᠦ  ᠳᠦ ᠬᠦᠴᠢᠷᠳᠡᠯ ᠲᠠᠢ ᠶ᠋ᠢ ᠨᠢ ᠪᠦᠬᠦ ᠬᠦᠴᠣ ᠪᠡᠷ ᠢᠶᠡᠨ ᠲᠠᠶᠢᠯᠪᠤᠷᠢᠯᠡᠨ ᠲᠣᠳᠣᠷᠬᠠᠶᠢᠯᠠᠬᠤ ᠠᠵᠢᠯ ᠬᠢᠵᠤ ᠵᠦᠷᠢᠴᠡᠯ ‍ᠤᠨ ᠬᠤᠷᠴᠡ ᠰᠢᠷᠤᠬᠦᠨ ᠪᠤᠯᠬᠤ ᠶ᠋ᠢ ᠰᠠᠷᠭᠡᠶᠢᠯᠡᠵᠤ ᠪᠠᠶᠢᠨ᠎ᠠ ᠃ ᠲᠠᠷᠠᠭ᠎ᠠ ᠨᠢ ᠠᠮᠤᠷ ᠲᠦᠪᠰᠢᠨ ‍ᠤ ᠬᠡᠮ ᠰᠣᠭᠣᠭ ‍ᠢ ᠰᠢᠬᠦᠷᠳᠡᠨ ᠪᠠᠶᠢᠴᠠᠭᠠᠵᠤ ᠵᠠᠰᠠᠨ ᠴᠡᠭᠴᠡᠯᠡᠬᠦ ᠠᠵᠢᠯ ‍ᠢ ᠰᠠᠶᠢᠳᠣᠷ ᠬᠢᠵᠤ ᠪᠠᠶᠢᠨ᠎ᠠ ᠃ ᠡᠯ᠎ᠡ ᠰᠣᠮᠣ ᠶ᠋ᠢᠨ ᠵᠠᠰᠠᠭ ‍ᠤᠨ ᠣᠷᠳᠣᠨ ‍ᠤ ᠬᠠᠪᠤᠷ ‍ᠤᠨ ᠣᠯᠠᠷᠢᠯ ‍ᠤᠨ ᠠᠮᠤᠷ ᠲᠦᠪᠰᠢᠨ ‍ᠤ ᠬᠡᠮ ᠰᠣᠭᠣᠭ ‍ᠢ ᠰᠢᠬᠦᠷᠳᠡᠨ ᠪᠠᠶᠢᠴᠠᠭᠠᠬᠤ ᠠᠵᠢᠯᠯᠠᠭ᠎ᠠ ᠪᠠ ᠵᠠᠰᠠᠨ ᠴᠡᠭᠴᠡᠯᠡᠬᠦ ᠠᠵᠢᠯᠯᠠᠭ᠎ᠠ ᠲᠠᠢ ᠣᠶᠠᠯᠳᠣᠭᠣᠯᠣᠨ ᠂ ᠬᠠᠷᠢᠶᠠᠯᠠᠭᠳᠠᠬᠤ ᠤᠷᠤᠨ ‍ᠤ  ᠲᠤᠳᠤᠷᠠᠬᠢ ᠪᠠ  ᠭᠠᠵᠠᠷ ᠰᠣᠳᠣᠯᠣᠯ  ᠤᠨ ᠠᠶᠤᠯ ‍ᠤᠨ ᠬᠡᠮ ᠰᠣᠭᠣᠭ ‍ᠢ  ᠰᠢᠬᠦᠷᠳᠡᠨ ᠪᠠᠶᠢᠴᠠᠭᠠᠬᠤ ᠪᠠ ᠲᠤᠭᠳᠠᠭᠰᠠᠨ ᠴᠠᠭ ᠦᠬᠡᠢ ᠪᠡᠷ ᠲᠤᠭᠤᠷᠢᠨ ᠪᠠᠶᠢᠴᠠᠭᠠᠵᠤ ᠂ ᠲᠤᠭᠤᠷᠢᠨ ᠪᠠᠶᠢᠴᠠᠭᠠᠭᠰᠠᠨ  ᠢᠶᠡᠨ ᠰᠠᠶᠢᠳᠣᠷ ᠲᠡᠮᠳᠡᠭᠯᠡᠯ   ᠬᠢᠨ ᠦᠯᠡᠳᠡᠭᠡᠵᠤ ᠪᠠᠶᠢᠨ᠎ᠠ ᠃ ᠡᠬᠦᠨ ‍ᠤ ᠬᠠᠮᠳᠣ ᠵᠢᠵᠢᠬᠦᠷᠯᠡᠬᠦ  ᠪᠠ ᠮᠡᠳᠡᠭᠡ ᠵᠠᠡᠭᠬᠢ ᠶ᠋ᠢ ᠲᠡᠭᠡᠭᠰᠢ ᠮᠡᠳᠡᠬᠦᠯᠬᠦ ᠠᠵᠢᠯ ‍ᠢ ᠰᠠᠶᠢᠳᠣᠷ ᠬᠢᠵᠤ ᠂  ᠵᠢᠵᠢᠬᠦᠷᠯᠡᠭᠴᠢ ᠬᠦᠮᠤᠰ ᠪᠠ ᠲᠡᠷᠭᠡ ᠤᠨᠤᠭ᠎ᠠ ᠶ᠋ᠢ ᠨᠢᠭᠡᠳᠣᠯᠳᠠᠢ ᠲᠤᠬᠢᠷᠠᠭᠤᠯᠵᠤ ᠂  ᠴᠢᠬᠤᠯᠠ ᠶᠡᠬᠡ ᠬᠦᠳᠡᠯᠭᠡᠭᠡᠨ ᠂ ᠪᠠᠶᠠᠷ ᠲᠤᠷᠠᠰᠬᠠᠯ ‍ᠤᠨ ᠡᠳᠣᠷ ᠵᠢᠵᠢᠬᠦᠷᠯᠡᠭᠴᠢ ᠶ᠋ᠢ ᠴᠢᠡᠭᠭ᠎ᠠ ᠱᠠᠭᠠᠷᠳᠠᠵᠤ ᠂ 《  ᠲᠡᠭ  ᠮᠡᠳᠡᠬᠦᠯᠤᠯᠳᠡ ᠶ᠋ᠢᠨ ᠲᠦᠷᠢᠮ ‍ᠢ ᠬᠡᠷᠡᠭᠵᠢᠬᠦᠯᠵᠤ ᠂ ᠪᠤᠢ ᠪᠦᠬᠦᠢ ᠵᠢᠵᠢᠬᠦᠷᠯᠡᠬᠦ ᠬᠦᠮᠤᠰ ‍ᠤᠨ ᠬᠠᠷᠢᠯᠴᠠᠬᠤ ᠤᠳᠠᠰᠣ ᠶ᠋ᠢ ᠢᠯᠡ  ᠭᠠᠵᠠᠷ ᠨᠠᠭᠠᠵᠤ ᠂ ᠴᠢᠮᠡᠭᠡ ᠨᠡᠪᠳᠡᠷᠡᠯᠭᠡ ᠶ᠋ᠢᠨ ᠲᠤᠨᠤᠭ ᠮᠠᠰᠢᠨ ‍ᠢ 24 ᠴᠠᠭ  ᠨᠠᠪᠳᠡᠷᠡᠬᠦᠯᠵᠦ ᠪᠠᠶᠢᠨ᠎ᠠ ᠃   ᠲᠡᠭᠡᠳᠣ ᠱᠠᠳᠣᠨ ‍ᠤ ᠵᠢᠭᠠᠪᠤᠷᠢ ᠶᠤᠰᠤᠭᠠᠷ  ᠬᠡᠨᠡᠳᠳᠡ ᠭᠠᠷᠬᠤ ᠬᠡᠷᠡᠭ ‍ᠢ ᠰᠡᠷᠭᠡᠶᠢᠯᠡᠵᠤ ᠂ ᠬᠡᠷᠡᠭ ᠡᠬᠦᠰᠪᠡᠯ ᠪᠤᠰᠢᠭᠤ ᠲᠦᠷᠭᠡᠨ ᠠᠷᠭ᠎ᠠ ᠠᠪᠬᠤ ᠪᠡᠷ ᠪᠠᠶᠢᠨ᠎ᠠ ᠃ ᠮᠦᠨ ᠲᠤᠰ ᠲᠤᠪᠴᠢᠶ᠎ᠠ ᠲᠤᠳᠤᠭᠠᠳᠤ ᠶ᠋ᠢᠨ ᠠᠮᠤᠷ ᠲᠦᠪᠰᠢᠨ ‍ᠤ ᠠᠵᠢᠯ ‍ᠢ ᠰᠠᠶᠢᠳᠣᠷ ᠬᠢᠵᠤ ᠂ ᠰᠡᠷᠭᠡᠶᠢᠯᠡᠬᠦ ᠤᠬᠠᠮᠰᠠᠷ ᠂ ᠠᠶᠤᠯ ᠬᠢᠮᠤᠷᠠᠯ ‍ᠤᠨ ᠣᠬᠠᠮᠰᠠᠷ   ᠢᠶᠡᠨ ᠲᠡᠭᠡᠭᠰᠢᠯᠡᠬᠦᠯᠵᠤ  ᠂ ᠭᠠᠯ ‍ᠢ ᠰᠡᠷᠭᠡᠶᠢᠯᠡᠬᠦ ᠂ ᠬᠤᠯᠠᠭᠠᠶᠢᠴᠢ ᠶ᠋ᠢ ᠰᠡᠷᠭᠡᠶᠢᠯᠡᠬᠦ ᠂ ᠨᠢᠭᠤᠴᠡ ᠵᠠᠳᠠᠷᠠᠬᠤ ᠶ᠋ᠢ ᠰᠡᠷᠭᠡᠶᠢᠯᠡᠬᠦ ᠪᠡᠷ  ᠭᠤᠤᠯᠳᠠᠯᠭ᠎ᠠ ᠪᠤᠯᠭᠠᠨ ᠲᠤᠳᠤᠭᠠᠳᠤ ᠶ᠋ᠢ ᠬᠠᠮᠠᠭᠠᠯᠠᠬᠤ ᠵᠡᠷᠭᠡ  ᠡᠯ᠎ᠡ ᠰᠠᠯᠠᠭ᠎ᠠ ᠮᠦᠴᠢᠷ ᠲᠠᠢ  ᠨᠢᠭᠳᠠ ᠬᠠᠮᠵᠢᠯᠴᠠᠵᠤ ᠂ ᠤᠯᠤᠰ ‍ᠤᠨ ᠭᠠᠵᠠᠷ ᠰᠢᠷᠤᠢ ᠡᠬᠢ ᠪᠠᠶᠠᠯᠢᠭ ‍ᠢ ᠰᠠᠶᠢᠳᠣᠷ ᠬᠠᠮᠠᠭᠠᠯᠠᠵᠤ ᠪᠠᠶᠢᠨ᠎ᠠ ᠃ (  ᠮᠠ ᠪᠦᠬᠡ  ᠮᠡᠳᠡᠭᠡᠯᠡᠪᠡ  )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ