ᠨᠠᠢᠮᠠᠨ ᠬᠤᠰᠢᠭᠤᠨ ᠤ ᠳᠤᠳᠤᠭᠠᠳᠤ  ᠶ᠋ᠢ ᠬᠠᠮᠠᠭᠠᠯᠠᠬᠤ ᠳᠤᠪᠴᠢᠶ᠎ᠠ 《11•06》 ᠮᠤᠵᠢ ᠠᠯᠤᠰᠯᠠᠭᠰᠠᠨ ᠤᠨᠴᠠ ᠶᠠᠭᠡ ᠮᠠᠭᠡᠯᠡᠭᠰᠡᠨ ᠭᠡᠷᠡᠭ ᠠᠮᠵᠢᠯᠳᠠ ᠲᠠᠢ ᠳᠠᠩᠨᠠᠨ ᠢᠯᠡᠷᠡᠬᠦᠯᠵᠦ ᠂12 ᠨᠠᠷᠡᠰ ᠶᠠᠯ᠎ᠠ ᠬᠢᠭᠰᠡᠨ ᠰᠡᠵᠢᠭᠯᠡᠯᠲᠡᠢ ᠬᠥᠮᠥᠨ ᠢ ᠪᠠᠷᠢᠪᠴᠢᠯᠡᠨ ᠠᠪᠴᠤ ᠳᠠᠷᠤᠵᠦ ᠭᠦᠷᠭᠡᠵᠡᠢ

ᠣᠩᠰᠢᠭᠰᠠᠨ ᠤᠳᠠᠭ᠎ᠠ ᠄ 8695     ᠨᠡᠶᠢᠳᠡᠯᠡᠭᠰᠡᠨ ᠴᠠᠭ ᠄ 2017/4/1 9:46:22


        ᠤᠷᠴᠢᠮ ᠤᠨ ᠡᠳᠤᠷ ᠂ ᠨᠠᠢᠮᠠᠨ ᠬᠤᠰᠢᠭᠤᠨ ᠤ ᠳᠤᠳᠤᠭᠠᠳᠤ  ᠶ᠋ᠢ ᠬᠠᠮᠠᠭᠠᠯᠠᠬᠤ ᠳᠤᠪᠴᠢᠶ᠎ᠠ 《11•06》 ᠮᠤᠵᠢ ᠠᠯᠤᠰᠯᠠᠭᠰᠠᠨ ᠤᠨᠴᠠ ᠶᠠᠭᠡ ᠮᠠᠭᠡᠯᠡᠭᠰᠡᠨ ᠭᠡᠷᠡᠭ   ᠢ ᠠᠮᠵᠢᠯᠳᠠ ᠲᠠᠢ ᠳᠠᠩᠨᠠᠨ ᠢᠯᠡᠷᠡᠬᠦᠯᠵᠡᠢ ᠃ 3 ᠰᠠᠷ᠎ᠠ ᠶ᠋ᠢᠨ 30  ᠤ ᠡᠳᠤᠷ ᠂ ᠳᠤᠳᠤᠭᠠᠳᠤ  ᠶ᠋ᠢ ᠬᠠᠮᠠᠭᠠᠯᠠᠬᠤ ᠳᠤᠪᠴᠢᠶ᠎ᠠ ᠶ᠋ᠢᠨ 《11•06》 ᠮᠤᠵᠢ ᠠᠯᠤᠰᠯᠠᠭᠰᠠᠨ ᠤᠨᠴᠠ ᠶᠠᠭᠡ ᠮᠠᠭᠡᠯᠡᠭᠰᠡᠨ ᠭᠡᠷᠡᠭ  ᠤᠨ ᠳᠤᠰᠬᠠᠢ ᠠᠵᠢᠯ ᠤᠨ ᠳᠤᠭᠤᠶᠢᠯᠠᠩ 12 ᠨᠠᠷᠡᠰ ᠶᠠᠯ᠎ᠠ ᠬᠢᠭᠰᠡᠨ ᠰᠡᠵᠢᠭᠯᠡᠯᠲᠡᠢ ᠬᠥᠮᠥᠨ ᠢ  ᠪᠠᠷᠢᠪᠴᠢᠯᠡᠨ ᠠᠪᠴᠤ ᠳᠠᠷᠤᠵᠦ   ᠬᠦᠷᠬᠡᠬᠦ ᠶᠢᠨ ᠬᠠᠮᠳᠤ 《11•06》 ᠮᠤᠵᠢ ᠠᠯᠤᠰᠯᠠᠭᠰᠠᠨ ᠤᠨᠴᠠ ᠶᠠᠭᠡ ᠮᠠᠭᠡᠯᠡᠭᠰᠡᠨ ᠭᠡᠷᠡᠭ  ᠢ ᠠᠮᠵᠢᠯᠳᠠ ᠲᠠᠢ ᠳᠠᠩᠨᠠᠨ  ᠢᠯᠡᠷᠡᠬᠦᠯᠦᠭᠰᠡᠨ  ᠰᠤᠨᠢᠨ ᠮᠠᠳᠡᠭᠡᠨ ᠤ ᠨᠠᠶᠢᠳᠠᠯᠡᠬᠦ ᠬᠤᠷᠡᠯ ᠨᠠᠭᠡᠭᠡᠵᠡᠢ ᠃
       ᠤᠶᠢᠯᠠᠭᠠᠯᠳᠠ ᠪᠠᠷ ᠂ ᠳᠤᠰ ᠭᠡᠷᠡᠭ  ‍ᠢ  ᠪᠤᠰᠤᠳ ᠮᠤᠵᠢ ᠶ᠋ᠢᠨ ᠬᠦᠮᠦᠨ ᠭᠡᠷᠡᠭ ᠬᠢᠵᠦ ᠂ ᠨᠠᠢᠮᠠᠨ ᠬᠤᠰᠢᠭᠤᠨ ᠤ ᠨᠢᠭᠡ ᠬᠦᠮᠦᠨ ᠬᠤᠤᠷ ᠠᠮᠰᠠᠭᠰᠠᠨ ᠪᠠᠶᠢᠨ᠎ᠠ ᠃ ᠭᠡᠳᠤᠨ ᠰᠠᠷ᠎ᠠ ᠶ᠋ᠢᠨ ᠡᠮᠤᠨ᠎ᠠ ᠂ ᠨᠠᠢᠮᠠᠨ ᠬᠤᠰᠢᠭᠤᠨ ᠤ ᠳᠤᠳᠤᠭᠠᠳᠤ  ᠶ᠋ᠢ ᠬᠠᠮᠠᠭᠠᠯᠠᠬᠤ ᠳᠤᠪᠴᠢᠶ᠎ᠠ ᠳᠠᠴᠢᠨᠳᠠᠯ᠎ᠠ ᠪᠠᠯᠭᠠᠰᠤᠨ ᠤ  ᠬᠤᠤᠷ  ᠠᠮᠰᠠᠭᠰᠠᠨ ᠨᠢᠭᠡ  ᠬᠦᠮᠦᠨ ᠦ 10 ᠳᠦᠮᠡ ᠳᠦᠭᠦᠷᠢᠭ ᠤᠷᠴᠢᠮ  ᠮᠠᠭᠡᠯᠡᠭᠳᠡᠭᠰᠡᠨ  ᠴᠢᠮᠠᠭᠡ ᠳᠤᠰᠤᠭᠰᠠᠨ ᠡᠴᠡ ᠨᠠᠰᠢ ᠂ ᠨᠠᠢᠮᠠᠨ ᠬᠤᠰᠢᠭᠤᠨ ᠤ ᠠᠷᠠᠳ ᠳᠦᠮᠡᠨ ᠦ ᠰᠦᠢᠳᠤᠯ ᠢ ᠡᠬᠡᠬᠦᠯᠵᠦ ᠠᠪᠴᠢᠷᠠᠬᠤ  ᠪᠠ ᠠᠷᠠᠳ ᠤᠯᠠᠨ ᠤ ᠠᠰᠢᠭ ᠳᠤᠰᠠ ᠶ᠋ᠢ ᠬᠠᠮᠠᠭᠠᠯᠠᠬᠤ  ᠶ᠋ᠢ ᠨᠠᠢᠮᠠᠨ ᠬᠤᠰᠢᠭᠤᠨ  ᠤ ᠳᠤᠳᠤᠭᠠᠳᠤ ᠶ᠋ᠢ ᠬᠠᠮᠠᠭᠠᠯᠠᠬᠤ ᠳᠤᠪᠴᠢᠶ᠎ᠠ ᠳᠠᠭᠡᠳᠤ ᠬᠡᠮᠵᠢᠶ᠎ᠠ ᠪᠠᠷ ᠬᠦᠨᠳᠤᠳᠬᠡᠵᠦ ᠂  ᠰᠢᠯᠢᠳᠡᠭ ᠬᠦᠴᠦᠨ ᠢ ᠰᠤᠩᠭᠤᠨ ᠳᠤᠰᠬᠠᠢ ᠠᠵᠢᠯ ᠤᠨ ᠳᠤᠭᠤᠶᠢᠯᠠᠩ ᠪᠠᠶᠢᠭᠤᠯᠵᠦ ᠂ ᠳᠤᠰ ᠭᠡᠷᠡᠭ ᠢ ᠳᠠᠩᠰᠠᠯᠠᠵᠦ ᠪᠠᠶᠢᠴᠠᠭᠠᠵᠠᠢ ᠃
        ᠪᠠᠶᠢᠴᠠᠭᠠᠯᠳᠠ ᠪᠠᠷ ᠤᠶᠢᠯᠠᠭᠠᠭᠰᠠᠨ ᠨᠢ ᠂ ᠳᠤᠰ ᠭᠡᠷᠡᠭ ᠤᠯᠤᠰ ᠤᠨ ᠳᠤᠳᠤᠭᠠᠳᠤ ᠶ᠋ᠢᠨ ᠪᠤᠰᠤᠳ ᠮᠤᠵᠢ ᠬᠤᠳᠠ ᠳ᠋ᠤ ᠬᠤᠯᠪᠤᠭᠳᠠᠵᠤ ᠂ ᠬᠤᠯᠪᠤᠭᠳᠠᠭᠰᠠᠨ ᠬᠦᠮᠦᠨ ᠦ ᠳᠤᠭ᠎ᠠ ᠤᠯᠠᠨ ᠂ ᠮᠦᠩᠬᠦ ᠶ᠋ᠢᠨ ᠬᠡᠮᠵᠢᠶ᠎ᠠ ᠶᠡᠭᠡ ᠂ ᠨᠠᠢᠮᠠᠨ ᠬᠤᠰᠢᠭᠤᠨ  ᠤ ᠳᠤᠳᠤᠭᠠᠳᠤ ᠶ᠋ᠢ ᠬᠠᠮᠠᠭᠠᠯᠠᠬᠤ ᠳᠤᠪᠴᠢᠶ᠎ᠠ ᠪᠦᠬᠦ ᠬᠦᠴᠦᠨ ᠢᠶ᠋ᠡᠨ ᠳᠦᠪᠯᠡᠷᠡᠬᠦᠯᠦᠨ ᠂  ᠪᠦᠬᠦ ᠤᠶᠤᠨ ᠢᠶᠡᠨ ᠰᠢᠪᠬᠠᠵᠦ ᠂ 5 ᠰᠠᠷ᠎ᠠ ᠢᠯᠡᠬᠦᠦ  ᠬᠤᠭᠤᠴᠠᠭᠠᠨ ᠳ᠋ᠤ ᠂ ᠡᠮᠤᠨ᠎ᠠ ᠬᠤᠶᠢᠨ᠎ᠠ ᠬᠢᠷᠢᠨ ᠂ ᠬᠠᠷᠠᠮᠦ᠋ᠷᠡᠨ ᠂ ᠯᠢᠶᠤᠤᠨᠢᠩ ᠂ ᠱᠠᠨᠳᠦ᠋ᠩ ᠵᠡᠷᠭᠡ  ᠤᠷᠤᠨ  ᠤ ᠳᠦᠮᠡ ᠢᠯᠡᠬᠦᠦ ᠭᠠᠵᠠᠷ ᠢᠶ᠋ᠡᠷ ᠳᠠᠪᠬᠤᠷ ᠳᠠᠪᠬᠤᠷ ᠬᠦᠴᠢᠷ ᠪᠠᠷᠭᠡᠰᠢᠶᠠᠯ ᠢ ᠳᠤᠭᠤᠯᠵᠦ ᠂ ᠱᠠᠨᠳᠦ᠋ᠩ ᠤᠨ ᠴᠡᠷᠢᠭ ᠦᠨ ᠳᠠᠯ᠎ᠠ ᠶ᠋ᠢᠨ ᠳᠠᠮᠵᠢᠯᠭᠡ ᠪᠠ ᠬᠠᠪᠰᠤᠷᠤᠯᠭ᠎ᠠ ᠳᠤᠤᠷ᠎ᠠ ᠂ ᠮᠤᠵᠢ ᠠᠯᠤᠰᠯᠠᠭᠰᠠᠨ ᠤᠨᠴᠠ ᠶᠠᠭᠡ ᠮᠠᠭᠡᠯᠡᠭᠰᠡᠨ ᠭᠡᠷᠡᠭ ᠢ ᠠᠮᠵᠢᠯᠳᠠ ᠲᠠᠢ ᠳᠠᠩᠨᠠᠨ ᠢᠯᠡᠷᠡᠬᠦᠯᠵᠡᠢ ᠃ ᠴᠡᠷᠢᠭ ᠦᠨ ᠳᠠᠯ᠎ᠠ ᠶ᠋ᠢᠨ ᠠᠩᠬ᠎ᠠ ᠠᠯᠬᠤᠮ  ᠳᠤᠳᠤᠯᠠᠭᠰᠠᠨ ᠢᠶᠠᠷ ᠂  ᠮᠠᠭᠡᠯᠡᠭᠳᠡᠭᠰᠡᠨ  ᠬᠦᠮᠦᠨ ᠦ ᠳᠤᠭ᠎ᠠ 100 ᠢᠯᠡᠬᠦᠦ ᠪᠠᠶᠢᠵᠦ ᠂ ᠠᠵᠦ ᠠᠬᠤᠢ ᠶ᠋ᠢᠨ ᠰᠦᠢᠳᠤᠯ 1000 ᠢᠯᠡᠬᠦᠦ ᠳᠦᠮᠡᠨ ᠳᠦᠭᠦᠷᠢᠭ ᠲᠦ ᠬᠦᠷᠴᠡᠢ ᠃

      ᠤᠳᠤᠬᠠᠨ ᠳ᠋ᠤ ᠂ ᠨᠠᠢᠮᠠᠨ ᠬᠤᠰᠢᠭᠤᠨ  ᠤ ᠳᠤᠳᠤᠭᠠᠳᠤ ᠶ᠋ᠢ ᠬᠠᠮᠠᠭᠠᠯᠠᠬᠤ ᠳᠤᠪᠴᠢᠶ᠎ᠠ ᠶ᠋ᠢᠨ ᠬᠢᠨ 12 ᠭᠡᠷᠡᠭᠳᠡᠨ  ᠢ  ᠪᠠᠷᠢᠪᠴᠢᠯᠠᠵᠤ ᠂ ᠳᠠᠷᠠᠭᠠᠴᠢ ᠪᠠᠷ ᠴᠡᠷᠢᠭ ᠦᠨ ᠬᠦᠴᠦᠨ ᠢᠶ᠋ᠡᠨ ᠵᠤᠬᠢᠶᠠᠨ ᠪᠠᠶᠢᠭᠤᠯᠵᠤ ᠂ ᠳᠤᠰ ᠭᠡᠷᠡᠭ ᠲᠦ ᠬᠢᠨᠠᠯᠳᠠ ᠬᠢᠬᠦ ᠪᠤᠯᠤᠨ᠎ᠠ ᠃   (  ᠪᠤᠤ ᠵᠢᠨ ᠯᠢᠶᠠᠨ ᠮᠡᠳᠡᠭᠡᠯᠡᠪᠠ )ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ