ᠨᠠᠢᠮᠠᠨ ᠬᠤᠰᠢᠭᠤ ᠶᠠᠳᠠᠭᠤ ᠶ᠋ᠢ ᠲᠡᠳᠬᠦᠬᠦ ᠵᠤᠭᠤᠰ ᠮᠦᠡᠭᠬᠦ ᠪᠠᠨ ᠨᠡᠶᠢᠳᠬᠡᠵᠦ ᠠᠵᠤ ᠠᠬᠤᠢ ᠶ᠋ᠢᠨ ᠣᠢ ᠮᠤᠳᠤᠨ ‍ᠤ ᠠᠵᠤ ᠣᠶᠢᠯᠡᠰ ᠢᠶᠡᠨ ᠬᠦᠭᠵᠢᠬᠦᠯᠵᠤ ᠪᠠᠶᠢᠨ᠎ᠠ

ᠣᠩᠰᠢᠭᠰᠠᠨ ᠤᠳᠠᠭ᠎ᠠ ᠄ 7318     ᠨᠡᠶᠢᠳᠡᠯᠡᠭᠰᠡᠨ ᠴᠠᠭ ᠄ 2017/3/17 9:58:34


       ᠨᠠᠢᠮᠠᠨ ᠬᠤᠰᠢᠭᠤ ᠤᠳᠤᠬᠠᠨ ‍ᠤ ᠠᠮᠤ  ᠪᠣᠳᠠᠭᠠᠨ ‍ᠤ ᠦᠨ᠎ᠡ ᠬᠠᠡᠭᠰᠢ ᠦᠷᠬᠦᠯᠵᠢᠯᠡᠨ ᠪᠠᠭᠤᠷᠠᠬᠤ ᠬᠠᠨᠳᠣᠰᠢ ᠲᠠᠢ ᠪᠠᠶᠢᠭ᠎ᠠ ᠪᠠ ᠶᠠᠳᠠᠭᠤ ᠬᠦᠴᠢᠷᠳᠡᠯᠳᠤ  ᠤᠯᠠᠨ ᠲᠦᠮᠡᠨ ᠤᠷᠤᠯᠭ᠎ᠠ ᠪᠠᠨ ᠨᠡᠮᠡᠭᠳᠡᠬᠦᠯᠬᠦ ᠳ᠋ᠤ ᠬᠦᠴᠢᠷ ᠪᠠᠶᠢᠭ᠎ᠠ ᠪᠠᠶᠢᠳᠠᠯ  ᠳ᠋ᠤ ᠴᠢᠭᠯᠡᠬᠦᠯᠤᠨ ᠠᠵᠤ ᠤᠶᠢᠯᠡᠰ ‍ᠤᠨ  ᠪᠦᠳᠤᠴᠡ ᠪᠠᠨ ᠲᠤᠬᠢᠷᠠᠭᠤᠯᠵᠤ ᠠᠵᠤ ᠠᠬᠤᠢ ᠶ᠋ᠢᠨ ᠤᠢ  ᠮᠤᠳᠤ ᠶ᠋ᠢ ᠬᠦᠭᠵᠢᠬᠦᠯᠬᠦ  ᠪᠡᠷ ᠭᠤᠤᠯ ᠳᠤᠯᠭᠠᠭᠤᠷᠢᠯᠠᠬᠤ ᠠᠵᠤ  ᠤᠶᠢᠯᠡᠰ ᠢᠶᠡᠨ  ᠬᠦᠭᠵᠢᠬᠦᠯᠤᠨ᠎ᠠ ᠬᠡᠵᠤ ᠡᠷᠡᠰ   ᠲᠠᠰᠣᠷᠬᠠᠢ ᠲᠤᠷᠠᠳᠴᠣ ᠂ ᠤᠨᠢᠨ ᠲᠡᠭᠡᠷ᠎ᠡ ᠨᠢ ᠶᠠᠳᠠᠭᠤ ᠶ᠋ᠢ ᠲᠡᠳᠬᠦᠬᠦ ᠶ᠋ᠢ  ᠠᠬᠢᠭᠤᠯᠬᠤ ᠪᠠᠶᠢᠯᠳᠤᠬᠤ ᠪᠤᠳᠤᠯᠭ᠎ᠠ ᠶ᠋ᠢᠨ ᠪᠠᠶᠢᠷᠢᠰᠢᠭᠤᠯᠤᠯᠳᠠ  ᠭᠠᠷᠭᠠᠪᠠ ᠃ 2017 ᠤᠨ ᠳ᠋ᠤ ᠂ ᠲᠤᠰ ᠬᠤᠰᠢᠭᠤ  ᠦᠪᠡᠷᠳᠡᠭᠡᠨ ᠵᠠᠰᠠᠬᠤ ᠤᠷᠤᠨ ‍ᠤ ᠶᠠᠳᠠᠭᠤ ᠶ᠋ᠢ ᠲᠡᠳᠬᠦᠬᠦ  ᠲᠦᠷᠦᠯ ᠵᠦᠢᠯ ᠦᠨ ᠵᠤᠭᠤᠰ ᠮᠦᠡᠭᠬᠦ  ᠪᠠᠨ  ᠨᠠᠶᠢᠳᠬᠡᠵᠦ  ᠂ ᠠᠵᠤ ᠠᠬᠤᠢ ᠶ᠋ᠢᠨ ᠤᠢ ᠮᠤᠳᠤᠨ ‍ᠤ ᠠᠵᠤ ᠤᠶᠢᠯᠡᠰ ‍ᠢ ᠬᠦᠭᠵᠢᠬᠦᠯᠬᠦ ᠪᠡᠯᠡ ᠤᠷᠤᠭᠤᠯᠤᠯᠳᠠ ᠶ᠋ᠢᠨ ᠬᠦᠴᠤᠴᠡ ᠪᠠᠨ ᠤᠯᠠᠨ ᠨᠢᠬᠡ ᠠᠯᠬᠤᠮ ᠴᠢᠡᠭᠭᠠᠷᠠᠭᠤᠯᠵᠤ ᠂  ᠠᠷᠠᠳ ‍ᠢ ᠪᠠᠶᠠᠵᠢᠭᠤᠯᠤᠨ ᠴᠢᠨᠡᠭᠡᠯᠢᠭᠵᠢᠬᠦᠯᠬᠦ ᠠᠵᠤ ᠤᠶᠢᠯᠡᠰ ᠢᠶᠡᠨ ᠦᠷᠬᠦᠯᠵᠢᠯᠡᠨ ᠡᠷᠡᠬᠦᠯ ᠢᠶᠠᠷ ᠲᠦᠷᠭᠡᠨ ᠬᠦᠭᠵᠢᠬᠦᠯᠬᠦ ᠶ᠋ᠢ ᠲᠡᠮᠵᠢᠵᠤ ᠪᠠᠶᠢᠨ᠎ᠠ ᠃  ᠤᠢ ᠮᠤᠳᠤᠨ ‍ᠤ ᠲᠦᠷᠤᠯ ᠵᠤᠶᠢᠯ ‍ᠤᠨ ᠵᠤᠭᠤᠰ ᠮᠦᠡᠭᠬᠦ ᠪᠠᠨ ᠨᠢᠬᠡ ᠮᠦ ᠳ᠋ᠤ 500 ᠲᠦᠬᠦᠷᠢᠭ ‍ᠤᠨ ᠪᠡᠯᠡ ᠤᠷᠤᠭᠤᠯᠤᠭᠰᠠᠨ ᠤᠤᠯ ‍ᠤᠨ ᠰᠠᠭᠤᠷᠢᠨ ᠲᠡᠭᠡᠷ᠎ᠡ  ᠪᠠᠨ ᠂ ᠮᠦ  ᠪᠦᠷᠢ ᠳ᠋ᠤ 300 ᠲᠦᠬᠦᠷᠢᠭ ‍ᠤᠨ ᠶᠠᠳᠠᠭᠤ ᠶ᠋ᠢ ᠲᠡᠳᠬᠦᠬᠦ  ᠨᠡᠶᠢᠳᠭᠡᠭᠦᠯᠦᠭᠰᠡᠨ  ᠵᠤᠭᠤᠰ ᠮᠦᠡᠭᠬᠦ  ᠶ᠋ᠢᠨ ᠪᠡᠯᠡ ᠤᠷᠤᠭᠤᠯᠤᠯᠳᠠ ᠪᠠᠨ ᠨᠡᠮᠡᠭᠳᠡᠬᠦᠯᠬᠦ ᠪᠡᠷ  ᠳᠦᠯᠦᠪᠯᠡᠭᠰᠡᠨ ᠰᠠᠭᠤᠷᠢᠨ ᠲᠡᠭᠡᠷ᠎ᠡ ᠪᠠᠨ ᠨᠡᠡᠭ ᠬᠦᠴᠤᠷᠭᠡᠭ ᠪᠤᠯᠭᠠᠬᠤ ᠪᠡᠷ ᠬᠦᠴᠤᠯᠡᠨ ᠲᠡᠮᠡᠴᠡᠵᠤ ᠂ ᠵᠢᠯ ‍ᠤᠨ ᠲᠤᠳᠤᠷ᠎ᠠ 3 ᠲᠦᠮᠡᠨ ᠮᠦ  ᠦᠨᠳᠤᠷ ᠦᠷ᠎ᠡ ᠠᠰᠢᠭᠳᠤ ᠰᠣᠳᠣᠨ ᠠᠵᠤ ᠠᠬᠤᠢ ᠶ᠋ᠢᠨ ᠤᠢ  ᠮᠤᠳᠤᠨ ‍ᠤ ᠰᠠᠭᠤᠷᠢᠨ ᠭᠠᠵᠠᠷ ‍ᠢ    ᠪᠤᠢ ᠪᠤᠯᠭᠠᠬᠤ  ᠪᠡᠷ  ᠲᠦᠯᠤᠪᠯᠡᠬᠦ ᠶ᠋ᠢᠨ ᠬᠠᠮᠳᠤ ᠦᠷ᠎ᠡ ᠠᠰᠢᠭᠳᠤ ᠮᠤᠳᠤᠨ ᠲᠤᠤᠷᠠᠬᠢ ᠠᠵᠤ ᠠᠬᠤᠢ  ᠶ᠋ᠢ ᠬᠦᠭᠵᠢᠬᠦᠯᠬᠦ ᠪᠡᠷ ᠲᠦᠯᠤᠪᠯᠡᠵᠤ ᠂ ᠲᠦᠷᠤᠯ ᠵᠤᠶᠢᠯ ᠢᠶᠡᠨ ᠠᠵᠤ ᠠᠬᠤᠢ ᠶ᠋ᠢᠨ ᠤᠢ ᠮᠤᠳᠤ ᠶ᠋ᠢ ᠬᠦᠭᠵᠢᠬᠦᠯᠬᠦ ᠲᠤᠷ᠎ᠠ ᠲᠠᠢ ᠶᠠᠳᠠᠭᠤ ᠬᠦᠴᠢᠷᠳᠡᠯᠳᠤ ᠡᠷᠤᠭᠡ ᠳ᠋ᠤ ᠪᠦᠬᠦᠨ ‍ᠢ ᠬᠡᠯᠪᠡᠶᠢᠯᠬᠡᠬᠦ ᠪᠡᠷ ᠪᠠᠶᠢᠨ᠎ᠠ ᠃  ᠲᠦᠷᠣᠯ ᠵᠤᠶᠢᠯ ‍ᠤᠨ ᠪᠦᠳᠤᠭᠡᠨ ᠪᠠᠶᠢᠭᠤᠯᠤᠯᠳᠠ ᠳ᠋ᠤ ᠤᠷᠤᠯᠴᠠᠭᠰᠠᠨ ᠶᠠᠳᠠᠭᠤ ᠬᠦᠴᠢᠷᠳᠡᠯᠳᠤ ᠤᠯᠠᠨ ᠲᠦᠮᠡᠨ  ᠬᠤᠯᠠ ᠶ᠋ᠢᠨ ᠬᠤᠭᠤᠴᠠᠭᠠᠨ ᠳ᠋ᠤ ᠦᠷ᠎ᠡ ᠪᠦᠳᠤᠮᠵᠢ ᠲᠠᠢ ᠂ ᠤᠶᠢᠷ᠎ᠠ ᠶ᠋ᠢᠨ ᠬᠤᠭᠤᠴᠠᠭᠠᠨ  ᠳ᠋ᠤ ᠡᠯᠪᠡᠭ ᠬᠤᠷᠢᠶᠠᠯᠳᠠ ᠲᠠᠢ ᠪᠠᠶᠢᠬᠤ ᠶ᠋ᠢ  ᠪᠠᠶᠠᠯᠠᠬᠦᠯᠵᠦ  ᠂ ᠬᠠᠮᠳᠤ ᠳ᠋ᠤᠨᠢ ᠶᠠᠳᠠᠭᠤ ᠬᠦᠴᠢᠷᠳᠡᠯᠳᠤ ᠤᠯᠠᠨ ᠲᠦᠮᠡᠨ ‍ᠤ ᠤᠷᠤᠯᠭ᠎ᠠ ᠪᠠᠨ ᠨᠡᠮᠡᠭᠳᠡᠬᠦᠯᠵᠤ  ᠶᠠᠳᠠᠭᠤ ᠡᠴᠠ  ᠠᠡᠭᠬᠢᠵᠢᠷᠠᠬᠤ ᠬᠠᠷᠠᠯᠳᠠ ᠳ᠋ᠠᠭᠠᠨ ᠬᠦᠷᠦᠨ᠎ᠠ  ᠃ ( ᠮᠠ  ᠪᠦᠬᠡ  ᠮᠸᠡᠭ ᠹᠠᠨ ᠷᠦᠡᠭ  ᠮᠡᠳᠡᠭᠡᠯᠡᠪᠡ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ