ᠨᠠᠢᠮᠠᠨ ᠬᠤᠰᠢᠭᠤ ᠰᠤᠳᠤᠨ ᠭᠡᠰᠡᠭᠳᠦ ᠤᠢ ᠰᠢᠭᠤᠢ ᠶ᠋ᠢᠨ ᠢᠨᠵᠸᠨ᠋ᠸᠷᠢᠩ ᠢ ᠭᠡᠷᠡᠭᠵᠢᠬᠦᠯᠵᠦ ᠂ ᠤᠢ ᠰᠢᠭᠤᠢ ᠶ᠋ᠢᠨ ᠵᠤᠭᠠᠴᠠᠯ ᠤᠨ ᠡᠬᠢ ᠪᠠᠶᠠᠯᠢᠭ ᠢ ᠨᠡᠭᠡᠭᠡᠵᠦ ᠪᠤᠢ

ᠣᠩᠰᠢᠭᠰᠠᠨ ᠤᠳᠠᠭ᠎ᠠ ᠄ 36028     ᠨᠡᠶᠢᠳᠡᠯᠡᠭᠰᠡᠨ ᠴᠠᠭ ᠄ 2017/3/14 16:30:50

       ᠵᠤᠭᠠᠴᠠᠯ ᠤᠨ ᠡᠬᠢ ᠪᠠᠶᠠᠯᠢᠭ  ᠤᠨ ᠨᠠᠭᠡᠭᠡᠯᠳᠠ ᠶ᠋ᠢ ᠳᠦᠯᠬᠢᠨ ᠠᠬᠢᠭᠤᠯᠵᠦ ᠂ ᠠᠵᠦ ᠠᠬᠤᠢ ᠨᠠᠶᠢᠭᠡᠮ ᠤᠨ ᠳᠦᠷᠭᠡᠨ ᠬᠦᠭᠵᠢᠯᠳᠡ ᠶ᠋ᠢ  ᠠᠬᠢᠭᠤᠯᠬᠤ ᠶ᠋ᠢᠨ ᠳᠦᠯᠦᠭᠡ ᠂ ᠨᠠᠢᠮᠠᠨ ᠬᠤᠰᠢᠭᠤ  ᠰᠤᠳᠤᠨ ᠭᠡᠰᠡᠭᠳᠦ ᠤᠢ ᠰᠢᠭᠤᠢ ᠶ᠋ᠢᠨ ᠢᠨᠵᠸᠨ᠋ᠸᠷᠢᠩ  ᠤᠨ ᠪᠦᠳᠦᠭᠡᠨ ᠪᠠᠶᠢᠭᠤᠯᠤᠯᠳᠠ ᠪᠠᠷ ᠭᠤᠤᠯᠳᠠᠯᠭ᠎ᠠ ᠪᠤᠯᠭᠠᠨ ᠂  ᠤᠢ ᠰᠢᠭᠤᠢ ᠶ᠋ᠢᠨ ᠵᠤᠭᠠᠴᠠᠯ ᠤᠨ  ᠡᠬᠢ ᠪᠠᠶᠠᠯᠢᠭ  ᠤᠨ ᠨᠠᠭᠡᠭᠡᠯᠳᠠ ᠶ᠋ᠢᠨ ᠠᠵᠢᠯ ᠳ᠋ᠤ ᠳᠤᠬᠢᠷᠠᠭᠤᠯᠤᠯᠳᠠ ᠬᠢᠵᠦ ᠪᠤᠢ ᠃2016 ᠤᠨ ᠳ᠋ᠤ ᠂ ᠳᠤᠰ ᠬᠤᠰᠢᠭᠤ ᠰᠢᠩ ᠯᠦᠩ ᠵᠤᠤ ᠤᠢ ᠶ᠋ᠢᠨ ᠳᠠᠯᠠᠪᠠᠢ ᠪᠠ ᠮᠸᠩ ᠵᠢᠶᠠ ᠳ᠋ᠤᠸᠠᠨ ᠴᠦᠬᠦᠷᠦᠮ ᠬᠤᠶᠠᠷ ᠰᠤᠳᠤᠨ ᠭᠡᠰᠡᠭᠳᠦ ᠤᠢ ᠶ᠋ᠢ  ᠪᠠᠶᠢᠭᠤᠯᠵᠦ ᠂ ᠶᠠᠷᠤᠩᠬᠡᠢ ᠳᠠᠯᠠᠪᠠᠢ 3430 ᠮᠦ  ᠂ ᠳᠠᠷᠢᠵᠦ ᠵᠠᠶᠢᠯᠠᠭᠰᠠᠨ ᠡᠯ᠎ᠡ ᠲᠦᠷᠦᠯ ᠦᠨ ᠴᠵᠬᠢ ᠮᠤᠳᠤ 19.92  ᠳᠦᠮᠡ ᠳ᠋ᠦ ᠬᠦᠷᠴᠠᠢ ᠃  ᠲᠦᠷᠦᠯ ᠵᠦᠢᠯ ᠦᠨ ᠤᠷᠤᠨ  ᠢᠶᠡᠨ ᠤᠯᠠᠨ  ᠳᠦᠷᠦᠯ ᠦᠨ ᠮᠤᠳᠤᠨ ᠭᠡᠰᠡᠭ ᠪᠠ  ᠪᠦᠰᠡᠯᠢᠭ ᠬᠤᠯᠢᠯᠳᠤᠬᠤ ᠭᠡᠯᠪᠠᠷᠢ ᠪᠠᠷ ᠪᠠᠶᠢᠭᠤᠯᠵᠦ ᠂  ᠤᠶᠢᠵᠢᠭᠤᠯᠵᠦ ᠨᠤᠭᠤᠭᠠᠷᠠᠭᠤᠯᠬᠤ ᠮᠤᠳᠤᠨ ᠲᠦᠷᠦᠯ ᠢ ᠡᠯᠪᠡᠭᠵᠢᠬᠦᠯᠵᠦ ᠂ ᠠᠮᠢᠳᠤ ᠪᠤᠳᠠᠰ ᠤᠨ ᠤᠯᠠᠡ ᠵᠦᠢᠯᠳᠤ ᠴᠢᠨᠠᠷ  ᠢ ᠳᠡᠭᠡᠭᠰᠢᠯᠡᠬᠦᠯᠵᠦ ᠂  ᠭᠠᠩ ᠢ  ᠳᠠᠰᠪᠤᠷᠢᠯᠡᠵᠦ ᠤᠶᠢᠵᠢᠭᠤᠯᠬᠤ ᠮᠠᠷᠭᠡᠵᠢᠯ ᠢ ᠬᠠᠶᠢᠨ ᠰᠦᠪᠡᠭᠴᠢᠯᠠᠵᠦ ᠪᠤᠢ ᠃ ᠲᠦᠷᠦᠯ ᠵᠦᠢᠯ ᠦᠨ ᠤᠷᠤᠨ ᠪᠤᠯᠭᠠᠨ ᠳ᠋ᠤ 6 ᠵᠠᠶᠢᠯᠠᠯᠳᠠ ᠶ᠋ᠢᠨ ᠪᠠᠭ᠎ᠠ ᠳᠤᠭᠤᠷᠢᠭ ᠪᠠᠶᠢᠭᠤᠯᠵᠤ ᠂ 6 ᠬᠦᠨᠳᠡᠯᠡᠨ 2 ᠭᠤᠤᠯᠳᠤ 8 ᠵᠤᠷᠪᠤᠰ ᠠᠵᠢᠯᠯᠠᠬᠤ ᠵᠠᠮ ᠢ ᠵᠠᠰᠠᠵᠦ ᠂ ᠦᠨᠳᠤᠷ  ᠪᠤᠭᠤᠨᠢ ᠳᠠᠷᠤᠴᠠᠳᠤ ᠴᠠᠬᠢᠯᠭᠠᠨ ᠤᠳᠠᠰᠤ  8.7 ᠮᠢᠩᠭᠠᠨ ᠮᠸᠲ᠋ᠷ ᠳᠠᠳᠠᠵᠦ ᠂  ᠮᠠᠰᠢᠨ ᠤᠭᠰᠠᠷᠠᠭᠰᠠᠨ ᠴᠠᠬᠢᠯᠭᠠᠨ ᠬᠤᠤᠳᠤᠭ 40 ᠦᠷᠦᠮᠳᠠᠵᠦ ᠂   ᠤᠰᠤ ᠠᠷᠪᠢᠯᠠᠬᠤ ᠤᠰᠤᠯᠠᠯᠳᠠ ᠶ᠋ᠢᠨ ᠬᠡᠯᠪᠠᠷᠢ ᠶ᠋ᠢ ᠠᠰᠢᠭᠯᠠᠵᠤ ᠂ ᠤᠢ ᠰᠢᠭᠤᠢ ᠶ᠋ᠢ ᠬᠠᠮᠠᠭᠠᠯᠠᠵᠤ ᠪᠤᠢ ᠃  ᠤᠢ ᠶ᠋ᠢᠨ ᠳᠤᠮᠳᠠ ᠯᠤᠬᠠᠱᠸᠩ ᠵᠡᠷᠭᠡ ᠠᠵᠦ ᠠᠬᠤᠢ ᠶ᠋ᠢᠨ ᠳᠠᠷᠢᠮᠠᠯ ᠢ ᠳᠠᠷᠢᠵᠦ ᠂  ᠠᠰᠢᠭ ᠤᠷᠤᠯᠭ᠎ᠠ ᠪᠠᠨ ᠨᠠᠮᠡᠭᠳᠡᠬᠦᠯᠵᠦ ᠂ ᠤᠷᠴᠢᠨ ᠳᠤᠭᠤᠷᠢᠨ ᠢᠶᠡᠨ ᠬᠠᠮᠠᠭᠠᠯᠠᠵᠦ ᠪᠤᠢ ᠃ (  ᠪᠤᠤ ᠵᠢᠨ ᠯᠢᠶᠠᠨ ᠂  ᠮᠸᠩ ᠹᠠᠨ ᠿᠦᠩ ᠬᠠᠩᠭᠠᠪᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ