ᠨᠠᠢᠮᠠᠨ ᠬᠤᠰᠢᠭᠤ 8 ᠨᠡᠷᠡᠰ ᠦᠨᠡᠨ ‍ᠤ ᠲᠦᠯᠤᠭᠡ ᠡᠷᠡᠯᠭᠡᠭ ᠢᠶᠠᠷ ᠲᠡᠮᠡᠴᠡᠭᠰᠡᠨ ᠵᠢᠱᠢᠶᠡᠴᠢ ᠶ᠋ᠢ ᠬᠦᠬᠢᠬᠦᠯᠤᠨ ᠰᠠᠶᠢᠰᠢᠶᠠᠪᠠ

ᠣᠩᠰᠢᠭᠰᠠᠨ ᠤᠳᠠᠭ᠎ᠠ ᠄ 3658     ᠨᠡᠶᠢᠳᠡᠯᠡᠭᠰᠡᠨ ᠴᠠᠭ ᠄ 2017/3/31 9:21:17


      ᠤᠷᠴᠢᠮ ᠳ᠋ᠤ ᠂  ᠨᠠᠢᠮᠠᠨ ᠬᠤᠰᠢᠭᠤᠨ ‍ᠤ ᠤᠯᠤᠰ ᠲᠦᠷᠤ ᠬᠠᠤᠯᠢ ᠴᠠᠭᠠᠵᠠ  ᠵᠠᠬᠢᠳᠠᠯ ᠰᠤᠷᠪᠤᠯᠵᠢᠯᠭ᠎ᠠ ᠶ᠋ᠢᠨ ᠲᠤᠰᠬᠠᠢ ᠬᠤᠷᠠᠯ ᠬᠤᠷᠠᠯᠳᠤᠭᠤᠯᠵᠤ   ᠂  2016 ᠤᠨ ‍ᠤ 《 ᠪᠦᠬᠦ ᠤᠷᠤᠨ ‍ᠤ ᠦᠨᠡᠨ ᠶᠤᠰᠤᠨ ‍ᠤ ᠲᠦᠯᠤᠭᠡ ᠡᠷᠡᠯᠬᠡᠭ ᠪᠠᠭᠠᠳᠣᠷᠯᠢᠭ ᠢᠶᠠᠷ  ᠲᠡᠮᠡᠴᠡᠭᠰᠡᠨ 》 ᠢᠷᠠᠭᠤ ᠠᠯᠳᠠᠷ ‍ᠢ ᠬᠦᠷᠳᠡᠭᠰᠡᠨ ᠲᠠᠴᠢᠨᠳᠠᠯ᠎ᠠ ᠪᠠᠯᠭᠠᠰᠣ ᠶ᠋ᠢᠨ ᠰᠠᠭᠤᠭᠠᠯᠢ ᠠᠷᠠᠳ ᠠᠰᠠᠷ ᠡᠴᠠ ᠬᠠᠷᠠᠶᠢᠵᠤ ᠠᠮᠢ ᠨᠠᠰᠣ ᠪᠠᠨ ᠬᠤᠤᠷᠯᠠᠬᠤ  ᠬᠡᠰᠡᠨ ᠵᠠᠯᠠᠭᠤ ᠬᠡᠤᠭᠡᠨ ‍ᠢ ᠠᠪᠤᠷᠠᠭᠰᠠᠨ ᠵᠠᠡᠭ ᠰᠢᠶᠠᠡᠭ ᠫᠸᠡᠭ ᠂ ᠵᠠᠡᠭ ᠢᠤᠢ  ᠳ᠋ᠦᠡᠭ ᠂ ᠰᠢᠨᠵᠸᠨ ᠪᠠᠯᠭᠠᠰᠣ ᠶ᠋ᠢᠨ ᠰᠠᠭᠤᠭᠠᠯᠢ ᠠᠷᠠᠳ   ᠶᠡᠭᠡ ᠦᠶᠡᠷ ‍ ᠡᠴᠠ  ᠲᠤᠰᠬᠤᠨ ‍ᠤ ᠠᠷᠠᠳ ‍ᠢ ᠠᠪᠤᠷᠠᠭᠰᠠᠨ ᠯᠢ ᠵᠠᠨ ᠳ᠋ᠦᠡᠭ ᠂ ᠯᠢ ᠵᠠᠨ ᠭᠤᠸᠠᠡᠭ ᠠᠬ᠎ᠠ ᠲᠡᠬᠦᠤ ᠬᠤᠶᠠᠭᠤᠯᠠ ᠵᠢᠴᠢ ᠸᠠᠡᠭ  ᠴᠢᠡᠭ  ᠹᠦ᠋ ᠂ ᠰᠢᠤᠸᠠᠨ ᠬᠠᠢ ᠵᠤᠸᠠᠡᠭ ᠂ ᠰᠢᠤᠸᠠᠢ ᠴᠸᠡᠭ ᠰᠢᠶᠠᠡᠭ ᠂ ᠲᠠᠨ  ᠬᠦᠸ᠋ᠸ ᠵᠢᠶᠦ᠋ᠨ ᠵᠡᠷᠭᠡ  8 ᠨᠡᠷᠡᠰ  ᠵᠢᠱᠢᠶᠠᠴᠢ ᠶᠢ  ᠱᠠᠡᠭᠨᠠᠨ ᠬᠦᠬᠢᠬᠦᠯᠵᠤ ᠂ ᠨᠠᠢᠮᠠᠨ ᠬᠤᠰᠢᠭᠤᠨ ‍ᠤ ᠦᠨᠡᠨ ᠶᠤᠰᠤᠨ  ‍ᠤ ᠲᠦᠯᠤᠭᠡ ᠡᠷᠡᠯᠭᠡᠭ ᠪᠠᠭᠠᠳᠣᠷᠯᠢᠭ ᠢᠶᠠᠷ ᠲᠡᠮᠡᠴᠡᠭᠰᠡᠨ ᠵᠢᠱᠢᠶᠡᠴᠢ ᠢᠷᠠᠭᠤ ᠠᠯᠳᠠᠷ ‍ᠤᠨ ᠦᠨᠡᠮᠯᠡᠯ ᠤᠯᠭᠤᠬᠤ ᠶ᠋ᠢᠨ ᠬᠠᠮᠳᠣ ᠬᠦᠮᠤᠨ ᠪᠦᠷᠢ ᠳ᠋ᠤ 2000 ᠲᠦᠬᠦᠷᠢᠭ ‍ ᠱᠠᠡᠭᠨᠠᠪᠠ ᠃ ᠯᠢ ᠵᠠᠨ ᠳ᠋ᠦᠡᠭ ᠂ ᠵᠠᠡᠭ ᠰᠢᠶᠠᠡᠭ ᠫᠸᠡᠭ ᠵᠡᠷᠭᠡ 8 ᠨᠦᠬᠦᠷ ‍ᠤᠨ ᠠᠮᠢ ᠪᠡᠶ᠎ᠡ ᠪᠠᠨ  ᠬᠠᠶᠢᠬᠤᠷᠤᠯ  ᠦᠬᠡᠢ ᠪᠤᠰᠤᠳ ‍ᠢ ᠠᠪᠤᠷᠠᠭᠰᠠᠨ ᠵᠢᠱᠢᠶᠡᠴᠢ ᠦᠢᠯᠡ  ᠠᠵᠢᠯᠯᠠᠭ᠎ᠠ ᠨᠢ ᠲᠤᠮᠳᠠᠳᠣ ᠶ᠋ᠢᠨ ᠦᠨᠳᠤᠰᠤᠳᠡᠨ ‍ᠤ ᠰᠢᠯᠢᠳᠡᠭ ᠤᠯᠠᠮᠵᠢᠯᠠᠯ  ᠪᠤᠯᠬᠤ ᠪᠦᠬᠡᠳ ᠨᠡᠶᠢᠬᠡᠮ ᠵᠢᠷᠤᠯᠳᠤ ᠭᠤᠤᠯᠯᠠᠭᠴᠢ ᠦᠷᠳᠡᠭ  ‍ᠤᠨ ᠦᠵᠡᠯᠳᠡ ᠶ᠋ᠢᠨ ᠲᠦᠪᠯᠡᠷᠡᠭᠰᠡᠨ ᠲᠤᠰᠬᠠᠯ ᠪᠤᠯᠤᠨ᠎ᠠ ᠃ ᠲᠡᠳᠡᠨᠡᠷ ‍ᠤᠨ ᠮᠠᠭᠳᠠᠨ  ᠳᠠᠭᠤᠯᠠᠭᠤᠰᠢᠳᠠᠢ ᠵᠢᠱᠢᠶᠡᠴᠢ ᠦᠢᠯᠡ ᠶᠠᠪᠤᠳᠠᠯ ᠨᠢ ᠵᠦᠪ ᠡᠨ᠋ᠸᠷᠬᠢ ᠶ᠋ᠢ ᠰᠣᠷᠳᠠᠯᠴᠢᠯᠠᠵᠤ ᠂ ᠡᠷᠬᠢᠮ ᠲᠡᠭᠡᠳᠤ ᠵᠠᠡᠭ ᠰᠣᠷᠳᠠᠯ ‍ᠢ ᠢᠯᠡᠷᠡᠬᠦᠯᠵᠤ ᠂ ᠠᠪᠤᠷᠭᠤ ᠶᠡᠬᠡ ᠶᠤᠰᠤ ᠰᠤᠷᠳᠠᠬᠤᠨ ‍ᠤ ᠬᠦᠴᠤᠨ ‍ᠢ ᠬᠠᠷᠠᠭᠤᠯᠵᠡᠢ ᠃ ᠡᠳᠡᠭᠡᠷ ᠪᠠᠭᠠᠳᠣᠷᠴᠣᠳ ‍ᠢ ᠱᠠᠡᠭᠨᠠᠨ  ᠬᠦᠬᠢᠬᠦᠯᠦᠭᠰᠡᠨ ᠨᠢ ᠦᠷᠭᠡᠨ ᠤᠯᠠᠨ ᠲᠦᠮᠡᠨ ᠳ᠋ᠤ  ᠡᠷᠡᠯᠬᠡᠭ ᠪᠠᠭᠠᠳᠣᠷᠯᠢᠭ ᠢᠶᠠᠷ ᠦᠨᠡᠨ ᠶᠤᠰᠤᠨ ‍ᠤ  ᠳᠦᠯᠦᠭᠡ ᠲᠡᠮᠡᠴᠡᠵᠤ ᠲᠦᠪ ᠶᠤᠰᠤᠨ ‍ᠤ  ᠳᠦᠯᠦᠭᠡ  ᠳᠦᠳᠡᠭᠡᠯᠵᠡᠯ  ᠦᠬᠡᠢ  ᠲᠠᠭᠠᠷᠢᠨ ᠤᠷᠤᠭᠰᠠᠨ ‍ ᠦᠯᠢᠬᠡᠷ ᠲᠠᠭᠤᠷᠢᠶᠠᠯ ‍ᠢ  ᠰᠣᠷᠳᠠᠯᠴᠢᠯᠠᠭᠰᠠᠨ ᠶᠠᠪᠤᠳᠠᠯ ᠪᠤᠯᠤᠨ᠎ᠠ ᠃ ᠮᠦᠨ ᠨᠡᠶᠢᠬᠡᠮ ᠲᠡᠭᠡᠷ᠎ᠡ ᠲᠦᠭ ᠲᠦᠮᠡᠨ ᠯᠢ ᠵᠠᠨ ᠳ᠋ᠦᠡᠭ ᠂ ᠵᠠᠡᠭ ᠰᠢᠶᠠᠡᠭ ᠬᠠᠢ ᠮᠡᠳᠣ ᠶ᠋ᠢᠨ ᠬᠦᠮᠤᠰ ᠤᠯᠠᠰᠢᠷᠠᠬᠤ ᠶ᠋ᠢ ᠤᠷᠢᠶᠠᠯᠠᠨ ᠲᠠᠭᠤᠳᠠᠵᠡᠢ ᠃ ( ᠮᠠ ᠪᠦᠬᠡ   ᠽᠣᠣ ᠬᠦᠸᠸ ᠰᠢᠨ ᠮᠡᠳᠡᠭᠡᠯᠡᠪᠡ )









ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ