ᠨᠠᠢᠮᠠᠨ ᠬᠤᠰᠢᠭᠤᠨ ‍ᠤ ᠪᠠᠶᠢᠴᠠᠭᠠᠬᠤ ᠬᠤᠷᠢᠶ᠎ᠠ ᠮᠤᠡᠭᠭᠤᠯ ᠬᠢᠳᠡᠳ ᠬᠤᠤᠰ ᠬᠡᠯᠡᠨ ᠪᠡᠷ ᠬᠠᠣᠯᠢ ᠴᠠᠭᠠᠵᠠ ᠶ᠋ᠢᠨ ᠬᠦᠢᠴᠡᠳᠬᠡᠬᠦ ᠬᠢᠷᠢ ᠲᠦᠪᠰᠢᠨ  ᠢᠶᠡᠨ ᠶᠡᠬᠡᠪᠡᠷ ᠴᠢᠡᠭᠭᠠᠷᠠᠭᠤᠯᠵᠤ ᠪᠠᠶᠢᠨ᠎ᠠ

ᠣᠩᠰᠢᠭᠰᠠᠨ ᠤᠳᠠᠭ᠎ᠠ ᠄ 8758     ᠨᠡᠶᠢᠳᠡᠯᠡᠭᠰᠡᠨ ᠴᠠᠭ ᠄ 2017/3/31 8:58:19


     《 ᠲᠠᠨ ᠳ᠋ᠤ ᠲᠤᠰ ᠦᠨᠳᠤᠰᠤᠳᠡᠨ ‍ᠤ ᠪᠠᠨ ᠦᠬᠡ ᠬᠡᠯᠡ ᠦᠰᠣᠭ᠌ ᠪᠢᠴᠢᠭ ᠢᠶᠠᠷ ᠢᠶᠡᠨ ᠵᠠᠭᠠᠯᠳᠣᠬᠣ ᠡᠷᠭᠡ ᠲᠠᠢ ᠁ 》 ᠃ ᠡᠨᠡ ᠪᠤᠯ ᠤᠷᠴᠢᠮ ᠳ᠋ᠤ ᠪᠤᠯᠤᠭᠰᠠᠨ ᠨᠠᠢᠮᠠᠨ ᠬᠤᠰᠢᠭᠤᠨ ‍ᠤ ᠪᠠᠶᠢᠴᠠᠭᠠᠬᠤ  ᠬᠤᠷᠢᠶᠠᠨ ‍ᠤ ᠪᠠᠶᠢᠴᠠᠭᠠᠭᠴᠢ ᠠᠶᠤᠯ ᠲᠠᠢ ᠲᠡᠷᠭᠡ  ᠵᠢᠯᠤᠭᠤᠳᠤᠭᠠᠳ ᠶᠠᠯ᠎ᠠ ᠪᠡᠷ ᠰᠡᠵᠢᠭᠳᠡᠭᠯᠡᠭᠰᠡᠨ ᠴᠸᠨ ᠤᠪᠤᠭᠳᠤ ᠶ᠋ᠢ ᠰᠢᠬᠦᠬᠦ ᠦᠶ᠎ᠡ  ᠳ᠋ᠤ ᠬᠡᠯᠡᠭᠰᠡᠨ ᠦᠬᠡ ᠪᠤᠯᠤᠨ᠎ᠠ ᠃ ᠴᠸᠨ ᠤᠪᠤᠭᠳᠤ ᠪᠤᠯ ᠮᠤᠡᠭᠭᠤᠯ ᠦᠨᠳᠤᠰᠤᠳᠡᠨ ‍ᠤ ᠮᠠᠯᠴᠢᠨ ᠶᠤᠮ ᠃ ᠰᠢᠬᠦᠯᠳᠡ ᠳ᠋ᠤ ᠂ ᠡᠨᠡᠬᠦ ᠬᠡᠷᠡᠭ ‍ᠢ ᠬᠦᠢᠴᠡᠳᠭᠡᠵᠤ ᠪᠠᠶᠢᠭ᠎ᠠ ᠪᠠᠶᠢᠴᠠᠭᠠᠭᠴᠢ ᠮᠤᠡᠭᠭᠤᠯ ᠬᠢᠳᠡᠳ ᠬᠡᠯᠡ ᠪᠡᠷ ᠴᠸᠨ ᠤᠪᠤᠭᠳᠤ ᠳ᠋ᠤ ᠮᠤᠡᠭᠭᠤᠯ ᠬᠢᠳᠡᠳ  ᠢᠶᠠᠷ ᠵᠠᠭᠠᠯᠳᠤᠬᠤ ᠡᠷᠭᠡ ᠪᠠ ᠬᠠᠷᠢᠭᠤᠴᠠᠯᠭ᠎ᠠ ᠲᠠᠢ ᠬᠡᠵᠤ ᠬᠡᠯᠡᠵᠤ ᠦᠭᠬᠦᠭᠰᠡᠨ ᠪᠦᠬᠡᠳ ᠬᠠᠤᠯᠢ ᠴᠠᠭᠠᠵᠠ ᠶ᠋ᠢᠨ ᠪᠢᠴᠢᠭ ᠮᠠᠲ᠋ᠸᠷᠢᠶᠠᠯ ‍ᠢ ᠲᠡᠬᠦᠰᠭᠡᠭᠰᠡᠨ ‍ᠤ ᠲᠠᠷᠠᠭ᠎ᠠ ᠂ ᠦᠰᠣᠭ᠌ ᠲᠠᠷᠠᠭᠠᠯᠠᠨ ᠮᠤᠡᠭᠭᠤᠯᠴᠢᠯᠠᠨ ᠦᠭᠴᠣ ᠂ ᠴᠸᠨ ᠣᠪᠣᠭᠳᠣ ᠪᠠᠰᠠ ᠯᠠᠪᠯᠠᠨ  ᠦᠵᠡᠭᠰᠡᠨ ‍ᠤ ᠲᠠᠷᠠᠭ᠎ᠠ ᠰᠢᠬᠦᠯᠳᠡ ᠶ᠋ᠢᠨ ᠲᠡᠮᠳᠡᠭᠯᠡᠯ ᠳ᠋ᠤ  ᠦᠪᠡᠷ ‍ᠤᠨ ᠭᠠᠷ ‍ᠤᠨ ᠦᠰᠣᠭ᠌ ᠵᠢᠷᠤᠵᠡᠢ ᠃ 《 ᠪᠠᠶᠢᠴᠠᠭᠠᠭᠴᠢ ᠶ᠋ᠢᠨ  ᠮᠤᠡᠭᠭᠤᠯ ᠢᠶᠠᠷ ᠬᠡᠯᠡᠬᠦ ᠶ᠋ᠢ ᠲᠤᠪ ᠲᠤᠳᠤᠷᠬᠠᠢ ᠤᠶᠢᠯᠠᠭᠠᠵᠡᠢ ᠂ ᠮᠢᠨᠤ ᠰᠠᠨᠠᠭᠠᠰᠢᠷᠠᠯ ‍ᠢ ᠲᠠᠶᠢᠯᠪᠠ 》 ᠬᠡᠵᠤ ᠴᠸᠨ ᠤᠪᠤᠭᠳᠤ ᠬᠡᠯᠡᠯ᠎ᠡ ᠃ ᠲᠤᠰ ᠭᠠᠵᠠᠷ ᠤᠷᠤᠨ  ᠳᠤ ᠮᠤᠡᠭᠭᠤᠯ ᠦᠨᠳᠤᠰᠤᠳᠡᠨ ‍ᠤ ᠤᠯᠠᠨ ᠲᠦᠮᠡᠨ  ᠭᠤᠷᠪᠠᠨ ‍ᠤ ᠨᠢᠬᠡ ᠬᠤᠪᠢ ᠶ᠋ᠢ ᠡᠵᠡᠯᠡᠵᠤ ᠂ ᠮᠤᠡᠭᠭᠤᠯ ᠬᠡᠯᠡ ᠶ᠋ᠢ ᠬᠡᠷᠡᠭᠯᠡᠬᠦ ᠬᠡᠪᠴᠢᠶ᠎ᠡ ᠦᠷᠭᠡᠨ ᠲᠡᠯᠬᠡᠷ ᠪᠠᠶᠢᠭ᠎ᠠ ᠪᠠᠶᠢᠳᠠᠯ ᠳ᠋ᠤ ᠴᠢᠭᠯᠡᠬᠦᠯᠤᠨ ᠂ ᠨᠠᠢᠮᠠᠨ ᠬᠤᠰᠢᠭᠤᠨ ‍ᠤ ᠪᠠᠶᠢᠴᠠᠭᠠᠬᠤ ᠬᠤᠷᠢᠶ᠎ᠠ ᠬᠡᠳᠣᠨ ᠵᠢᠯ ‍ᠤᠨ ᠲᠤᠷᠰᠢ ᠮᠤᠡᠭᠭᠤᠯ ᠬᠢᠳᠡᠳ  ᠬᠤᠤᠰ ᠬᠡᠯᠡ  ᠪᠡᠷ ᠵᠠᠭᠠᠯᠳᠣᠯᠭ᠎ᠠ ᠬᠢᠬᠦ ᠠᠵᠢᠯ ‍ᠢ ᠲᠠᠰᠣᠷᠠᠯᠳᠠ ᠦᠬᠡᠢ ᠴᠢᠡᠭᠭᠠᠳᠬᠠᠵᠤ ᠂ ᠮᠤᠡᠭᠭᠤᠯ ᠦᠨᠳᠤᠰᠤᠳᠡᠨ ‍ᠤ ᠤᠯᠠᠨ ᠲᠦᠮᠡᠨ ‍ᠤ  ᠵᠠᠭᠠᠯᠳᠤᠯᠭ᠎ᠠ ᠬᠢᠬᠦ ᠡᠷᠭᠡ ᠶ᠋ᠢ ᠪᠠᠳᠤᠯᠠᠪᠠ ᠃ ᠡᠶᠢᠮᠤ ᠡᠴᠠ ᠲᠤᠬᠠᠢ ᠶ᠋ᠢᠨ ᠤᠷᠤᠨ ‍ᠤ ᠮᠤᠡᠭᠭᠤᠯ  ᠲᠦᠮᠡᠨ 《 ᠰᠠᠶᠢᠨ ᠪᠠᠶᠢᠨ᠎ᠠ ᠳ᠋ᠠ 》 ᠬᠡᠵᠤ ᠦᠨᠡᠯᠡᠳᠡᠭ ᠃ ᠨᠠᠢᠮᠠᠨ ᠬᠤᠰᠢᠭᠤᠨ ‍ᠤ ᠪᠠᠶᠢᠴᠠᠭᠠᠬᠤ ᠬᠤᠷᠢᠶᠠᠨ ‍ᠤ ᠮᠤᠡᠭᠭᠤᠯ ᠦᠨᠳᠤᠰᠤᠳᠡᠨ ‍ᠤ  ᠺᠠᠳ᠋ᠷ ᠴᠠᠭᠳᠠᠭ᠎ᠠ ᠶ᠋ᠢᠨ ᠲᠤᠳᠤᠷ᠎ᠠ ᠮᠣᠡᠭᠭᠣᠯ ᠬᠢᠳᠡᠳ ᠬᠤᠤᠰ ᠬᠡᠯᠡ ᠶ᠋ᠢ ᠮᠡᠳᠡᠳᠡᠭ ᠬᠦᠮᠤᠨ 9 ᠬᠦᠮᠤᠨ ᠪᠠᠶᠢᠨ᠎ᠠ ᠃ 2015 ᠤᠨ ᠡᠴᠠ ᠨᠠᠰᠢ ᠂ ᠮᠤᠡᠭᠭᠤᠯ ᠬᠢᠳᠡᠳ ᠬᠤᠤᠰ ᠬᠡᠯᠡ ᠪᠡᠷ ᠬᠠᠤᠯᠢ ᠬᠡᠷᠡᠭᠵᠢᠬᠦᠯᠬᠦ ᠬᠢᠷᠢ ᠲᠦᠪᠰᠢᠨ ‍ᠢ ᠲᠡᠭᠡᠭᠰᠢᠯᠡᠬᠦᠯᠬᠦ ᠶ᠋ᠢᠨ ᠲᠦᠯᠤᠭᠡ ᠂ ᠲᠤᠰ ᠬᠤᠷᠢᠶ᠎ᠠ 5 ᠨᠡᠷᠡᠰ   ᠺᠠᠳ᠋ᠷ ᠴᠠᠭᠳᠠᠭ᠎ᠠ ᠨᠠᠷ ‍ᠢ ᠭᠠᠳᠠᠭᠰᠢ  ᠲᠤᠮᠢᠯᠠᠵᠤ ᠮᠤᠡᠭᠭᠤᠯ ᠬᠡᠯᠡᠨ ‍ᠤ ᠦᠷᠬᠦᠯᠵᠢᠯᠡᠭᠰᠡᠨ ᠰᠣᠷᠭᠠᠨ ᠬᠦᠮᠤᠵᠢᠯ ᠬᠦᠷᠳᠡᠭᠡᠵᠤ ᠂ ᠲᠤᠰᠬᠠᠢ ᠲᠤᠰᠢᠶᠠᠯ ᠲᠠᠢ ᠮᠤᠡᠭᠭᠤᠯ ᠬᠡᠯᠡᠨ ‍ᠤ ᠤᠷᠴᠢᠭᠤᠯᠤᠭᠴᠢ ᠲᠤᠬᠢᠷᠠᠭᠤᠯᠵᠤ ᠂ ᠵᠠᠭᠠᠯᠳᠣᠯᠭ᠎ᠠ ᠬᠢᠬᠦ ᠂ ᠢᠷᠭᠡᠨ ‍ᠤ ᠬᠡᠷᠡᠭ  ‍ᠢ ᠶᠠᠪᠤᠭᠳᠠᠭᠤᠯᠬᠤ ᠂ ᠭᠤᠮᠤᠳᠠᠯ ᠢᠶᠡᠨ ᠲᠤᠭᠠᠴᠢᠬᠤ ᠂ ᠡᠷᠡᠬᠦᠤ ᠶ᠋ᠢᠨ ᠬᠡᠷᠡᠭ ‍ᠢ ᠶᠠᠪᠤᠭᠳᠠᠭᠤᠯᠬᠤ ᠵᠡᠷᠭᠡ ᠲᠠᠯ᠎ᠠ ᠶ᠋ᠢ  ᠬᠠᠷᠢᠭᠤᠴᠠᠵᠤ ᠂ ᠮᠤᠡᠭᠭᠤᠯ   ᠪᠢᠴᠢᠭ ᠮᠤᠡᠭᠭᠤᠯ ᠬᠡᠯᠡᠨ ‍ᠤ ᠬᠡᠷᠡᠭ ᠵᠠᠷᠭᠤ ᠶ᠋ᠢ ᠰᠢᠢᠳᠪᠤᠷᠢᠯᠡᠬᠦ ᠶ᠋ᠢ ᠪᠠᠳᠤᠯᠠᠵᠡᠢ ᠃ ᠨᠢᠳᠣᠨᠣᠨ ‍ᠤ ᠬᠦᠮᠤᠨ ‍ᠤ ᠤᠷᠤᠨ ᠲᠤᠭ᠎ᠠ ᠶ᠋ᠢᠨ ᠦᠬᠡᠷᠡᠴᠢᠯᠡᠯᠳᠡ  ᠳᠤ᠂ ᠲᠤᠰᠬᠠᠢ ᠨᠢᠬᠡ ᠮᠤᠡᠭᠭᠤᠯ ᠬᠢᠳᠡᠳ ᠬᠤᠤᠰ ᠬᠡᠯᠡ  ᠮᠡᠳᠡᠬᠦ ᠬᠦᠮᠤᠨ ‍ᠢ ᠪᠠᠶᠢᠴᠠᠭᠠᠬᠤ ᠬᠤᠷᠢᠶᠠᠨ ᠳ᠋ᠠᠭᠠᠨ ᠠᠪᠴᠢᠷᠠᠵᠤ ᠨᠢᠬᠡᠳᠣᠭᠡᠷ  ᠹᠷᠤᠨᠲ ‍ᠤᠨ ᠬᠡᠷᠡᠭ ‍ᠢ ᠬᠦᠢᠴᠡᠳᠭᠡᠬᠦ ᠡᠡᠭᠨᠡᠬᠡᠨ  ᠳᠤ ᠣᠷᠣᠭᠣᠯᠪᠡ ᠃ ᠪᠠᠶᠢᠴᠠᠭᠠᠬᠤ ᠠᠵᠢᠯ  ‍ᠤᠨ ᠦᠢᠯᠡᠴᠢᠯᠡᠭᠡᠨ ‍ᠢ ᠮᠤᠡᠭᠭᠤᠯ ᠦᠨᠳᠤᠰᠤᠳᠡᠨ ‍ᠤ ᠤᠯᠠᠨ ᠲᠦᠮᠡᠨ ᠳᠦ ᠤᠯᠠᠮ ᠨᠢᠬᠡ ᠠᠯᠬᠤᠮ  ᠰᠠᠶᠢᠳᠤᠷ  ᠦᠢᠯᠡᠴᠢᠯᠡᠬᠦ ᠶ᠋ᠢᠨ ᠲᠦᠯᠤᠬᠡ ᠂ ᠨᠠᠢᠮᠠᠨ ᠬᠤᠰᠢᠭᠤᠨ ‍ᠤ ᠪᠠᠶᠢᠴᠠᠭᠠᠬᠤ ᠬᠤᠷᠢᠶ᠎ᠠ ᠭᠤᠮᠤᠳᠠᠯ ᠢᠶᠡᠨ ᠵᠠᠭᠠᠯᠳᠤᠬᠤ  ᠬᠦᠯᠢᠶᠡᠨ ᠠᠪᠬᠤ ᠶᠡᠭᠡ  ᠲᠢᠡᠭᠬᠢᠮ ᠪᠠ ᠬᠡᠷᠡᠭ ‍ᠢ ᠬᠠᠮᠢᠶᠠᠷᠬᠤ ᠲᠦᠪ ᠭᠠᠷᠭᠠᠵᠤ ᠲᠤᠰᠬᠠᠢ  ᠮᠤᠡᠭᠭᠤᠯ ᠬᠢᠳᠡᠳ ᠢᠶᠠᠷ ᠬᠦᠯᠢᠶᠡᠨ ᠠᠪᠬᠤ ᠴᠣᠡᠭᠬᠤᠪᠴᠢ ᠲᠤᠬᠢᠷᠠᠭᠤᠯᠵᠤ ᠂ ᠮᠤᠡᠭᠭᠤᠯ ᠦᠨᠳᠤᠰᠤᠳᠡᠨ ‍ᠤ ᠤᠯᠠᠨ ᠲᠦᠮᠡᠨ ‍ᠤ ᠵᠠᠭᠠᠯᠳᠣᠯᠭ᠎ᠠ ᠬᠢᠬᠦ ᠂ ᠭᠤᠮᠤᠳᠠᠯ ᠢᠶᠡᠨ ᠲᠤᠭᠠᠴᠢᠬᠤ ᠂ ᠯᠠᠪᠯᠠᠨ ᠠᠰᠠᠭᠤᠬᠤ ᠂ ᠪᠠᠶᠢᠴᠠᠭᠠᠨ ᠡᠷᠢᠬᠦ ᠳ᠋ᠤ ᠲᠦᠬᠦᠮ ᠪᠤᠯᠭᠠᠵᠡᠢ ᠃    

          ᠬᠤᠶᠠᠷ ᠵᠢᠯ ‍ᠤᠨ ᠲᠤᠷᠰᠢ ᠂ ᠮᠤᠡᠭᠭᠤᠯ ᠬᠢᠳᠡᠳ ᠬᠤᠤᠰ ᠬᠡᠯᠡ ᠪᠡᠷ ᠬᠦᠯᠢᠶᠡᠨ ᠠᠪᠤᠭᠰᠠᠨ ᠤᠯᠠᠨ ᠲᠦᠮᠡᠨ 61 ᠬᠦᠮᠦᠨ ᠤᠳᠠᠭ᠎ᠠ  ᠪᠤᠯᠵᠡᠢ ᠃ ᠪᠦᠬᠦ ᠬᠤᠰᠢᠭᠤᠨ ‍ᠤ ᠪᠠᠨ16 ᠰᠣᠮᠣ ᠰᠢᠶᠠᠡᠭ ᠪᠠᠯᠭᠠᠰᠣᠨ  ᠳᠤ ᠬᠦᠨᠵᠡᠭᠡᠶᠢᠷᠡᠵᠤ ᠂ ᠪᠠᠶᠢᠴᠠᠭᠠᠬᠤ ᠬᠤᠯᠪᠤᠭ᠎ᠠ ᠠᠪᠬᠤ ᠬᠦᠮᠤᠰ ‍ᠤᠨ ᠲᠤᠰᠬᠠᠯ ᠢᠶᠠᠷ ᠲᠠᠮᠵᠢᠭᠤᠯᠤᠨ ᠂ ᠲᠤᠰᠬᠤᠨ ᠲᠠᠷᠠᠭᠠᠯᠠᠨ ᠰᠣᠷᠪᠤᠯᠵᠢᠯᠠᠨ ᠲᠤᠭᠤᠷᠢᠵᠤ ᠂ ᠵᠦᠷᠢᠴᠡᠯ ᠵᠢᠭᠤᠷᠠᠯᠳᠤᠭᠠᠨ ‍ᠢ 4 ᠬᠤᠪᠢ ᠡᠶᠡᠳᠡᠬᠦᠯᠤᠨ ᠰᠢᠢᠳᠪᠤᠷᠢᠯᠡᠪᠡ ᠃ ᠲᠤᠰ ᠪᠠᠶᠢᠴᠠᠭᠠᠬᠤ ᠬᠤᠷᠢᠶ᠎ᠠ ᠦᠨᠳᠤᠰᠤᠳᠡᠨ ‍ᠤ ᠡᠯᠸᠮᠸᠨ᠋ᠲ  ᠢ ᠪᠠᠶᠢᠴᠠᠭᠠᠬᠤ ᠬᠤᠷᠢᠶᠠᠨ ‍ᠤ ᠠᠵᠢᠯ ‍ᠤᠨ  ᠢᠯᠡ ᠲᠤᠳᠤ  ᠪᠤᠯᠭᠠᠬᠤ ᠳ᠋ᠤ ᠨᠡᠪᠴᠢᠬᠦᠯᠵᠤ ᠂ ᠪᠠᠶᠢᠴᠠᠭᠠᠬᠤ ᠬᠤᠷᠢᠶᠠᠨ ‍ᠤ ᠢᠯᠡ ᠲᠤᠳᠤ ᠪᠤᠯᠭᠠᠬᠤ ᠶ᠋ᠢ  ᠨᠡᠭᠡᠭᠡᠭᠰᠡᠨ ᠡᠳᠤᠷ ᠂ ᠵᠠᠰᠠᠭ ‍ᠤᠨ ᠲᠠᠯ᠎ᠠ ᠶ᠋ᠢᠨ ᠸᠸᠴᠡᠲ  ᠪᠦᠷᠭᠡ ᠂ ᠵᠠᠰᠠᠭ ‍ᠤᠨ ᠲᠠᠯ᠎ᠠ ᠶ᠋ᠢᠨ ᠰᠦᠯᠵᠢᠶ᠎ᠡ ᠵᠡᠷᠭᠡ ᠰᠢᠨ᠎ᠡ ᠵᠠᠭᠤᠴᠢᠯᠠᠭᠤᠷ  ᠢᠶᠠᠷ ᠳᠠᠮᠵᠢᠨ ᠦᠷ᠎ᠡ ᠪᠦᠳᠣᠮᠵᠢᠲᠠᠢ ᠪᠡᠷ  ᠤᠬᠠᠭᠤᠯᠭ᠎ᠠ ᠬᠢᠵᠠᠢ ᠃ ᠤᠬᠠᠭᠤᠯᠤᠯ ‍ᠤᠨ ᠭᠠᠷ ᠲᠡᠪᠳᠡᠷ ᠂ ᠦᠵᠡᠬᠦᠯᠤᠯᠭᠡ ᠶ᠋ᠢᠨ ᠰᠠᠮᠪᠠᠷ᠎ᠠ  ᠪᠠᠨ ᠮᠤᠡᠭᠭᠤᠯ ᠬᠢᠳᠡᠳ ᠬᠤᠤᠰ ᠦᠰᠣᠭ᠌ ᠪᠢᠴᠢᠭ ᠢᠶᠠᠷ  ᠲᠤᠬᠢᠷᠠᠭᠤᠯᠪᠠ  ᠃ ᠬᠦᠳᠡᠭᠡ ᠲᠤᠰᠬᠤᠨ ‍ᠤ ᠶᠡᠭᠡ ᠴᠣᠭᠯᠠᠭᠠᠨ ‍ᠤ ᠠᠰᠢᠭ ᠲᠠᠢ ᠠᠵᠠ ᠵᠠᠪᠰᠢᠶᠠᠨ  ‍ᠢ  ᠲᠤᠬᠢᠶᠠᠯᠳᠤᠭᠤᠯᠵᠤ ᠂ 《 ᠬᠠᠤᠯᠢ ᠴᠠᠭᠠᠵᠠ ᠶ᠋ᠢ ᠬᠦᠳᠡᠭᠡ ᠲᠤᠰᠬᠤᠨ ᠳ᠋ᠤ ᠬᠦᠷᠭᠡᠬᠦ 》 ᠵᠡᠷᠭᠡ ᠬᠠᠤᠯᠢ ᠲᠦᠬᠡᠮᠡᠯᠵᠢᠬᠦᠯᠬᠦ ᠠᠵᠢᠯᠯᠠᠭᠠᠨ ‍ᠢ ᠦᠷᠨᠢᠬᠦᠯᠵᠤ ᠂ ᠤᠷᠢᠳ ᠬᠤᠵᠢᠳ ᠮᠤᠡᠭᠭᠤᠯ ᠬᠢᠳᠡᠳ  ᠬᠤᠤᠰ ᠬᠡᠯᠡᠨ ‍ᠤ ᠪᠠᠶᠢᠴᠠᠭᠠᠬᠤ ᠤᠬᠠᠭᠤᠯᠤᠯ ‍ᠤᠨ  ᠮᠠᠲ᠋ᠸᠷᠢᠶᠠᠯ  2000 ᠬᠤᠪᠢ  ᠲᠠᠷᠬᠠᠭᠠᠪᠠ ᠃  ᠬᠠᠮᠳᠣ ᠳ᠋ᠣᠨᠢ ᠲᠤᠰ ᠬᠤᠷᠢᠶ᠎ᠠ  ᠪᠠᠰᠠ  ᠰᠢᠬᠦᠬᠦ ᠬᠤᠷᠢᠶ᠎ᠠ ᠂ ᠲᠤᠳᠤᠭᠠᠳᠤ  ᠶᠢ ᠬᠠᠮᠠᠭᠠᠯᠠᠬᠤ ᠲᠤᠪᠴᠢᠶ᠎ᠠ ᠲᠠᠢ ᠨᠢᠭᠳᠠ ᠬᠠᠮᠵᠢᠯᠴᠠᠵᠤ ᠂  ᠰᠢᠬᠦᠬᠦ  ᠬᠤᠷᠢᠶ᠎ᠠ ᠪᠠ ᠲᠤᠳᠤᠭᠠᠳᠤ ᠶ᠋ᠢ ᠬᠠᠮᠠᠭᠠᠯᠠᠬᠤ ᠲᠤᠪᠴᠢᠶ᠎ᠠ  ᠴᠦ ᠪᠠᠶᠢᠴᠠᠭᠠᠬᠤ ᠬᠤᠷᠢᠶᠠᠨ ‍ᠤ ᠬᠤᠤᠰ ᠬᠡᠯᠡᠨ ‍ᠤ ᠦᠢᠯᠡᠴᠢᠯᠡᠭᠡᠨ ‍ᠤ ᠠᠵᠢᠯ ‍ᠢ ᠬᠦᠴᠣᠳᠠᠢ ᠲᠡᠮᠵᠢᠵᠤ  ᠂ ᠲᠤᠳᠤᠭᠠᠳᠤ ᠂ ᠰᠢᠬᠦᠬᠦ ᠂ ᠪᠠᠶᠢᠴᠠᠭᠠᠬᠤ ᠭᠤᠷᠪᠠᠨ ᠪᠠᠶᠢᠭᠤᠯᠭ᠎ᠠ  ᠨᠠᠷᠢᠨ ᠬᠠᠮᠵᠢᠯᠴᠠᠵᠤ ᠂ ᠠᠵᠢᠯ ᠢᠶᠡᠨ ᠲᠦᠯᠬᠢᠨ ᠠᠬᠢᠭᠤᠯᠵᠤ ᠪᠠᠶᠢᠨ᠎ᠠ  ᠃  ( ᠮᠠ ᠪᠦᠬᠡ   ᠱᠸᠨ ᠵᠢᠡᠭ ᠹᠠᠡᠭ   ᠴᠡᠴᠡᠭ   ᠮᠡᠳᠡᠭᠡᠯᠡᠪᠡ  )

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ