ᠨᠠᠢᠮᠠᠨ ᠬᠤᠰᠢᠭᠤ ᠮᠠᠯ ᠠᠵᠤ ᠠᠬᠤᠢ ᠲᠤᠭ᠎ᠠ ᠪᠠᠨ ᠨᠡᠮᠡᠭᠳᠡᠬᠦᠯᠵᠤ ᠴᠢᠨᠠᠷ ᠢᠶᠡᠨ ᠲᠡᠭᠡᠭᠰᠢᠯᠡᠬᠦᠯᠵᠤ ᠡᠷᠡᠬᠦᠯ ᠢᠶᠠᠷ ᠬᠦᠭᠵᠢᠬᠦᠯᠵᠤ ᠪᠠᠶᠢᠨ᠎ᠠ

ᠣᠩᠰᠢᠭᠰᠠᠨ ᠤᠳᠠᠭ᠎ᠠ ᠄ 36268     ᠨᠡᠶᠢᠳᠡᠯᠡᠭᠰᠡᠨ ᠴᠠᠭ ᠄ 2017/3/1 9:29:04


         2016 ᠤᠨ ᠳ᠋ᠤ ᠂ ᠨᠠᠢᠮᠠᠨ ᠬᠤᠰᠢᠭᠤ ᠮᠠᠯ  ᠠᠵᠤ ᠠᠬᠤᠢ ᠶ᠋ᠢᠨ ᠬᠦᠭᠵᠢᠯᠳᠡ ᠶ᠋ᠢ ᠲᠠᠷᠢᠶᠠᠯᠠᠡᠭ ᠮᠠᠯ ᠠᠵᠤ ᠠᠬᠤᠢ  ᠶ᠋ᠢᠨ ᠤᠨᠤᠪᠴᠢᠲᠠᠢ ᠪᠡᠷ ᠶᠠᠳᠠᠭᠤ ᠡᠴᠠ ᠠᠡᠭᠬᠢᠵᠢᠷᠠᠭᠤᠯᠬᠤ ᠴᠢᠬᠤᠯᠠ ᠠᠵᠤ ᠤᠶᠢᠯᠠᠰ ᠪᠤᠯᠭᠠᠨ  ᠠᠬᠢᠭᠤᠯᠬᠤ ᠶ᠋ᠢ ᠴᠢᠡᠭᠭ᠎ᠠ ᠠᠳᠬᠤᠵᠤ ᠂ ᠠᠵᠤ  ᠤᠶᠢᠯᠡᠰᠵᠢᠯᠳᠡ ‍ ᠶᠢᠨ ᠡᠵᠡᠡᠭᠨᠡᠯᠳᠡ ᠪᠡᠷ ᠭᠤᠤᠯ ᠤᠳᠠᠰᠤ ᠪᠤᠯᠭᠠᠵᠤ ᠂ ᠲᠡᠵᠢᠬᠡᠪᠤᠷᠢ ᠶ᠋ᠢᠨ ᠬᠡᠯᠪᠡᠷᠢ ᠶ᠋ᠢ ᠬᠤᠪᠢᠷᠠᠭᠤᠯᠬᠤ ᠶ᠋ᠢ ᠲᠦᠷᠭᠡᠳᠭᠡᠵᠤ ᠂ ᠮᠠᠯ ᠠᠵᠤ ᠠᠬᠤᠢ  ᠶ᠋ᠢᠨ ᠴᠢᠨᠠᠷ ‍ᠢ ᠲᠡᠭᠡᠭᠰᠢᠯᠡᠬᠦᠯᠬᠦ  ᠂ ᠲᠤᠭ᠎ᠠ ᠶ᠋ᠢ ᠦᠷᠭᠡᠳᠭᠡᠬᠦ ᠂ ᠡᠷᠡᠬᠦᠯ ᠢᠶᠠᠷ ᠬᠦᠭᠵᠢᠬᠦᠯᠬᠦ ᠶ᠋ᠢ ᠲᠦᠯᠬᠢᠨ ᠠᠬᠢᠭᠤᠯᠵᠤ ᠪᠤᠢ ᠃ ᠵᠢᠯ ‍ᠤᠨ ᠲᠤᠳᠤᠷ᠎ᠠ ᠲᠤᠰ ᠬᠤᠰᠢᠭᠤᠨ ‍ᠤ ᠬᠡᠷ ‍ᠤᠨ ᠲᠡᠵᠢᠬᠡᠪᠤᠷᠢ ᠶ᠋ᠢᠨ ᠲᠡᠵᠢᠬᠡᠵᠤ ᠪᠠᠶᠢᠭ᠎ᠠ  ᠨᠢ 241 ᠲᠦᠮᠡᠨ ᠲᠤᠯᠤᠭᠠᠢ  ᠳ᠋ᠤ ᠬᠦᠷᠴᠣ ᠂   ᠠᠯᠠᠳᠢᠨ ᠳ᠋ᠤ ᠭᠠᠷᠭᠠᠭᠰᠠᠨ ᠨᠢ 149 ᠲᠦᠮᠡᠨ ᠲᠤᠯᠤᠭᠠᠢ ᠪᠤᠯᠵᠡᠢ ᠃

        ᠳᠤᠰ ᠬᠤᠰᠢᠭᠤ ᠦᠬᠡᠷ ᠬᠤᠨᠢ ᠶ᠋ᠢᠨ ᠨᠡᠶᠢᠬᠡᠮ ‍ᠤᠨ ᠬᠡᠷᠡᠭᠴᠡᠭᠡ ᠶ᠋ᠢᠨ ᠬᠡᠮᠵᠢᠶ᠎ᠡ ᠲᠠᠰᠣᠷᠠᠯᠳᠠ ᠦᠬᠡᠢ ᠨᠡᠮᠡᠭᠳᠡᠵᠤ ᠪᠠᠶᠢᠭ᠎ᠠ ᠪᠤᠳᠠᠳᠤ ᠪᠠᠶᠢᠳᠠᠯ  ᠳ᠋ᠤ ᠴᠢᠭᠯᠡᠬᠦᠯᠵᠤ ᠂ ᠂ ᠰᠢᠯᠢᠳᠡᠭ ᠡᠬᠦᠯᠳᠡᠷ ‍ᠢ ᠰᠠᠶᠢᠵᠢᠷᠠᠭᠤᠯᠵᠤ ᠦᠷ᠎ᠡ ᠠᠰᠢᠭ ‍ᠢ ᠨᠡᠮᠡᠭᠳᠡᠬᠦᠯᠬᠦ ᠪᠡᠷ ᠵᠤᠷᠢᠯᠭ᠎ᠠ ᠪᠤᠯᠭᠠᠵᠤ  ᠦᠬᠡᠷ ᠬᠤᠨᠢ ᠶ᠋ᠢᠨ ᠡᠬᠦᠯᠳᠡᠷ ᠰᠠᠶᠢᠵᠢᠷᠠᠭᠤᠯᠬᠤ ᠶ᠋ᠢ ᠲᠤᠪᠤᠶᠢᠯᠭᠠᠪᠠ ᠃ ᠮᠢᠬᠠᠨ ᠦᠬᠡᠷ ‍ᠤᠨ ᠬᠦᠢᠳᠡᠨ ᠬᠡᠬᠡᠯᠳᠤᠬᠦᠯᠬᠡ ᠶ᠋ᠢᠨ ᠦᠷᠳᠡᠭᠡ 10 ᠭᠠᠵᠠᠷ ᠰᠢᠨ᠎ᠡ ᠪᠡᠷ ᠪᠠᠶᠢᠭᠤᠯᠤᠨ ᠨᠡᠮᠡᠭᠳᠡᠬᠦᠯᠵᠤ ᠂ ᠶᠡᠷᠤᠡᠭᠭᠡᠢ ᠲᠤᠭ᠎ᠠ ᠨᠢ 193 ᠭᠠᠵᠠᠷ ᠪᠤᠯᠵᠤ ᠂ ᠦᠬᠡᠷ ‍ᠤᠨ ᠰᠠᠶᠢᠵᠢᠷᠠᠭᠤᠯᠤᠯᠳᠠ ᠶ᠋ᠢ ᠪᠦᠷᠬᠦᠬᠦᠯᠬᠦ  ᠶ᠋ᠢ ᠪᠡᠶᠡᠯᠡᠬᠦᠯᠵᠡᠢ ᠃ ᠪᠦᠬᠦ ᠵᠢᠯ ‍ᠤᠨ ᠦᠨᠢᠶ᠎ᠡ  ᠶ᠋ᠢᠨ ᠬᠦᠢᠳᠡᠨ ᠬᠡᠬᠡᠯᠳᠤᠬᠦᠯᠬᠡ 7.08 ᠲᠦᠮᠡᠨ ᠲᠤᠯᠤᠭᠠᠢ ᠪᠤᠯᠵᠤ ᠂ ᠬᠠᠷᠠᠯᠳᠠ ᠶ᠋ᠢᠨ ᠡᠬᠦᠷᠭᠡ ᠶ᠋ᠢᠨ ᠢᠶᠡᠨ107% ᠶ᠋ᠢ ᠪᠡᠶᠡᠯᠡᠬᠦᠯᠪᠡ ᠃  ᠮᠢᠬᠠᠨ ᠦᠬᠡᠷ ‍ᠤᠨ ᠡᠬᠦᠯᠳᠡᠷ ‍ᠤᠨ ᠰᠠᠶᠢᠵᠢᠷᠠᠭᠤᠯᠤᠯᠳᠠ ᠳ᠋ᠤ ᠂   ᠠᠦ᠋ᠰᠲᠷᠠᠯᠢᠶ᠎ᠠ ᠡᠴᠠ ᠴᠡᠪᠡᠷ ᠡᠬᠦᠯᠳᠡᠷ ‍ᠤᠨ ᠠᠡᠭᠬᠡᠰ ᠦᠨᠢᠶ᠎ᠡ 300 ᠲᠤᠯᠤᠭᠠᠢ ᠤᠷᠤᠭᠤᠯᠵᠤ ᠂ ᠴᠡᠪᠡᠷ ᠢᠶᠠᠷ ᠨᠢ ᠲᠡᠵᠢᠬᠡᠨ ᠦᠷᠡᠵᠢᠬᠦᠯᠵᠤ ᠂ ᠤᠯᠤᠰ ‍ᠤᠨ ᠭᠠᠳᠠᠭᠠᠳᠤ ᠶ᠋ᠢᠨ ᠲᠤᠮᠳᠠ ᠪᠠᠭ᠎ᠠ ᠬᠡᠯᠪᠡᠷᠢ ᠶ᠋ᠢᠨ ᠰᠢᠯᠢᠳᠡᠭ  ᠡᠬᠦᠯᠳᠡᠷ  ‍ᠤᠨ ᠮᠠᠯ ‍ᠢ ᠮᠠᠨ ‍ᠤ ᠤᠯᠤᠰ ‍ᠤᠨ ᠤᠮᠠᠷᠠᠳᠤ ᠤᠷᠤᠨ ᠳ᠋ᠤ ᠲᠡᠵᠢᠬᠡᠨ ᠦᠷᠡᠵᠢᠬᠦᠯᠬᠦ ᠠᠷᠭ᠎ᠠ ᠬᠡᠯᠪᠡᠷᠢ ᠶ᠋ᠢ ᠬᠠᠶᠢᠨ  ᠰᠦᠪᠡᠭᠴᠢᠯᠡᠵᠤ ᠂ ᠬᠡᠬᠡᠯᠳᠤᠬᠦᠯᠬᠡ 240 ᠲᠤᠯᠤᠭᠠᠢ ᠂  ᠦᠷ᠎ᠡ ᠳᠤᠭᠳᠠᠭᠰᠠᠨ ᠨᠤᠷᠮ᠎ᠠ ᠨᠢ 90% ᠡᠴᠠ ᠲᠡᠭᠡᠭᠰᠢ ᠪᠤᠯᠵᠡᠢ ᠃ ᠰᠢᠯᠢᠳᠡᠭ ᠡᠬᠦᠯᠳᠡᠷ ‍ᠤᠨ ᠦᠷ᠎ᠡ ᠪᠡᠷ   ᠭᠡᠭᠡᠯᠳᠤᠬᠦᠯᠦᠭᠰᠡᠨ ᠬᠤᠨᠢ 33 ᠲᠦᠮᠡᠨ ᠲᠤᠯᠤᠭᠠᠢ   ᠪᠤᠯᠵᠤ ᠂ ᠡᠬᠦᠨ ᠳ᠋ᠤ ᠬᠦᠮᠤᠨ ‍ᠤ  ᠬᠦᠴᠣ ᠪᠡᠷ  ᠬᠡᠬᠡᠯᠳᠤᠬᠦᠯᠬᠡ ᠬᠢᠭᠰᠡᠨ ᠨᠢ 13 ᠲᠦᠮᠡᠨ ᠲᠤᠯᠤᠭᠠᠢ ᠂ ᠬᠦᠢᠳᠡᠨ ᠦᠷ᠎ᠡ ᠶ᠋ᠢᠨ ᠬᠡᠬᠡᠯᠳᠤᠬᠦᠯᠬᠡ ᠬᠢᠭᠰᠡᠨ  ᠨᠢ  1 ᠲᠦᠮᠡᠨ ᠲᠤᠯᠤᠭᠠᠢ  ᠪᠤᠯᠵᠤ ᠪᠤᠢ ᠃ ᠳ᠋ᠦᠪᠦᠸᠸ ᠂ ᠰᠠᠹᠦ᠋ᠺᠸ ᠂ ᠳ᠋ᠤᠰᠠᠶᠢᠲ ᠵᠡᠷᠭᠡ ᠦᠷ᠎ᠡ  ᠶ᠋ᠢᠨ ᠬᠤᠨᠢ  ᠶ᠋ᠢ 800 ᠤᠷᠤᠭᠤᠯᠵᠤ ᠂  ᠡᠷᠯᠢᠰᠵᠢᠬᠦᠯᠬᠦ ᠪᠡᠷ ᠲᠠᠮᠵᠢᠭᠤᠯᠤᠨ ᠮᠢᠬᠠᠨ  ᠬᠤᠨᠢᠨ ‍ᠤ ᠴᠢᠨᠠᠷ ‍ᠢ ᠰᠠᠶᠢᠵᠢᠷᠠᠭᠤᠯᠵᠡᠢ ᠃ ᠮᠠᠯ ᠠᠵᠤ ᠠᠬᠤᠢ ᠶ᠋ᠢ ᠦᠷᠬᠦᠯᠵᠢᠯᠡᠬᠦᠶᠢᠴᠡ ᠂ ᠦᠳᠳᠣᠷ ᠲᠦᠷᠭᠡᠨ ᠂ ᠡᠷᠡᠬᠦᠯ ᠢᠶᠠᠷ ᠬᠦᠭᠵᠢᠬᠦᠯᠬᠦ ᠶ᠋ᠢᠨ ᠲᠦᠯᠤᠭᠡ ᠂ ᠲᠤᠰ ᠬᠤᠰᠢᠭᠤ ᠫᠸᠡᠭ ᠰᠠᠷᠠᠪᠴᠢ ᠂ ᠵᠤᠭᠤᠷᠢ ᠂ ᠡᠪᠡᠰᠣ ᠪᠤᠷᠳᠤᠭᠠᠨ ‍ᠤ ᠰᠠᠭᠤᠷᠢᠨ ᠭᠠᠵᠠᠷ ‍ᠢ ᠪᠦᠳᠤᠭᠡᠨ ᠪᠠᠶᠢᠭᠤᠯᠵᠤ ᠂ ᠫᠸᠡᠭ ᠰᠠᠷᠠᠪᠴᠢ 20 ᠲᠦᠮᠡᠨ ᠲᠡᠭᠰᠢ ᠲᠦᠷᠪᠡᠯᠵᠢᠨ ᠮᠸᠲ᠋ᠷ ᠂ ᠵᠤᠭᠤᠷᠢ 10 ᠲᠦᠮᠡᠨ ᠺᠦᠪ ᠮᠸᠲ᠋ᠷ ᠂ 《  ᠬᠦᠨᠡᠰᠤᠨ ᠠᠮᠤ ᠶ᠋ᠢ ᠪᠤᠷᠳᠤᠭ᠎ᠠ ᠪᠤᠯᠭᠠᠨ  ᠦᠭᠡᠷᠡᠴᠢᠯᠡᠭᠰᠡᠨ》 ᠨᠢ 5 ᠲᠦᠮᠡᠨ  ᠮᠦ ᠨᠡᠮᠡᠭᠳᠡᠵᠤ ᠂   ᠬᠦᠬᠡ ᠪᠤᠷᠳᠤᠭ᠎ᠠ  ᠶ᠋ᠢᠨ ᠡᠷᠳᠡᠨᠢ ᠰᠢᠰᠢ 30 ᠲᠦᠮᠡᠨ ᠮᠦ  ᠲᠠᠷᠢᠵᠤ  ᠂ ᠰᠢᠯᠢᠳᠡᠭ ᠬᠦᠬᠡ ᠪᠤᠷᠳᠤᠭ᠎ᠠ ᠶ᠋ᠢᠨ ᠡᠷᠳᠡᠨᠢ ᠰᠢᠰᠢ  ᠶᠢᠨ ᠪᠤᠷᠳᠤᠭ᠎ᠠ 120 ᠲᠦᠮᠡᠨ ᠲᠤᠨ  ᠦᠢᠯᠡᠳᠴᠡᠢ ᠃

        ᠲᠤᠰ   ᠬᠤᠰᠢᠭᠤ ᠡᠪᠡᠰᠣ ᠠᠮᠣ ᠶ᠋ᠢᠨ ᠬᠡᠷ ‍ᠤᠨ ᠲᠡᠵᠢᠬᠡᠪᠤᠷᠢ ᠶ᠋ᠢᠨ ᠲᠠᠷᠬᠠᠯᠳᠠ ᠶ᠋ᠢᠨ ᠤᠷᠤᠨ ᠪᠠ ᠬᠡᠪᠴᠢᠶᠡᠵᠢᠯ ᠢᠶᠠᠷ ᠲᠡᠵᠢᠬᠡᠬᠦ ᠲᠠᠯᠠᠪᠠᠢ (ᠡᠷᠤᠭᠡ ) ᠶ᠋ᠢᠨ ᠪᠤᠳᠠᠳᠠᠢ ᠬᠡᠷᠡᠭᠴᠡᠭᠡ ᠶ᠋ᠢ ᠦᠨᠳᠤᠰᠤᠯᠡᠵᠤ ᠂ ᠲᠤᠰ ᠬᠤᠰᠢᠭᠤᠨ ‍ᠤ ᠠᠷᠠᠳ ‍ᠤᠨ ᠵᠠᠰᠠᠭ ‍ᠤᠨ ᠤᠷᠳᠤᠨ 230 ᠲᠦᠮᠡᠨ ᠲᠦᠬᠦᠷᠢᠭ ‍ᠤᠨ ᠵᠤᠭᠤᠰ ᠬᠤᠷᠠᠮᠳᠤᠭᠤᠯᠵᠤ ᠂ ᠲᠤᠮᠳᠠ ᠬᠡᠯᠪᠡᠷᠢ ᠶ᠋ᠢᠨ ᠡᠪᠡᠰᠣ ᠪᠤᠭᠤᠵᠢᠯᠠᠬᠤ ᠮᠠᠰᠢᠨ ᠳ᠋ᠤ ᠨᠦᠬᠦᠪᠤᠷᠢ ᠮᠦᠡᠭᠬᠦ ᠤᠯᠭᠤᠵᠤ ᠂ ᠨᠢᠬᠡ ᠢᠵᠢ ᠡᠪᠡᠰᠣ ᠪᠤᠭᠤᠵᠢᠯᠠᠬᠤ ᠮᠠᠰᠢᠨ ‍ᠤ ᠦᠨ᠎ᠡ ᠨᠢ 16.8 ᠲᠦᠮᠡᠨ ᠲᠦᠬᠦᠷᠢᠭ ᠂ ᠡᠬᠦᠨ ᠳ᠋ᠤ ᠂ ᠬᠤᠰᠢᠭᠤ  ᠵᠠᠰᠠᠭ ‍ᠤᠨ ᠤᠷᠳᠤᠨ  8 ᠲᠦᠮᠡᠨ ᠲᠦᠬᠦᠷᠢᠭ ᠨᠦᠬᠦᠪᠤᠷᠢᠯᠡᠵᠤ ᠂ ᠤᠯᠤᠰ ‍ᠤᠨ ᠲᠠᠷᠢᠶᠠᠯᠠᠡᠭ ‍ᠤᠨ ᠮᠠᠰᠢᠨ ‍ᠤ ᠨᠦᠬᠦᠪᠤᠷᠢ 2.8 ᠲᠦᠮᠡᠨ ᠲᠦᠬᠦᠷᠢᠭ ᠨᠦᠬᠦᠪᠤᠷᠢᠯᠡᠵᠢ ᠃ ᠵᠢᠯ ‍ᠤᠨ ᠲᠤᠳᠤᠷ᠎ᠠ ᠂  ᠪᠠᠷᠢᠮᠵᠢᠶᠠᠵᠢᠭᠰᠠᠨ ᠬᠡᠪᠴᠢᠶᠠᠵᠢᠯ ᠲᠠᠢ  ᠠᠯᠠᠰᠢᠨ ᠦᠭᠡᠷ ᠦᠨ ᠲᠠᠯᠠᠪᠠᠢ 3 ᠭᠠᠵᠠᠷ ᠰᠢᠨ᠎ᠡ  ᠪᠡᠷ ᠪᠠᠶᠢᠭᠤᠯᠵᠤ ᠂ ᠬᠤᠰᠢᠭᠤ ᠰᠢᠶᠠᠨ ᠲᠡᠰ ‍ᠤᠨ ᠬᠤᠨᠢ ᠲᠡᠵᠢᠬᠡᠬᠦ ᠲᠠᠯᠠᠪᠠᠢ 1 ᠭᠠᠵᠠᠷ ᠪᠠᠶᠢᠭᠤᠯᠵᠤ ᠂ ᠤᠯᠤᠰ  ᠡᠴᠠ ᠡᠯ᠎ᠡ ᠵᠤᠶᠢᠯ ‍ᠤᠨ ᠨᠦᠬᠦᠪᠤᠷᠢ 30 ᠲᠦᠮᠡᠨ ᠲᠦᠬᠦᠷᠢᠭ ᠤᠯᠭᠤᠪᠠ ᠃ ᠪᠦᠬᠦ ᠬᠤᠰᠢᠭᠤᠨ ‍ᠤ 《 ᠬᠦᠨᠡᠰᠤᠨ ᠠᠮᠤ ᠶ᠋ᠢ ᠪᠤᠷᠳᠤᠭ᠎ᠠ ᠪᠤᠯᠭᠠᠨ  ᠬᠤᠪᠢᠷᠠᠭᠤᠯᠬᠤ 》 ᠨᠦᠬᠦᠪᠤᠷᠢ  ᠮᠦᠡᠭᠬᠦ 1000 ᠲᠦᠮᠡᠨ ᠲᠦᠬᠦᠷᠢᠭ ᠲᠤ ᠬᠦᠷᠴᠣ ᠂ ᠪᠦᠬᠦ ᠬᠤᠰᠢᠭᠤᠨ ‍ᠤ 10 ᠰᠤᠮᠤ ᠰᠢᠶᠠᠡᠭ ᠪᠠᠯᠭᠠᠰᠤ ᠂ 100 ᠭᠠᠴᠠᠭ᠎ᠠ ᠲᠤᠰᠬᠤᠨ ᠂ 2000 ᠡᠷᠤᠭᠡ ᠳ᠋ᠤ ᠪᠦᠷᠬᠦᠵᠤ ᠂ ᠶᠡᠷᠤᠡᠭᠭᠡᠢ  ᠲᠠᠯᠠᠪᠠᠢ ᠨᠢ 50 ᠲᠦᠮᠡᠨ  ᠮᠦ ᠪᠤᠯᠵᠤ ᠂ ᠨᠡᠶᠢᠳᠡ ᠳ᠋ᠤ ᠵᠠᠷᠯᠠᠯ ᠲᠠᠷᠬᠠᠭᠠᠭᠰᠠᠨ ‍ᠤ ᠲᠠᠷᠠᠭ᠎ᠠ ᠂ ᠨᠦᠬᠦᠪᠤᠷᠢ  ᠵᠤᠭᠤᠰ  ᠮᠦᠡᠭᠬᠦ ᠶ᠋ᠢ  ᠪᠦᠬᠦᠨ ‍ᠢ  ᠨᠢ《 ᠨᠢᠬᠡ ᠴᠢᠳᠠᠮᠵᠢᠳᠤ ᠺᠠᠷᠲ 》 ᠪᠡᠷ ᠲᠠᠮᠵᠢᠭᠤᠯᠵᠤ ᠡᠷᠤᠭᠡ ᠳ᠋ᠤ  ᠳᠠᠷᠬᠠᠭᠠᠪᠠ᠃ ᠰᠠᠭᠠᠯᠢ ᠶ᠋ᠢᠨ ᠦᠨᠢᠶ᠎ᠡ ᠶ᠋ᠢ ᠦᠷᠡᠵᠢᠬᠦᠯᠤᠨ ᠦᠰᠬᠡᠬᠦ ᠨᠦᠬᠦᠪᠤᠷᠢ 148.3 ᠲᠦᠮᠡᠨ ᠲᠦᠬᠦᠷᠢᠭ ᠲᠠᠷᠬᠠᠭᠠᠵᠤ ᠂ ᠨᠡᠶᠢᠳᠡ  27535  ᠲᠤᠯᠤᠭᠠᠢ ᠡᠭᠡ ᠮᠠᠯ ᠳ᠋ᠤ ᠨᠦᠬᠦᠪᠤᠷᠢᠯᠡᠪᠡ ᠃ ( ᠮᠠ ᠪᠦᠬᠡ   ᠰᠢᠤᠢ ᠸᠸᠨ ᠳ᠋ᠸ  ᠮᠡᠳᠡᠭᠡᠯᠡᠪᠡ  )

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ