ᠨᠠᠢᠮᠠᠨ ᠬᠤᠰᠢᠭᠤ ᠨᠡᠶᠢᠳᠡᠯᠢᠭ ᠭᠡᠷᠩ ‍ᠤᠨ ᠵᠢᠱᠢᠶ᠎ᠡ ᠳ᠋ᠥ ᠵᠠᠳᠠᠯᠤᠯᠳᠠ ᠲᠠᠶᠢᠯᠤᠮᠵᠢ ᠭᠢᠵᠤ ᠤᠨᠢᠨ ᠲᠡᠭᠡᠷ᠎ᠡ ᠨᠢ ᠬᠠᠤᠯᠢ ᠲᠥᠭᠡᠮᠡᠯᠵᠢᠯᠡᠭᠥᠯᠭᠥ ᠠᠵᠢᠯᠯᠠᠭ᠎ᠠ ᠦᠷᠨᠢᠭᠦᠯᠪᠡ

ᠣᠩᠰᠢᠭᠰᠠᠨ ᠤᠳᠠᠭ᠎ᠠ ᠄ 8739     ᠨᠡᠶᠢᠳᠡᠯᠡᠭᠰᠡᠨ ᠴᠠᠭ ᠄ 2017/3/10 16:16:02

        ᠲᠤᠰ ᠰᠤᠨᠢᠨ ‍ᠤ ᠮᠠᠳᠡᠭᠡ《ᠵᠢᠷᠭᠤᠭ᠎ᠠ ᠲᠠᠪᠤ᠋ ᠵᠢᠨ ᠬᠠᠤᠯᠢ ᠲᠥᠭᠡᠮᠡᠯᠵᠢᠯᠡᠭᠥᠯᠭᠥ 》ᠠᠵᠢᠯᠯᠠᠭ᠎ᠠ ᠦᠷᠨᠢᠭᠦᠯᠦᠭᠰᠡᠨ ᠡᠴᠨ ᠨᠠᠰᠢ  ᠨᠠᠢᠮᠠᠨ ᠬᠤᠰᠢᠭᠤᠨ ‍ᠥ ᠬᠠᠤᠯᠢ ᠴᠠᠭᠠᠵᠠ ᠵᠢᠨ ᠲᠤᠪᠴᠢᠶ᠎ᠠ ᠬᠠᠤᠯᠢᠴᠢ ᠪᠠᠷ 《 ᠨᠡᠶᠢᠳᠡᠯᠢᠭ ᠬᠡᠷᠩ ‍ᠤᠨ ᠵᠢᠱᠢᠶ᠎ᠠ ᠳ᠋ᠥ ᠵᠠᠳᠠᠯᠤᠯᠳᠠ ᠲᠠᠶᠢᠯᠦᠮᠵᠢ ᠭᠢᠯᠭᠡᠭᠦ 》 ᠵᠢ ᠤᠨᠢᠨ ᠲᠡᠬᠡᠷ᠎ᠡ ᠨᠢ ᠬᠠᠤᠯᠢ ᠲᠥᠭᠡᠮᠯᠡᠵᠢᠯᠡᠭᠥᠯᠭᠥ ᠠᠵᠢᠯᠯᠠᠭ᠎ᠠ ᠵᠢᠨ ᠴᠢᠬᠤᠯᠠ ᠠᠷᠭ᠎ᠠ ᠠᠪᠴᠠᠯ ᠪᠤᠯᠭᠠᠵᠤ ᠂ ᠪᠥᠭᠥ ᠬᠤᠰᠢᠭᠤᠨ ᠤ ᠬᠠᠤᠯᠢᠴᠢ ᠵᠢᠨ ᠶᠠᠪᠤᠳᠠᠯ ‍ᠤᠨ ᠭᠠᠵᠠᠷ ‍ᠤᠨ ᠬᠠᠤᠯᠢᠴᠢᠳ ‍ᠢ  ᠵᠤᠭᠢᠶᠠᠨ ᠪᠠᠶᠢᠭᠤᠯᠤᠨ ᠦᠨᠳᠤᠰᠤᠨ ᠱᠠᠳᠤᠨ ᠳ᠋ᠥ ᠭᠦᠨᠵᠡᠭᠡᠶᠢᠷᠠᠭᠦᠯᠵᠤ ᠂ ᠨᠡᠶᠢᠳᠡᠯᠢᠭ ᠭᠡᠷᠡᠭ ‍ᠤᠨ ᠵᠢᠱᠢᠶ᠎ᠠ ᠳ᠋ᠥ ᠵᠠᠳᠠᠯᠤᠯᠳᠠ ᠲᠠᠶᠢᠯᠤᠮᠵᠢ ᠭᠢᠯᠭᠡᠭᠦ ᠠᠷᠭ᠎ᠠ ᠪᠠᠷ ᠤᠷᠤᠭ ᠭᠡᠷ ᠪᠦᠯᠢ ᠵᠢᠨ ᠵᠢᠭᠤᠷᠠᠭᠠᠨ  ᠂ ᠠᠷᠠᠳ ‍ᠤᠨ ᠬᠤᠭᠤᠷᠤᠨᠳᠤᠭᠢ ᠵᠢᠭᠡᠯᠡᠯᠭᠡ ᠂  ᠵᠠᠮ ᠬᠠᠷᠢᠯᠴᠠᠭᠠᠨ ‍ᠤ ᠡᠨᠳᠡᠯ ᠪᠠ ᠵᠠᠯᠠᠭᠤᠴᠤᠳ ᠪᠠᠭᠠᠴᠤᠳ ‍ᠤᠨ ᠬᠠᠤᠯᠢ ᠲᠦᠷᠢᠮ ‍ᠢ ᠵᠦᠷᠢᠴᠠᠵᠤ ᠶᠠᠯ᠎ᠠ ᠭᠢᠭᠦ ᠵᠢ ᠤᠷᠢᠳᠴᠢᠯᠠᠨ ᠰᠡᠷᠭᠡᠶᠢᠯᠡᠭᠦ ᠵᠡᠷᠭᠡ ᠬᠠᠮᠢᠶ᠎ᠠ ᠪᠦᠭᠦᠢ ᠠᠭᠤᠯᠭ᠎ᠠ ᠲᠠᠢ ᠤᠶᠠᠯᠳᠤᠭᠤᠯᠤᠨ ᠬᠠᠤᠯᠢ ᠴᠠᠭᠠᠵᠠ ᠵᠢᠨ ᠲᠠᠶᠢᠯᠤᠮᠵᠢ ᠭᠢᠯᠭᠡᠵᠤ ᠤᠨᠢᠨ ᠲᠠᠭᠡᠷ᠎ᠠ ᠨᠢ ᠬᠠᠤᠯᠢ ᠲᠦᠭᠡᠮᠠᠯᠵᠢᠭᠦᠯᠭᠦ ᠠᠵᠢᠯᠯᠠᠭ᠎ᠠ ᠦᠷᠨᠢᠭᠦᠯᠪᠡ ᠃
       ᠬᠠᠤᠯᠢᠴᠢᠳ ᠦᠨᠳᠤᠰᠤᠨ ᠱᠠᠳᠤᠨ ᠳ᠋ᠥ ᠭᠦᠨᠵᠠᠭᠡᠶᠢᠷᠠᠨ ᠬᠠᠤᠯᠢ ᠲᠦᠷᠢᠮ ‍ᠤᠨ ᠲᠠᠶᠢᠯᠤᠮᠵᠢ ᠭᠢᠭᠦ ᠡᠴᠠ ᠪᠠᠨ ᠡᠮᠤᠨ᠎ᠠ ᠤᠷᠢᠳᠠᠪᠠᠷ ᠮᠠᠯᠴᠢᠨ ᠲᠠᠷᠢᠶᠠᠴᠢᠳ ‍ᠤᠨ ᠲᠤᠮᠳᠠ ᠠᠰᠠᠭᠤᠨ ᠰᠤᠷᠪᠤᠯᠵᠢᠯᠠᠭ᠎ᠠ ᠭᠢᠵᠤ ᠲᠠᠳᠠᠨᠠᠷ ‍ᠤᠨ ᠭᠡᠷᠡᠭᠴᠡᠭᠡ ᠱᠠᠭᠠᠷᠳᠠᠯᠭ᠎ᠠ ᠵᠢ ᠦᠨᠳᠤᠰᠤᠯᠨᠨ ᠭᠡᠷᠡᠭ ‍ᠤᠨ ᠵᠢᠱᠢᠶ᠎ᠠ ᠰᠤᠡᠭᠭᠤᠵᠤ ᠂ ᠲᠦᠭᠦᠮ ᠤᠶᠢᠯᠠᠭᠠᠮᠵᠢᠳᠠᠢ ᠭᠡᠯᠨ ᠭᠡᠯᠡᠯᠭᠡ ᠪᠠᠷ ᠲᠠᠶᠢᠯᠪᠤᠷᠢᠯᠠᠨ ᠦᠭᠴᠤ ᠂ ᠪᠠᠰᠠ ᠲᠤᠰ ᠬᠤᠰᠢᠭᠤᠨ ‍ᠤ ᠦᠨᠳᠤᠰᠤᠨ ᠱᠠᠳᠤᠨ ᠳ᠋ᠥ ᠴᠦᠭᠡᠨ ᠲᠤᠭᠠᠳᠤ ᠦᠨᠳᠤᠰᠤᠳᠠᠨ ᠲᠦᠪᠯᠡᠷᠠᠨ ᠰᠠᠭᠤᠷᠢᠰᠢᠵᠤ ᠪᠠᠶᠢᠭ᠎ᠠ ᠪᠠᠶᠢᠳᠠᠯ ᠳ᠋ᠥ ᠴᠢᠭᠯᠡᠭᠦᠯᠤᠨ ᠮᠤᠡᠭᠭᠤᠯ ᠭᠢᠳᠠᠳ ᠬᠤᠤᠰ ᠭᠡᠯᠡᠨ ‍ᠤ ᠲᠠᠶᠢᠯᠤᠮᠵᠢ ᠭᠢᠵᠤ ᠦᠨᠳᠤᠰᠤᠨ ᠱᠠᠳᠤᠨ ‍ᠤ ᠮᠠᠯᠴᠢᠨ ᠲᠠᠷᠢᠶᠠᠴᠢᠳ  ᠲᠦ ᠲᠦᠭᠦᠮ ᠦᠵᠡᠭᠦᠯᠦᠭᠰᠡᠨ ᠪᠠᠶᠢᠨ᠎ᠠ ᠃ ᠤᠶᠢᠯᠠᠭᠠᠭᠰᠠᠨ ᠵᠢᠡᠷ ᠂ ᠵᠢᠯ ‍ᠤᠨ ᠡᠭᠢᠨ ᠡᠴᠠ ᠨᠠᠰᠢ ᠂ ᠲᠤᠰ ᠬᠤᠰᠢᠭᠤ ᠦᠨᠳᠤᠰᠤᠨ ᠱᠠᠳᠤᠨ ‍ᠤ ᠰᠤᠮᠤ ᠪᠠᠯᠭᠠᠰᠤ ᠂ ᠭᠠᠴᠠᠭ᠎ᠠ ᠲᠤᠰᠬᠤᠨ ᠂ ᠰᠤᠷᠭᠠᠭᠤᠯᠢ ᠵᠡᠷᠭᠡ ᠭᠦᠮᠤᠨ ᠤᠯᠠᠨ ᠲᠦᠪᠯᠡᠷᠠᠵᠤ ᠪᠠᠶᠢᠭ᠎ᠠ ᠭᠠᠵᠠᠷ ᠲᠣ 19 ᠤᠳᠠᠭ᠎ᠠ ᠬᠠᠤᠯᠢ ᠴᠠᠭᠠᠵᠠ ᠵᠢᠨ ᠲᠠᠶᠢᠯᠤᠮᠵᠢ ᠭᠢᠵᠤ  ᠂ 2600 ᠬᠥᠮᠤᠨ ( ᠤᠳᠠᠭ᠎ᠠ ) ᠳ᠋ᠥ ᠭᠦᠮᠤᠵᠢᠯ ᠭᠦᠷᠳᠡᠭᠡᠭᠰᠡᠨ ᠪᠠᠶᠢᠨ᠎ᠠ ᠃ 750  ᠬᠥᠮᠤᠨ (ᠤᠳᠠᠭ᠎ᠠ ) ᠵᠢᠨ ᠠᠰᠠᠭᠤᠨ ᠯᠠᠪᠯᠠᠭ᠎ᠠ ᠳ᠋ᠤ ᠬᠠᠷᠢᠭᠤᠯᠳᠠ ᠥᠭᠴᠤ ᠂ ᠬᠠᠤᠯᠢ ᠴᠠᠭᠠᠵᠠ ᠵᠢᠨ ᠤᠬᠠᠭᠤᠯᠭ᠎ᠠ ᠵᠢᠨ ᠭᠠᠷ ᠲᠪᠳᠡᠷ ‍ᠢ 3700 ᠬᠤᠪᠢ ᠲᠠᠷᠬᠠᠭᠠᠭᠰᠠᠨ ᠪᠠᠶᠢᠨ᠎ᠠ ᠃ ᠤᠳᠤᠬᠠᠨ ᠳ᠋ᠤ ᠲᠤᠰ ᠬᠤᠰᠢᠭᠤ ᠬᠠᠤᠯᠢᠴᠢ ᠪᠠᠷ 《 ᠨᠡᠶᠢᠳᠡᠯᠢᠭ ᠭᠡᠷᠡᠭ  ᠲᠦ ᠵᠠᠳᠠᠯᠤᠯᠳᠠ ᠲᠠᠶᠢᠯᠤᠮᠵᠢ ᠭᠢᠯᠭᠡᠭᠦ 》  ᠪᠡᠷ ᠬᠠᠤᠯᠢ ᠴᠠᠭᠠᠵᠠ ᠵᠢ ᠲᠦᠭᠡᠮᠡᠯᠵᠢᠭᠦᠯᠭᠦ ᠤᠷᠳᠤ ᠬᠤᠭᠤᠴᠠᠭᠠᠨ ‍ᠤ  ᠬᠡᠪᠰᠢᠵᠢᠭᠰᠡᠨ ᠲᠦᠷᠢᠮ ᠪᠤᠯᠭᠠᠪᠠ ᠃  ( ᠪᠤᠤ ᠶᠤᠸᠠᠢ ᠯᠢᠶᠠᠡᠭ  ᠬᠠᠩᠭᠠᠪᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ