ᠬᠤᠨᠢᠨ ᠲᠤᠰᠬᠤᠨ ‍ᠤ 《 ᠬᠤᠨᠢᠨ ‍ᠤ ᠡᠷᠳᠡᠮ ᠤᠬᠠᠭᠠᠨ 》 ᠨᠢ ᠠᠭᠤᠯᠠᠨ ᠲᠤᠰᠬᠤᠨ ‍ᠢ ᠶᠠᠳᠠᠭᠤ ᠡᠴᠠ ᠠᠡᠭᠬᠢᠵᠢᠷᠠᠭᠤᠯᠵᠤ ᠴᠢᠨᠡᠬᠡᠯᠢᠭ ᠵᠦᠭ ᠬᠦᠳᠤᠯᠵᠤ ᠪᠠᠶᠢᠨ᠎ᠠ

ᠣᠩᠰᠢᠭᠰᠠᠨ ᠤᠳᠠᠭ᠎ᠠ ᠄ 36302     ᠨᠡᠶᠢᠳᠡᠯᠡᠭᠰᠡᠨ ᠴᠠᠭ ᠄ 2017/3/9 15:46:12


        ᠨᠠᠢᠮᠠᠨ  ᠬᠤᠰᠢᠭᠤᠨ ‍ᠤ ᠲᠦᠴᠸᠡᠭᠽᠢ ᠰᠢᠶᠠᠡᠭ ‍ᠤᠨ ᠲᠦᠴᠸᠡᠭᠽᠢ ᠲᠤᠰᠬᠤᠨ ᠨᠠᠢᠮᠠᠨ ᠬᠤᠰᠢᠭᠤᠨ ‍ᠤ ᠡᠮᠤᠨ᠎ᠡ ᠠᠭᠤᠯᠠᠷᠬᠠᠭ ᠭᠠᠵᠠᠷ ‍ᠤᠨ ᠬᠤᠨᠢ ᠲᠡᠵᠢᠬᠡᠵᠤ ᠪᠠᠶᠢᠭ᠎ᠠ ᠲᠤᠰᠬᠠᠢ  ᠲᠤᠰᠬᠤᠨ  ᠪᠦᠬᠡᠳᠪᠦ᠋ᠬᠦ ᠬᠤᠰᠢᠭᠤᠨ ‍ᠤ ᠪᠠᠨ 75 ᠤᠨᠢᠨ ᠲᠡᠭᠡᠷ᠎ᠡ ᠨᠢ ᠶᠠᠳᠠᠭᠤ ᠶ᠋ᠢ ᠲᠡᠳᠬᠦᠬᠦ ᠲᠤᠰᠬᠤᠨ ‍ᠤ ᠨᠢᠬᠡ  ᠨᠢ ᠪᠤᠯᠤᠨ᠎ᠠ ᠃ ᠲᠤᠰ ᠲᠤᠰᠬᠤᠨ ᠨᠢ ᠤᠨᠢᠨ ᠲᠡᠭᠡᠷ᠎ᠡ ᠨᠢ ᠶᠠᠳᠠᠭᠤ ᠶ᠋ᠢ ᠲᠡᠳᠬᠦᠬᠦ ᠠᠵᠠ  ᠵᠠᠪᠰᠢᠶᠠᠨ ‍ᠢ  ᠠᠳᠬᠤᠨ ᠠᠪᠴᠤ ᠂ 《 ᠬᠤᠨᠢᠨ ‍ᠤ ᠡᠷᠳᠡᠮ ᠤᠬᠠᠭᠠᠨ 》  ‍ᠢ  ᠬᠦᠨ ᠨᠠᠷᠢᠨ ᠰᠤᠳᠤᠯᠵᠤ ᠂    ᠳᠤᠰᠬᠠᠶᠢᠵᠢᠭᠰᠠᠨ ᠬᠤᠨᠢ ᠲᠡᠵᠢᠬᠡᠬᠦ ᠵᠠᠮ ᠢᠶᠠᠷ ᠶᠠᠪᠤᠬᠤ ᠲᠤᠳᠤᠮ ᠠᠷᠭ᠎ᠠ ᠤᠬᠠᠭᠠᠨ ‍ᠢ ᠨᠢ ᠤᠯᠵᠤ ᠂ ᠶᠠᠪᠤᠬᠤ ᠲᠤᠳᠤᠮ ᠡᠷᠡᠰ ᠰᠢᠭᠤᠷᠬᠠᠢ ᠪᠤᠯᠵᠤ ᠂ ᠪᠦᠬᠦ ᠲᠤᠰᠬᠤᠨ ‍ᠤ ᠠᠷᠠᠳ ᠰᠡᠳᠬᠢᠯ ᠨᠢᠬᠡᠳᠤᠨ ᠨᠢᠬᠡᠨ ᠵᠤᠷᠪᠤᠰ ᠶᠠᠳᠠᠭᠤ ᠡᠴᠠ ᠠᠡᠭᠬᠢᠵᠢᠷᠠᠭᠤᠯᠵᠤ ᠪᠠᠶᠠᠵᠢᠯ ᠴᠢᠨᠡᠬᠡᠯᠢᠭᠵᠢᠯ ‍ᠤᠨ ᠵᠠᠮ ‍ᠢ ᠨᠡᠬᠡᠬᠡᠵᠤ ᠪᠠᠶᠢᠨ᠎ᠠ ᠃
        ᠦᠨᠤ ᠵᠢᠯ 65 ᠨᠠᠰᠣᠳᠠᠢ ᠲᠤᠰᠬᠤᠨ ‍ᠤ ᠠᠷᠠᠳ ᠯᠢ ᠸᠠᠨ ᠵᠢᠨ ᠫᠸᠡᠭ  ᠰᠠᠷᠠᠪᠴᠢᠨ ᠳ᠋ᠤ ᠬᠤᠷᠢᠵᠤ ᠪᠠᠶᠢᠭ᠎ᠠ ᠬᠤᠨᠢ ᠪᠠᠨ ᠵᠢᠭᠠᠭᠠᠳ ᠄ 《  ᠦᠵᠡᠬᠦ ᠦᠬᠡᠢ ᠤᠣ ᠂ ᠡᠨᠡ ᠫᠸᠡᠭ ᠰᠠᠷᠠᠪᠴᠢᠨ ᠲᠤᠳᠤᠷ᠎ᠠ 40 ᠲᠤᠯᠤᠭᠠᠢ ᠬᠤᠨᠢᠨ ᠬᠤᠷᠠᠭ᠎ᠠ ᠪᠤᠢ ᠂  ᠪᠦᠷ ᠮᠠᠨ ‍ᠤ ᠬᠡᠷ ‍ᠤᠨ ᠦᠪᠠᠷ ᠢᠶᠡᠨ ᠳᠤᠰᠤᠭᠰᠠᠨ  ᠲᠦᠯ  ᠪᠤᠯᠤᠨ᠎ᠠ ᠂ ᠡᠮᠣᠨ᠎ᠡ ᠬᠤᠶᠠᠷ ᠡᠳᠤᠷ ᠭᠠᠳᠠᠨ᠎ᠠ ᠡᠴᠠ ᠪᠠᠰᠠ20  ᠬᠤᠷᠠᠭ᠎ᠠ  ᠬᠤᠳᠠᠯᠳᠤᠨ ᠠᠪᠴᠡᠢ ᠂ ᠬᠤᠵᠢᠮ ᠪᠢᠳᠡ ᠬᠤᠶᠠᠭᠤᠯᠠ ᠪᠠᠨ ᠲᠠᠷᠭᠤᠨ  ᠬᠤᠷᠠᠭ᠎ᠠ  ᠶ᠋ᠢᠨ ᠬᠤᠳᠠᠯᠳᠤᠭ᠎ᠠ ᠬᠢᠶ᠎ᠡ ᠬᠡᠵᠤ ᠪᠤᠳᠤᠵᠤ ᠪᠠᠶᠢᠨ᠎ᠠ 》 ᠬᠡᠵᠤ ᠲᠤᠡᠭ ᠢᠳᠡᠭᠡᠯ ᠵᠤᠷᠢᠭ ᠲᠠᠢ ᠬᠡᠯᠡᠵᠤ ᠪᠠᠶᠢᠯ᠎ᠠ ᠃ ᠯᠢ ᠸᠠᠨ ᠵᠢᠨ ᠡᠷ᠎ᠡ ᠡᠮ᠎ᠡ ᠪᠤᠯ ᠲᠦᠴᠸᠡᠭᠽᠢ ᠲᠤᠰᠬᠤᠨ ‍ᠤ ᠤᠨᠢᠨ ᠲᠡᠭᠡᠷ᠎ᠡ ᠨᠢ ᠶᠠᠳᠠᠭᠤ ᠶ᠋ᠢ ᠲᠡᠳᠬᠦᠬᠦ ᠡᠷᠤᠭᠡ ᠶᠤᠮ ᠂ 2016 ᠤᠨ ᠳ᠋ᠤ ᠤᠨᠢᠨ ᠲᠡᠭᠡᠷ᠎ᠡ ᠨᠢ ᠶᠠᠳᠠᠭᠤ ᠶ᠋ᠢ ᠲᠡᠳᠬᠦᠬᠦ ᠲᠦᠷᠤᠯ ᠵᠤᠶᠢᠯ  ᠳ᠋ᠤ ᠵᠤᠭᠤᠰ ᠮᠦᠡᠭᠬᠦ ᠠᠪᠤᠯ ᠦᠬᠡᠢ ᠪᠡᠷ ᠲᠡᠬᠦᠨ ᠳ᠋ᠤ 6 ᠡᠭᠡ ᠬᠤᠨᠢ ᠦᠭᠴᠤ ᠂ ᠨᠢᠬᠡ ᠵᠢᠯ ‍ᠤᠨ ᠠᠷᠠᠴᠢᠯᠠᠯ ᠡᠳ᠋ᠯᠡᠯ ᠢᠶᠠᠷ ᠡᠭᠡ ᠬᠤᠨᠢ ᠨᠢ ᠦᠰᠴᠣ 40 ᠭᠠᠷᠤᠢ ᠬᠤᠨᠢ ᠪᠤᠯᠵᠡᠢ ᠃ ᠤᠷᠢᠳ ᠨᠢ ᠂ ᠯᠢ ᠸᠠᠨ ᠵᠢᠨ  ᠬᠤᠷᠠᠭ᠎ᠠ ᠬᠤᠳᠠᠯᠳᠤᠵᠤ ᠂ ᠲᠡᠭᠰᠢᠳᠭᠡᠭᠡᠳ ᠨᠢᠬᠡ ᠲᠤᠯᠤᠭᠠᠢ ᠨᠢ 80 ᠵᠢᠡᠭ ᠢᠶᠠᠷ ᠪᠤᠳᠤᠪᠠᠯ ᠨᠢᠬᠡ ᠵᠢᠡᠭ ᠳ᠋ᠡᠭᠡᠨ 7.5 ᠲᠦᠬᠦᠷᠢᠭ ᠂ ᠨᠢᠬᠡ  ᠬᠤᠷᠠᠭ᠎ᠠ 600 ᠲᠦᠬᠦᠷᠢᠭ   ᠬᠤᠳᠠᠯᠳᠤᠵᠦ ᠪᠤᠢ ᠃ ᠡᠮᠤᠨ᠎ᠡ ᠬᠤᠶᠠᠷ ᠡᠳᠤᠷ ᠯᠢ ᠸᠠᠨ ᠵᠢᠨ ᠲᠠᠡᠭᠰᠠᠨ ᠳ᠋ᠠᠭᠠᠨ 12000 ᠲᠦᠬᠦᠷᠢᠭ ᠤᠷᠤᠭᠤᠯᠵᠡᠢ ᠃ ᠲᠡᠷᠡ  ᠦᠪᠡᠷ ‍ᠤᠨ ᠬᠡᠷ ‍ᠤᠨ 12  ᠮᠦ ᠡᠷᠤᠭᠡ   ᠠᠮᠠ ᠶ᠋ᠢᠨ ᠲᠠᠷᠢᠶᠠᠨ ᠭᠠᠵᠠᠷ ᠢᠶᠡᠨ  ᠬᠤᠶᠠᠷ ᠬᠦᠤ ᠳ᠋ᠡᠭᠡᠨ ᠬᠤᠪᠢᠶᠠᠨ ᠦᠭᠴᠣ ᠂ ᠦᠪᠡᠷ ᠢᠶᠡᠨ 4 ᠡᠷᠳᠡᠨᠢ ᠰᠢᠰᠢ ᠶ᠋ᠢᠨ ᠭᠠᠵᠠᠷ ᠲᠠᠭᠠᠭᠠᠴᠢᠯᠠᠨ ᠠᠪᠴᠡᠢ ᠃ 《 ᠮᠢᠨᠤ 4  ᠮᠦ ᠡᠷᠳᠡᠨᠢ ᠰᠢᠰᠢ  ᠪᠠᠨ ᠪᠦᠬᠦᠨ ‍ᠢ ᠪᠤᠷᠳᠤᠭ᠎ᠠ ᠪᠤᠯᠭᠠᠨ᠎ᠠ ᠂ ᠡᠨᠡ ᠨᠢ ᠪᠠᠰᠠ ᠪᠤᠯᠬᠤ ᠦᠬᠡᠢ ᠂ ᠤᠳᠤ ᠶᠠᠭ ᠡᠷᠳᠡᠨᠢ ᠶ᠋ᠢᠨ ᠦᠨ᠎ᠡ ᠪᠠᠭᠤᠷᠠᠵᠤ ᠪᠠᠶᠢᠨ᠎ᠠ ᠂ ᠪᠢᠳᠡ ᠨᠡᠡᠭ ᠢᠯᠡᠬᠦᠤ ᠬᠤᠳᠠᠯᠳᠤᠨ ᠠᠪᠴᠣ ᠪᠤᠯᠪᠠᠰᠤᠷᠠᠭᠤᠯᠤᠨ ᠪᠤᠷᠳᠤᠭ᠎ᠠ  ᠪᠤᠯᠭᠠᠨ᠎ᠠ 》 《 7 ᠮᠦᠡᠭᠬᠦ ᠪᠡᠷ ᠡᠷᠳᠡᠨᠢ ᠰᠢᠰᠢ ᠬᠤᠳᠠᠯᠳᠤᠨ ᠠᠪᠴᠤ ᠪᠤᠷᠳᠤᠭ᠎ᠠ ᠪᠤᠯᠭᠠᠭᠰᠠᠨ  ᠴᠦ ᠲᠠᠷᠭᠤᠨ ᠬᠤᠨᠢ ᠲᠡᠵᠢᠬᠡᠪᠡᠯ ᠠᠯᠳᠠᠭᠳᠠᠬᠤ  ᠤᠴᠢᠷ ᠦᠬᠡᠢ 》 ᠬᠡᠵᠤ ᠯᠢ ᠸᠠᠨ ᠵᠢᠨ ᠨᠠᠷᠢᠨ ᠲᠠᠡᠭᠰᠠ ᠪᠤᠳᠤᠵᠡᠢ ᠃ ᠤᠳᠤᠬᠠᠨ ᠳ᠋ᠤ ᠂ ᠲᠦᠴᠸᠡᠭᠽᠢ ᠲᠤᠰᠬᠤᠨ ᠳ᠋ᠤ ᠯᠢ ᠸᠠᠨ ᠵᠢᠨ  ᠰᠢᠭ᠋ ᠲᠠᠷᠭᠤᠨ ᠬᠤᠨᠢ  ᠲᠡᠵᠢᠬᠡᠬᠦ ᠶ᠋ᠢ ᠬᠦᠭᠵᠢᠬᠦᠯᠵᠤ ᠪᠠᠶᠢᠭ᠎ᠠ ᠶᠠᠳᠠᠭᠤ ᠡᠷᠤᠭᠡ ᠶᠠᠪᠤᠬᠤ ᠲᠤᠰᠣᠮ ᠠᠷᠪᠢᠵᠢᠵᠤ ᠪᠠᠶᠢᠨ᠎ᠠ ᠃ ᠡᠨᠡ ᠨᠢ  ᠲᠤᠰ ᠲᠤᠰᠬᠤᠨ ‍ᠤ ᠲᠡᠵᠢᠬᠡᠪᠤᠷᠢ ᠶ᠋ᠢᠨ ᠶᠡᠭᠡ ᠡᠷᠤᠭᠡ ᠯᠢ ᠱᠤ᠋ ᠯᠦᠡᠭ ᠪᠠ ᠰᠦᠨ ᠢᠤᠢ ᠰᠢᠶᠠᠡᠭ ᠶ᠋ᠢᠨ  ᠲᠠᠶᠢᠴᠢᠯᠠᠭ᠎ᠠ ᠡᠴᠠ ᠰᠠᠯᠵᠤ ᠪᠤᠯᠤᠰᠢ ᠦᠬᠡᠢ ᠶᠤᠮ ᠃ ᠯᠢ  ᠱᠤ᠋ ᠵᠦᠡᠭ ‍ᠤᠨ ᠶᠡᠭᠡ ᠫᠸᠡᠭ ᠰᠠᠷᠠᠪᠴᠢ ᠨᠢ 238 ᠬᠠᠪᠳᠠᠭᠠᠢ  ᠲᠦᠷᠪᠡᠯᠵᠢᠨ ᠮᠸᠲ᠋ᠷ ᠂ 70 ᠭᠠᠷᠤᠢ ᠲᠠᠷᠭᠤᠨ ᠬᠤᠨᠢ ᠪᠤᠢ ᠃ ᠤᠷᠴᠢᠮ ᠳ᠋ᠤ ᠂  ᠯᠢ ᠱᠤ᠋ ᠯᠦᠡᠭ  ᠪᠠ ᠰᠦᠨ ᠢᠤᠢ ᠰᠢᠶᠠᠡᠭ  ᠬᠤᠷᠰᠢᠶ᠎ᠠ ᠪᠠᠶᠢᠭᠤᠯᠬᠤ ᠭᠠᠷ ᠬᠦᠢᠴᠡᠳᠭᠡᠯ ᠢᠶᠡᠨ ᠬᠢᠵᠤ ᠂ ᠨᠢᠬᠡ ᠨᠢ ᠲᠠᠷᠢᠮᠠᠯ ‍ᠤᠨ ᠬᠤᠰᠢᠶᠠᠵᠢᠯ ᠪᠠᠶᠢᠭᠤᠯᠵᠤ ᠂ ᠨᠢᠬᠡ ᠨᠢ ᠲᠡᠵᠢᠬᠡᠪᠤᠷᠢ ᠶ᠋ᠢᠨ ᠬᠤᠷᠰᠢᠶᠠᠵᠢᠯ ᠪᠠᠶᠢᠭᠤᠯᠵᠤ ᠪᠠᠶᠢᠨ᠎ᠠ ᠃ ᠰᠦᠨ ᠢᠤᠢ ᠰᠢᠶᠠᠡᠭ ᠄ 《 ᠪᠢᠳᠡ  ᠬᠤᠶᠠᠭᠤᠯᠠ ᠬᠤᠶᠠᠷ ᠵᠤᠶᠢᠯ ‍ᠤᠨ ᠠᠵᠢᠯ  ᠬᠢᠵᠤ  ᠪᠤᠢ ᠂ ᠬᠤᠪᠢᠶᠠᠷᠢᠯᠠᠯ ᠲᠤᠳᠤᠷᠬᠠᠢ ᠂ ᠲᠡᠷᠡ ᠲᠠᠷᠢᠮᠠᠯ ‍ᠤᠨ ᠬᠤᠷᠰᠢᠶᠠᠵᠢᠯ ‍ᠢ ᠬᠠᠷᠢᠭᠤᠴᠠᠵᠤ ᠂ ᠬᠦᠬᠡ ᠪᠤᠷᠳᠤᠭ᠎ᠠ ᠲᠠᠷᠢᠬᠤ ᠶ᠋ᠢ ᠬᠠᠮᠢᠶᠠᠷᠴᠣ ᠪᠤᠢ ᠂ ᠪᠢ ᠲᠡᠵᠢᠬᠡᠪᠤᠷᠢ ᠶ᠋ᠢᠨ ᠠᠵᠢᠯ ‍ᠢ ᠬᠠᠷᠢᠭᠤᠴᠠᠵᠤ ᠂ ᠬᠤᠨᠢ   ᠨᠢᠳᠤᠯᠠᠨ ᠬᠤᠳᠠᠯᠳᠤᠬᠤ ᠶ᠋ᠢ ᠬᠠᠮᠢᠶᠠᠷᠴᠤ ᠪᠤᠢ 》 ᠬᠡᠬᠦ ᠳ᠋ᠤ ᠯᠢ  ᠱᠤ᠋ ᠬᠤᠸᠠ ᠵᠠᠯᠭᠠᠭᠠᠳ 《ᠮᠢᠨᠤ ᠬᠤᠨᠢ ᠲᠡᠵᠢᠬᠡᠵᠤ ᠪᠠᠶᠢᠭ᠎ᠠ ᠨᠢ ᠲᠡᠬᠦᠨ ‍ᠤ ᠨᠦᠯᠤᠭᠡ ᠶ᠋ᠢ ᠬᠦᠷᠳᠡᠵᠡᠢ ᠂ ᠪᠢ ᠲᠠᠷᠢᠮᠠᠯ ‍ᠢ ᠮᠡᠳᠡᠨ᠎ᠡ ᠂ ᠲᠡᠷᠡ  ᠲᠡᠵᠢᠬᠡᠪᠤᠷᠢ ᠶ᠋ᠢ ᠪᠤᠷᠤᠯᠠᠭᠤᠯᠵᠤ ᠴᠢᠳᠠᠨ᠎ᠠ ᠂ ᠶᠠᠭ ᠬᠠᠷᠢᠯᠴᠠᠨ ᠨᠦᠬᠦᠪᠤᠷᠢᠯᠠᠵᠤ ᠬᠦᠭᠵᠢᠬᠦᠯᠤᠨ᠎ᠡ 》 ᠬᠡᠪᠡ ᠃ ᠦᠨᠤ ᠵᠢᠯ ᠡᠳᠡ ᠬᠤᠶᠠᠭᠤᠯᠠ 150  ᠮᠦ ᠬᠦᠬᠡ ᠪᠤᠷᠳᠤᠭ᠎ᠠ ᠲᠠᠷᠢᠬᠤ ᠪᠡᠷ ᠲᠦᠯᠤᠪᠯᠡᠵᠤ ᠂ ᠰᠢᠨ᠎ᠡ ᠫᠸᠡᠭ ᠰᠠᠷᠠᠪᠴᠢ ᠪᠠᠶᠢᠭᠤᠯᠵᠤ ᠂ ᠲᠡᠵᠢᠬᠡᠪᠤᠷᠢ ᠶ᠋ᠢᠨ ᠬᠡᠪᠴᠢᠶ᠎ᠡ ᠪᠠᠨ ᠦᠷᠭᠡᠳᠭᠡᠵᠤ ᠂ ᠪᠤᠰᠤᠳ ᠲᠡᠵᠢᠬᠡᠪᠤᠷᠢ  ᠶ᠋ᠢᠨ ᠡᠷᠤᠭᠡ ᠶ᠋ᠢ ᠬᠤᠷᠰᠢᠶᠠᠨ ᠳ᠋ᠠᠭᠠᠨ ᠤᠷᠤᠭᠤᠯᠵᠤ ᠂  ᠲᠠᠷᠭᠤᠨ ᠬᠤᠨᠢᠨ ‍ᠤ ᠤᠶᠢᠯᠡᠰ ‍ᠢ ᠶᠡᠬᠡ ᠪᠡᠷ ᠬᠢᠵᠤ ᠶᠡᠬᠡ ᠪᠡᠷ ᠬᠦᠴᠤᠡᠷᠭᠡᠭ ᠪᠤᠯᠭᠠᠨ᠎ᠠ ᠬᠡᠵᠤ ᠪᠠᠶᠢᠨ᠎ᠠ ᠃ ᠲᠡᠳᠡᠨ ‍ᠤ ᠲᠠᠨᠢᠯᠴᠠᠭᠤᠯᠬᠤ ᠪᠡᠷ ᠂ ᠲᠠᠷᠭᠤᠨ ᠬᠤᠨᠢᠨ ‍ᠤ ᠲᠡᠵᠢᠬᠡᠪᠤᠷᠢ ᠠᠯᠤᠰ ᠢᠷᠡᠭᠡᠳᠤᠢ ᠲᠠᠢ ᠂ ᠬᠤᠷᠠᠭ᠎ᠠ ᠶ᠋ᠢ ᠬᠤᠳᠠᠯᠳᠤᠨ ᠠᠪᠤᠭᠠᠳ 2 ᠎_ 3 ᠰᠠᠷ᠎ᠠ  ᠲᠠᠷᠭᠤᠯᠠᠭᠤᠯᠵᠤ ᠠᠯᠠᠭᠠᠳ ᠬᠤᠳᠠᠯᠳᠤᠪᠠᠯ ᠨᠢᠬᠡ ᠵᠢᠡᠭ ᠬᠤᠷᠭᠠᠨ ᠮᠢᠬ᠎ᠠ 17 ᠲᠦᠬᠦᠷᠢᠭ  ᠤᠷᠴᠢᠮ ᠬᠤᠳᠠᠯᠳᠤᠨ᠎ᠠ ᠂ ᠨᠢᠬᠡ ᠬᠤᠨᠢᠨ ‍ᠤ ᠠᠰᠢᠭ ᠪᠠᠷᠤᠭ 100 ᠲᠦᠬᠦᠷᠢᠭ ᠬᠦᠷᠤᠨ᠎ᠡ ᠂ ᠤᠳᠤᠬᠢ ᠲᠠᠷᠭᠤᠨ ᠬᠤᠨᠢᠨ ‍ᠤ ᠬᠡᠪᠴᠢᠶ᠎ᠡ ᠪᠡᠷ ᠪᠤᠳᠤᠪᠠᠯ ᠨᠢᠬᠡ ᠤᠳᠠᠭ᠎ᠠ ᠳ᠋ᠤ 200 ᠲᠤᠯᠤᠭᠠᠢ ᠠᠯᠠᠵᠤ ᠂ ᠨᠢᠬᠡ ᠵᠢᠯ ᠲᠠᠪᠤ᠋ ᠤᠳᠠᠭ᠎ᠠ ᠠᠯᠠᠪᠠᠯ   ᠴᠤᠯᠤ ᠠᠰᠢᠭ 10 ᠲᠦᠮᠡᠨ ᠲᠦᠬᠦᠷᠢᠭ ᠤᠯᠤᠨ᠎ᠠ ᠃ ᠰᠦᠨ ᠢᠤᠢ ᠰᠢᠶᠠᠡᠭ ‍ᠤᠨ ᠲᠦᠯᠤᠪᠯᠡᠭᠡ  ᠶ᠋ᠢ ᠦᠨᠳᠤᠰᠤᠯᠡᠪᠡᠯ ᠲᠠᠷᠭᠤᠨ ᠬᠤᠨᠢᠨ ‍ᠤ ᠬᠡᠪᠴᠢᠶ᠎ᠡ ᠪᠤᠢ ᠪᠤᠯᠤᠭᠰᠠᠨ ‍ᠤ ᠲᠠᠷᠠᠭ᠎ᠠ ᠨᠢᠬᠡ ᠤᠳᠠᠭ᠎ᠠ ᠳ᠋ᠤ 500 ᠲᠤᠯᠤᠭᠠᠢ ᠳ᠋ᠤ ᠬᠦᠷᠴᠣ ᠂ ᠪᠤᠷᠤᠯᠠᠭᠤᠯᠬᠤ ᠳ᠋ᠤ ᠠᠰᠠᠭᠤᠳᠠᠯ ᠦᠬᠡᠢ ᠬᠡᠨ᠎ᠡ ᠃ ᠯᠢ ᠱᠤ᠋ ᠯᠦᠡᠭ 《 ᠡᠷᠳᠡᠨᠢ ᠰᠢᠰᠢ ᠶ᠋ᠢᠨ ᠬᠠᠡᠭᠰᠢ ᠨᠢ ᠲᠤᠤᠷ᠎ᠠ ᠬᠡᠵᠤ ᠪᠡᠳᠡᠬᠡᠢ ᠦᠵᠡᠬᠡᠷᠡᠢ ᠂ ᠬᠦᠨᠡᠰᠤ ᠠᠮᠤ ᠶ᠋ᠢ ᠪᠤᠷᠳᠤᠭ᠎ᠠ ᠪᠤᠯᠭᠠᠭᠰᠠᠨ ‍ᠤ ᠲᠠᠷᠠᠭ᠎ᠠ ᠂ ᠡᠷᠳᠡᠨᠢ ᠰᠢᠰᠢ ᠶ᠋ᠢᠨ ᠦᠨ᠎ᠡ 1 ᠲᠦᠬᠦᠷᠢᠭ ᠲᠤ ᠬᠦᠷᠤᠨ᠎ᠡ ᠰᠢᠤ 》 ᠬᠡᠵᠤ ᠢᠳᠡᠭᠡᠯᠳᠠᠢ ᠬᠡᠯᠡᠵᠤ ᠪᠠᠶᠢᠯ᠎ᠠ ᠃ ᠲᠦᠴᠡᠭᠽᠢ ᠲᠤᠰᠬᠤᠨ ‍ᠤ ᠲᠤᠰᠬᠤᠨ ‍ᠤ ᠡᠷᠬᠢᠯᠡᠭᠴᠢ ᠵᠠᠡᠭ ᠵᠢᠨ ᠾᠸ ᠄ 《  ᠲᠠᠷᠭᠤᠨ ᠬᠤᠨᠢ ᠶ᠋ᠢ ᠪᠤᠷᠳᠤᠵᠤ ᠲᠡᠵᠢᠬᠡᠬᠦ ᠨᠢ ᠬᠤᠵᠢᠮ ‍ᠤᠨ ᠮᠠᠨ ‍ᠤ ᠲᠤᠰᠬᠤᠨ ‍ᠤ ᠬᠦᠭᠵᠢᠯᠳᠡ ᠶ᠋ᠢᠨ ᠬᠠᠨᠳᠤᠰᠢ ᠪᠤᠯᠤᠨ᠎ᠠ ᠂ ᠶᠠᠳᠠᠭᠤ ᠡᠴᠠ  ᠠᠡᠭᠬᠢᠵᠢᠷᠠᠬᠤ  ᠴᠦ ᠬᠡᠰᠡᠨ ᠂   ᠪᠦᠬᠦᠶᠢᠯᠡ ᠲᠤᠰᠬᠤᠨ ‍ᠤ ᠬᠤᠵᠢᠮ ‍ᠤᠨ ᠬᠦᠭᠵᠢᠯᠳᠡ ᠴᠦ  ᠬᠡᠰᠡᠨ ᠂ ᠡᠨᠡᠬᠦ ᠠᠵᠤ ᠤᠶᠢᠯᠡᠰ ‍ᠢ ᠶᠡᠬᠡᠪᠡᠷ ᠬᠢᠵᠤ ᠬᠦᠴᠤᠷᠭᠡᠭ ᠪᠤᠯᠭᠠᠨ ᠂  ᠲᠦᠴᠸᠩᠽᠢ ᠲᠤᠰᠬᠤᠨ ‍ᠤ  ᠲᠤᠯᠭᠠᠭᠤᠷᠢᠯᠠᠭᠴᠢ ᠠᠵᠤ ᠤᠶᠢᠯᠡᠰᠵᠢᠯᠳᠡ  ᠪᠤᠯᠭᠠᠨ᠎ᠠ ᠂ ᠲᠠᠷᠭᠤᠨ ᠬᠤᠨᠢ ᠦᠶᠡᠯᠡᠯᠳᠤ ᠬᠤᠭᠤᠴᠠᠭ᠎ᠠ ᠨᠢ ᠤᠬᠤᠷ ᠂ ᠵᠤᠭᠤᠰ ᠡᠷᠬᠢᠵᠤ ᠢᠷᠡᠬᠦ ᠨᠢ ᠬᠤᠷᠳᠤᠨ ᠂ ᠶᠠᠳᠠᠭᠤ ᠡᠷᠤᠭᠡ ᠡᠨᠡᠬᠦ ᠠᠵᠤ ᠤᠶᠢᠯᠡᠰ ‍ᠢ ᠡᠷᠬᠢᠯᠡᠪᠡᠯ ᠶᠠᠳᠠᠭᠤ ᠡᠴᠠ ᠠᠡᠭᠬᠢᠵᠢᠷᠠᠬᠤ ᠨᠢ ᠬᠤᠷᠳᠤᠨ 》 ᠬᠡᠵᠤ ᠲᠦᠯᠤᠪᠯᠡᠵᠤ ᠪᠠᠶᠢᠬᠤ ᠳ᠋ᠤ ᠂ ᠲᠦᠴᠡᠭᠽᠢ ᠲᠤᠰᠬᠤᠨ ‍ᠤ  ᠨᠠᠮ ‍ᠤᠨ ᠡᠬᠦᠷ ‍ᠤᠨ ᠱᠦᠵᠢ ᠹᠠᠨ  ᠮᠢᠡᠭ ᠳ᠋ᠸ 《 ᠲᠤᠰᠬᠤᠨ ‍ᠤ ᠲᠡᠵᠢᠬᠡᠪᠤᠷᠢ  ᠶ᠋ᠢᠨ ᠶᠡᠬᠡ ᠡᠷᠤᠭᠡ ᠶ᠋ᠢᠨ ᠲᠠᠷᠭᠤᠨ ᠬᠤᠨᠢ ᠦᠷᠡᠵᠢᠬᠦᠯᠤᠨ ᠲᠡᠵᠢᠬᠡᠬᠦ ᠶ᠋ᠢ ᠵᠤᠷᠢᠭᠵᠢᠭᠤᠯᠤᠨ  ᠲᠡᠮᠵᠢᠵᠤ ᠶᠠᠳᠠᠭᠤ ᠬᠦᠴᠢᠷᠳᠡᠯᠳᠤ ᠡᠷᠤᠭᠡ ᠶ᠋ᠢᠨ ᠲᠠᠷᠭᠤᠨ ᠬᠤᠨᠢ ᠲᠡᠵᠢᠬᠡᠬᠦ ᠶ᠋ᠢ ᠲᠠᠶᠢᠴᠢᠯᠠᠭᠤᠯᠵᠤ᠂  ᠬᠦᠨᠡᠰᠤᠨ ᠠᠮᠤ  ᠶ᠋ᠢ ᠬᠦᠬᠡ ᠪᠤᠷᠳᠤᠭ᠎ᠠ ᠪᠤᠯᠭᠠᠵᠤ ᠂ ᠲᠠᠷᠢᠮᠠᠯ  ‍ᠤᠨ ᠪᠦᠳᠤᠴᠡ ᠳ᠋ᠤ ᠲᠤᠬᠢᠷᠠᠭᠤᠯᠤᠯᠳᠠ ᠬᠢᠬᠦ ᠱᠠᠭᠠᠷᠳᠠᠯᠭ᠎ᠠ ᠪᠡᠷ  ᠬᠦᠢᠴᠡᠳᠭᠡᠵᠤ ᠂ ᠠᠯᠭᠤᠷ ᠠᠭᠠᠵᠢᠮ ᠢᠶᠠᠷ < ᠬᠤᠷᠰᠢᠶᠠᠵᠢᠯ  + ᠶᠠᠳᠠᠭᠤ ᠡᠷᠤᠭᠡ  > ᠵᠠᠭᠪᠤᠷ ‍ᠢ ᠪᠤᠢ ᠪᠤᠯᠭᠠᠨ᠎ᠠ 》《ᠮᠠᠨ ‍ᠤ ᠲᠡᠵᠢᠬᠡᠪᠤᠷᠢ ᠶ᠋ᠢᠨ ᠶᠡᠬᠡ ᠡᠷᠤᠭᠡ ᠰᠦᠨ ᠢᠤᠢ ᠰᠢᠶᠠᠡᠭ ᠪᠤᠯ 2002 ᠤᠨ ‍ᠤ ᠶᠠᠳᠠᠭᠤ ᠶ᠋ᠢ ᠲᠡᠳᠬᠦᠬᠦ ᠲᠠᠡᠭᠰᠠᠨ ᠳ᠋ᠤ ᠤᠷᠤᠭᠰᠠᠨ ᠡᠷᠤᠭᠡ ᠂  ᠲᠤᠬᠠᠢ ᠶ᠋ᠢᠨ ᠦᠶ᠎ᠡ ᠳ᠋ᠤ ᠵᠠᠰᠠᠭ ‍ᠤᠨ ᠤᠷᠳᠤᠨ ᠡᠴᠠ ᠲᠡᠬᠦᠨ ᠳ᠋ᠤ 2 ᠬᠤᠨᠢ ᠦᠭᠴᠡᠢ ᠂ ᠲᠡᠷᠡ ᠬᠤᠶᠠᠷ ᠬᠤᠨᠢ  ᠪᠠᠨ ᠠᠷᠠᠴᠢᠯᠠᠨ ᠲᠡᠵᠢᠬᠡᠬᠡᠳ ᠦᠷᠡᠵᠢᠬᠦᠯᠤᠨ  ᠦᠰᠭᠡᠭᠡᠳ ᠤᠳᠤᠬᠠᠨ ‍ᠤ ᠶᠡᠬᠡ  ᠲᠡᠵᠢᠬᠡᠪᠤᠷᠢ ᠡᠷᠤᠭᠡ ᠪᠤᠯᠵᠡᠢ ᠂  ᠲᠡᠷᠡ ᠨᠡᠡᠭ ᠤᠯᠠᠨ ᠶᠠᠳᠠᠭᠤ ᠬᠦᠴᠢᠷᠳᠡᠯᠳᠤ ᠡᠷᠤᠭᠡ ᠶ᠋ᠢ ᠲᠠᠶᠢᠴᠢᠯᠠᠨ ᠶᠠᠳᠠᠭᠤ ᠡᠴᠠ ᠠᠡᠭᠬᠢᠵᠢᠷᠠᠭᠤᠯᠵᠤ ᠪᠠᠶᠠᠵᠢᠨ ᠴᠢᠨᠡᠬᠡᠯᠢᠭᠵᠢᠬᠦᠯᠤᠶ᠎ᠠ ᠭᠡᠵᠤ ᠬᠡᠯᠡᠵᠤ  ᠪᠠᠶᠢᠨ᠎ᠠ 》 ᠭᠡᠵᠤ ᠪᠦᠬᠦ  ᠲᠠᠯ᠎ᠠ ᠪᠡᠷ ᠲᠠᠨᠢᠯᠴᠠᠭᠤᠯᠭ᠎ᠠ ᠵᠤᠷᠢᠯᠳᠡ ᠪᠠᠨ ᠶᠠᠷᠢᠵᠡᠢ ᠃ ᠲᠦᠴᠡᠭᠽᠢ ᠲᠤᠰᠬᠤᠨ ‍ᠤ ᠬᠤᠶᠠᠷ ᠪᠠᠭ 2017 ᠤᠨ ᠳ᠋ᠤ 46 ᠡᠷᠤᠭᠡ 148 ᠬᠦᠮᠤᠨ ‍ᠢ ᠶᠠᠳᠠᠭᠤ ᠡᠴᠠ ᠠᠡᠭᠬᠢᠷᠠᠭᠤᠯᠬᠤ ᠪᠡᠷ ᠵᠤᠷᠢᠭ ᠡᠷᠴᠢᠯᠡᠵᠤ ᠪᠠᠶᠢᠨ᠎ᠠ  ᠃ ᠦᠨᠡᠬᠡᠷ ᠲᠦᠴᠡᠭᠽᠢ ᠲᠤᠰᠬᠤᠨ ‍ᠤ  《 ᠬᠤᠨᠢᠨ ‍ᠤ  ᠡᠷᠳᠡᠮᠤᠬᠠᠭᠠᠨ 》  ᠨᠢ ᠨᠡᠡᠭ ᠤᠯᠠᠨ ᠮᠠᠯᠴᠢᠨ ᠲᠠᠷᠢᠶᠠᠴᠢᠳ ᠲᠤ ᠦᠪᠡᠷ ‍ᠤᠨ ᠤᠨᠴᠠᠯᠢᠭ ᠲᠠᠭᠠᠨ ᠲᠤᠬᠢᠷᠠᠭᠰᠠᠨ ᠡᠷᠳᠡᠮ ᠤᠬᠠᠭᠠᠨ ᠪᠤᠯᠵᠤ ᠪᠤᠯᠤᠨ᠎ᠠ ᠃ ( ᠮᠠ ᠪᠦᠬᠡ  ᠮᠡᠳᠡᠭᠡᠯᠡᠪᠡ  )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ