ᠨᠢ᠋ᠮᠠᠨ ᠬᠣᠰᠢ᠍ᠭᠣᠨ ᠤ 3141 ᠢᠨᠵᠸᠨ᠋ᠸᠷᠢᠩ ᠳᠠᠷᠢᠶᠠᠯᠠᠩ ᠮᠠᠯ ᠠᠵᠣ ᠠᠬᠣᠢ ᠶᠢᠨ ᠪᠦᠳ᠋ᠣᠴᠡ ᠶᠢᠨ ᠰᠢ᠍ᠯᠢ᠍ᠳ᠋ᠡᠭ᠍ᠵᠢ᠍ᠬᠦᠯᠣᠯᠳ᠋ᠡ ᠶᠢᠨ ᠲᠡᠰ ᠲᠡᠪᠰᠢ᠍ᠯᠳ᠋ᠡ ᠶᠢ ᠲᠦᠯᠬᠢᠨ ᠠᠬᠢᠭᠣᠯᠵᠣ ᠪᠠᠶᠢᠨ᠎ᠠ

ᠣᠩᠰᠢᠭᠰᠠᠨ ᠤᠳᠠᠭ᠎ᠠ ᠄ 11606     ᠨᠡᠶᠢᠳᠡᠯᠡᠭᠰᠡᠨ ᠴᠠᠭ ᠄ 2017/2/23 9:30:27

        ᠵᠢᠯ ᠤᠨ ᠡᠬᠢᠨ ᠡᠴᠡ ᠨᠠᠰᠢ ᠂ ᠨᠢ᠋ᠮᠠᠨ ᠬᠣᠰᠢ᠍ᠭᠣ ᠠᠵᠣ ᠠᠬᠣᠢ ᠶᠢᠨ ᠰᠢ᠍ᠨ᠎ᠠ ᠬᠡᠪ  ᠪᠠᠶᠢᠳᠠᠯ ᠳ᠋ᠥ ᠵᠣᠬᠢᠴᠠᠭᠣᠯᠣᠨ ᠬᠠᠡᠭ᠍ᠭᠠᠯᠭ᠎ᠠ ᠶᠢᠨ ᠦᠬᠡᠷᠡᠴᠢ᠍ᠯᠡᠯᠳ᠋ᠡ ᠶᠢ ᠴᠢ᠍ᠡᠭ᠍ᠭᠠᠷᠠᠭᠣᠯᠬᠣ ᠡᠴᠡ ᠭᠠᠷᠳ᠋ᠠᠵᠣ ᠂ ᠣᠳ᠋ᠣᠬᠢᠴᠢ  ᠳᠠᠷᠢᠶᠠᠯᠠᠩ ᠮᠠᠯ ᠠᠵᠣ ᠠᠬᠣᠢ ᠶᠢᠨ ᠲᠠᠯ᠎ᠠ ᠶᠢᠨ 《3141》 ᠵᠢᠱᠢ᠍ᠶ᠎ᠠ ᠦᠵᠡᠬᠦᠯᠣᠯᠭᠡ ᠶᠢᠨ ᠢᠨᠵᠸᠨ᠋ᠸᠷᠢᠩ ᠢ ᠡᠬᠢᠯᠡᠨ ᠬᠡᠷᠡᠭ᠍ᠵᠢ᠍ᠬᠦᠯᠵᠣ ᠂  ᠳᠠᠷᠢᠶᠠᠯᠠᠩ ᠮᠠᠯ ᠠᠵᠣ ᠠᠬᠣᠢ ᠶᠢᠨ ᠦᠢ᠍ᠯᠡᠳᠪᠣᠷᠢ᠍ᠯᠠᠯ ᠢ ᠲᠣᠰᠬᠠᠢ᠌ᠵᠢ᠍ᠭᠰᠠᠨ ᠂ ᠪᠠᠷᠢ᠍ᠮᠵᠢ᠍ᠶᠠᠴᠢ᠍ᠯᠡᠭ᠍ᠰᠡᠨ ᠪᠠᠶᠢᠳᠠᠯ ᠢ  ᠳᠦᠯᠬᠢᠨ ᠠᠬᠢᠭᠣᠯᠵᠣ ᠂  ᠳᠠᠷᠢᠶᠠᠯᠠᠩ ᠮᠠᠯ ᠠᠵᠣ ᠠᠬᠣᠢ ᠶᠢᠨ ᠪᠦᠳ᠋ᠣᠴᠡ ᠶᠢᠨ ᠰᠢ᠍ᠯᠢ᠍ᠳ᠋ᠡᠭ᠍ᠵᠢ᠍ᠬᠦᠯᠣᠯᠳ᠋ᠡ ᠶᠢᠨ ᠲᠡᠰ ᠲᠡᠪᠰᠢ᠍ᠯᠳ᠋ᠡ ᠶᠢ  ᠳᠦᠯᠬᠢᠨ ᠠᠬᠢᠭᠣᠯᠵᠣ ᠪᠠᠢ᠌ᠨ᠎ᠠ ᠃ 《ᠭᠣᠷᠪᠠᠨ ᠵᠢᠱᠢ᠍ᠶ᠎ᠠ ᠦᠵᠡᠬᠦᠯᠣᠯᠭᠡ》 ᠶᠢᠨ ᠪᠦᠳ᠋ᠣᠭᠡᠨ ᠪᠠᠢ᠌ᠭᠣᠯᠣᠯᠳ᠋ᠠ ᠂  ᠬᠤᠶᠢᠳᠤ ᠬᠡᠰᠡᠭ ᠤᠨ ᠲᠠᠯ᠎ᠠ ᠭᠠᠵᠠᠷ ᠣᠷᠣᠨ ᠨᠢ ᠰᠠᠭᠣᠷᠢ  ᠳᠦᠬᠦᠷᠦᠮᠵᠢ  ᠶᠢ ᠪᠦᠷᠢ᠍ᠨ ᠲᠡᠬᠦᠯᠳ᠋ᠡᠷᠵᠢ᠍ᠬᠦᠯᠬᠦ ᠪᠠ ᠭᠠᠵᠠᠷ ᠰᠢ᠍ᠷᠣᠢ ᠶᠢᠨ  ᠳᠦᠪᠯᠡᠷᠡᠭᠰᠡᠨ ᠭᠡᠰᠡᠭ ᠤᠨ ᠲᠠᠪᠠᠭᠣᠯᠢ᠍ᠭ ᠶᠢᠡᠨ ᠪᠠᠳ᠋ᠠᠷᠠᠭᠣᠯᠵᠣ ᠂ ᠣᠰᠣ ᠠᠷᠪᠢᠯᠠᠵᠣ ᠦᠨᠳ᠋ᠣᠷ ᠣᠨᠠᠯᠳ᠋ᠠ ᠦᠨᠳ᠋ᠣᠷ ᠦᠷ᠎ᠠ ᠠᠰᠢ᠍ᠭᠳ᠋ᠣ ᠠᠮᠣ ᠪᠣᠳ᠋ᠠᠭ᠎ᠠ ᠶᠢᠨ ᠴᠢ᠍ᠳ᠋ᠠᠪᠬᠢ ᠣᠷᠣᠨ ᠪᠣᠯᠭᠠᠨ ᠪᠦᠳ᠋ᠣᠭᠡᠨ  ᠪᠠᠶᠢᠭᠤᠯᠬᠤ ᠪᠠᠷ ᠪᠠᠶᠢᠨ᠎ᠠ ᠃ ᠡᠮᠣᠨ᠎ᠠ ᠠᠭᠣᠯᠠᠷᠬᠠᠭ ᠣᠷᠣᠨ ᠨᠢ ᠣᠨᠴᠠᠯᠢ᠍ᠭᠳ᠋ᠣ ᠲᠠᠷᠢ᠍ᠮᠠᠯ ᠂ ᠲᠡᠵᠢ᠍ᠬᠡᠪᠣᠷᠢ ᠵᠢᠴᠢ  ᠳᠠᠷᠢᠶᠠᠯᠠᠩ  ᠤᠨ ᠪᠦᠳ᠋ᠣᠭᠡᠭ᠍ᠳ᠋ᠡᠬᠦᠨ ᠤ ᠡᠳ᠋ᠰᠢ᠍ᠬᠦᠯᠣᠨ ᠪᠣᠯᠪᠠᠰᠣᠷᠠᠭᠣᠯᠣᠯᠳ᠋ᠠ ᠪᠡᠷ ᠭᠣᠣᠯᠳ᠋ᠠᠯᠭ᠎ᠠ ᠪᠣᠯᠭᠠᠵᠣ ᠂ ᠵᠢᠵᠢ᠍ᠭ᠌ ᠠᠭᠣᠯᠠ ᠲᠣᠪᠣ  ᠭᠠᠩ ᠬᠠᠭᠣᠷᠠᠢ ᠭᠠᠵᠠᠷ ᠤᠨ  ᠭᠠᠩ   ᠢ ᠡᠰᠡᠷᠬᠦᠴᠡᠵᠣ ᠣᠰᠣ ᠠᠷᠪᠢᠯᠠᠬᠣ  ᠳᠠᠷᠢᠶᠠᠯᠠᠩ  ᠤᠨ ᠵᠢᠱᠢ᠍ᠶ᠎ᠠ ᠦᠵᠡᠬᠦᠯᠣᠯᠬᠡ ᠶᠢᠨ ᠣᠷᠣᠨ ᠪᠣᠯᠭᠠᠨ ᠪᠦᠳ᠋ᠣᠭᠡᠨ  ᠪᠠᠶᠢᠭᠤᠯᠬᠤ ᠪᠠᠷ ᠪᠠᠶᠢᠨ᠎ᠠ ᠃ ᠲᠣᠮᠳ᠋ᠠ  ᠭᠡᠰᠡᠭ  ᠦᠨ ᠡᠯᠡᠰᠣᠨ ᠭᠠᠵᠠᠷ ᠣᠷᠣᠨ ᠳ᠋ᠥ ᠂ ᠬᠠᠮᠠᠭᠠᠯᠠᠯᠳ᠋ᠠ ᠶᠢᠨ ᠲᠣᠮᠳ᠋ᠠ ᠬᠦᠭ᠍ᠵᠢ᠍ᠯᠳ᠋ᠡ ᠶᠢ ᠪᠠᠷᠢ᠍ᠮᠳ᠋ᠠᠯᠠᠵᠣ ᠂ ᠬᠦᠭ᠍ᠵᠢ᠍ᠯᠳ᠋ᠡ ᠶᠢᠨ ᠲᠣᠮᠳ᠋ᠠ ᠬᠠᠮᠠᠭᠠᠯᠠᠯᠳ᠋ᠠ ᠶᠢ ᠪᠠᠷᠢ᠍ᠮᠳ᠋ᠠᠯᠠᠵᠣ ᠂ ᠡᠯᠡᠰᠣᠨ ᠣᠷᠣᠨ ᠤ ᠠᠮᠢ ᠠᠬᠣᠢ ᠶᠢᠨ ᠶᠡᠷᠣᠡᠭ᠍ᠭᠡᠢ ᠵᠠᠰᠠᠯᠳ᠋ᠠ ᠪᠡᠷ ᠠᠵᠣ  ᠦᠢᠯᠡᠰ ᠤᠨ ᠡᠷᠬᠢᠯᠳ᠋ᠡᠳ᠋ᠣ ᠬᠦᠭ᠍ᠵᠢ᠍ᠯᠳ᠋ᠡ ᠶᠢᠨ ᠵᠢᠱᠢ᠍ᠶ᠎ᠠ ᠦᠵᠡᠬᠦᠯᠣᠯᠭᠡ ᠶᠢᠨ ᠣᠷᠣᠨ ᠪᠣᠯᠭᠠᠨ ᠪᠦᠳ᠋ᠣᠭᠡᠨ  ᠪᠠᠶᠢᠭᠤᠯᠤᠨ᠎ᠠ᠃ 《ᠠᠷᠪᠠᠨ ᠶᠡᠬᠡ ᠪᠣᠬᠢᠷᠳ᠋ᠣᠯ ᠦᠬᠡᠢ  ᠳᠠᠷᠢᠶᠠᠯᠠᠩ ᠮᠠᠯ ᠤᠨ ᠪᠦᠳ᠋ᠣᠭᠡᠭ᠍ᠳ᠋ᠡᠬᠦᠨ ᠤ ᠦᠢ᠍ᠯᠡᠳᠪᠣᠷᠢ᠍ᠯᠠᠯ ᠤᠨ ᠰᠠᠭᠣᠷᠢ᠍ᠨ ᠭᠠᠵᠠᠷ》 ᠢ ᠪᠦᠳ᠋ᠣᠭᠡᠨ ᠪᠠᠢ᠌ᠭᠣᠯᠵᠣ ᠂ ᠬᠡᠷᠡᠭᠯᠡᠬᠡᠨ ᠤ ᠪᠦᠳ᠋ᠣᠴᠡ ᠶᠢ ᠲᠡᠰ ᠲᠡᠪᠰᠢ᠍ᠬᠦᠯᠬᠦ ᠬᠠᠨᠳ᠋ᠣᠰᠢ ᠳ᠋ᠥ ᠴᠢᠭ᠍ᠯᠡᠬᠦᠯᠣᠨ ᠂ ᠭᠠᠵᠠᠷ ᠣᠷᠣᠨ ᠤ ᠪᠠᠨ ᠪᠣᠳ᠋ᠠᠳ᠋ᠣ ᠪᠠᠢ᠌ᠳ᠋ᠠᠯ ᠳ᠋ᠥ ᠵᠣᠬᠢᠴᠠᠭᠣᠯᠣᠨ ᠮᠣᠡᠭ᠍ᠭᠣᠯ ᠬᠢᠳ᠋ᠡᠳ ᠡᠮ ᠤᠨ ᠮᠠᠲ᠋ᠸᠷᠢ᠍ᠶᠠᠯ ᠂ ᠨᠠᠷᠢ᠍ᠮᠣ ᠂ ᠣᠯᠠᠭᠠᠨ ᠦᠬᠡᠷ ᠂ ᠮᠢ᠍ᠬᠠᠨ ᠡᠯᠵᠢ᠍ᠬᠡ ᠵᠡᠷᠭᠡ ᠦᠨᠳ᠋ᠣᠷ ᠦᠷ᠎ᠠ ᠠᠰᠢ᠍ᠭᠳ᠋ᠣ ᠣᠨᠴᠠᠯᠢ᠍ᠭᠳ᠋ᠣ ᠲᠡᠵᠢ᠍ᠬᠡᠯ ᠲᠠᠷᠢ᠍ᠮᠠᠯ ᠤᠨ  ᠦᠢᠯᠡᠰ ᠢ ᠬᠦᠭ᠍ᠵᠢ᠍ᠬᠦᠯᠵᠣ ᠂  ᠰᠢᠯᠢᠳᠡᠭ  ᠳᠠᠷᠢᠶᠠᠯᠠᠩ ᠮᠠᠯ ᠤᠨ ᠪᠦᠳ᠋ᠣᠬᠡᠭ᠍ᠳ᠋ᠡᠬᠦᠨ ᠢ ᠦᠷ᠎ᠠ ᠠᠰᠢ᠍ᠭ ᠲᠡᠶ ᠬᠠᠡᠭ᠍ᠭᠠᠨ᠎ᠠ ᠃ 《 ᠳᠦᠷᠪᠠᠨ ᠰᠢ᠍ᠨᠵᠢ᠍ᠯᠡᠭᠡ ᠮᠡᠷᠭᠡᠵᠢ᠍ᠯ ᠤᠨ  ᠬᠦᠷᠢᠶᠠᠯᠠᠩ》 ᠤᠨ ᠪᠦᠳ᠋ᠣᠭᠡᠨ  ᠪᠠᠶᠢᠭᠤᠯᠤᠯᠳᠠ ᠶᠢ  ᠰᠠᠶᠢᠳᠤᠷ ᠬᠢᠵᠣ ᠂  ᠳᠦᠷᠦᠯ ᠵᠦᠢᠯ ᠤᠨ ᠵᠣᠭᠣᠰ  ᠮᠦᠩᠬᠦ  ᠶᠢ  ᠴᠢᠷᠮᠠᠶᠢᠨ ᠣᠯᠬᠣ ᠬᠦᠴᠣᠯᠡᠴᠡ ᠪᠠᠨ ᠴᠢ᠍ᠡᠭ᠍ᠭᠠᠷᠠᠭᠣᠯᠵᠣ ᠂ ᠬᠦᠴᠣ ᠪᠠᠨ  ᠲᠦᠪᠯᠡᠷᠡᠬᠦᠯᠦᠨ ᠲᠠᠴᠢ᠍ᠨᠳ᠋ᠠᠯ᠎ᠠ ᠪᠠᠯᠭᠠᠰᠣ ᠶᠢᠨ ᠣᠳ᠋ᠣᠬᠢᠴᠢ  ᠳᠠᠷᠢᠶᠠᠯᠠᠩ ᠤᠨ ᠰᠢ᠍ᠨᠵᠢ᠍ᠯᠡᠭᠡ ᠮᠡᠷᠭᠡᠵᠢ᠍ᠯ ᠤᠨ ᠲᠣᠭᠣᠷᠢ᠍ᠭ ᠂ ᠮᠣᠡᠭ᠍ᠭᠣᠯ ᠬᠢᠳ᠋ᠡᠳ ᠡᠮ ᠤᠨ ᠡᠷᠡᠬᠦᠯ ᠮᠡᠨᠳ᠋ᠣ ᠰᠢ᠍ᠨᠵᠢ᠍ᠯᠡᠭᠡ ᠮᠡᠷᠭᠡᠵᠢ᠍ᠯ ᠤᠨ ᠠᠵᠣ ᠣᠢ᠌ᠯᠡᠰ ᠤᠨ ᠲᠣᠭᠣᠷᠢ᠍ᠭ ᠂  ᠮᠸᠩ ᠳ᠋ᠦᠩ ᠡᠯᠵᠢ᠍ᠬᠡ ᠦᠷᠡᠵᠢ᠍ᠬᠦᠯᠣᠨ ᠲᠡᠵᠢ᠍ᠬᠡᠬᠦ ᠰᠢ᠍ᠨᠵᠢ᠍ᠯᠡᠭᠡ ᠮᠡᠷᠭᠡᠵᠢ᠍ᠯ ᠤᠨ ᠲᠣᠭᠣᠷᠢ᠍ᠭ ᠂  ᠴᠢᠩ ᠯᠦᠩ ᠱᠠᠨ ᠤ ᠰᠢ᠍ᠬᠢᠷᠯᠢ᠍ᠭ᠌ ᠲᠦ᠋ᠮᠣᠰᠣ ᠶᠢᠨ ᠰᠢ᠍ᠨᠵᠢ᠍ᠯᠡᠭᠡ ᠮᠡᠷᠭᠡᠵᠢ᠍ᠯ ᠤᠨ ᠠᠵᠣ  ᠦᠢᠯᠡᠰ ᠤᠨ ᠲᠣᠭᠣᠷᠢ᠍ᠭ ᠢ ᠪᠦᠳ᠋ᠣᠭᠡᠨ  ᠪᠠᠶᠢᠭᠤᠯᠤᠯᠳᠠ ᠶᠢ ᠬᠡᠷᠡᠭ᠍ᠵᠢ᠍ᠬᠦᠯᠵᠣ ᠂ ᠮᠠᠯᠴᠢ᠍ᠨ ᠲᠠᠷᠢ᠍ᠶᠠᠴᠢ᠍ᠨ ᠤ ᠣᠷᠣᠯᠭ᠎ᠠ ᠪᠠᠨ ᠨᠡᠮᠡᠭ᠍ᠳ᠋ᠡᠬᠦᠯᠬᠦ ᠂  ᠳᠠᠷᠢᠶᠠᠯᠠᠩ ᠮᠠᠯ ᠠᠵᠣ ᠠᠬᠣᠢ ᠶᠢᠨ  ᠦᠢᠯᠡᠰ ᠢ  ᠦᠷᠬᠦᠯᠵᠢᠯᠡᠬᠦᠶᠢᠴᠠ ᠬᠦᠭ᠍ᠵᠢ᠍ᠬᠦᠯᠬᠦ ᠰᠢ᠍ᠨ᠎ᠠ ᠬᠦᠳ᠋ᠡᠯᠬᠡᠭ᠍ᠴᠢ ᠬᠦᠴᠣᠨ ᠢ ᠪᠣᠢ ᠪᠣᠯᠭᠠᠨ ᠣᠷᠣᠭᠰᠢ  ᠳᠦᠯᠬᠢᠨ ᠠᠬᠢᠭᠣᠯᠣᠨ᠎ᠠ ᠃ 《100 ᠣᠷᠣᠨ ᠪᠦᠰᠡ ᠶᠢᠨ ᠣᠨᠴᠠᠯᠢ᠍ᠭᠳ᠋ᠣ ᠠᠵᠣ  ᠦᠢᠯᠡᠰ ᠤᠨ ᠵᠢᠱᠢ᠍ᠶ᠎ᠠ ᠦᠵᠡᠬᠦᠯᠣᠯᠭᠡ ᠶᠢᠨ ᠲᠣᠰᠬᠣᠨ》 ᠢ ᠬᠦᠮᠣᠵᠢ᠍ᠬᠦᠯᠣᠨ  ᠪᠤᠶᠢᠵᠢᠭᠤᠯᠵᠦ ᠂ ᠵᠣᠬᠢᠬᠣ ᠨᠢ᠍ᠬᠡᠨ ᠠᠵᠣ  ᠦᠢᠯᠡᠰ ᠤᠨ ᠰᠠᠭᠣᠷᠢ ᠲᠡᠶ ᠂ ᠵᠠᠬ᠎ᠠ ᠲᠡᠯᠬᠡᠬᠦᠷ ᠲᠡᠶ ᠵᠠᠯᠭᠠᠯᠳ᠋ᠣᠬᠣ ᠬᠡᠮᠵᠢ᠍ᠶ᠎ᠠ ᠲᠡᠶ ᠂ ᠰᠢ᠍ᠨᠵᠢ᠍ᠯᠡᠭᠡ ᠮᠡᠷᠭᠡᠵᠢ᠍ᠯ ᠤᠨ ᠣᠬᠠᠮᠰᠠᠷ ᠴᠢ᠍ᠡᠭ᠍ᠭ᠎ᠠ ᠂ ᠰᠢ᠍ᠨ᠎ᠠ ᠬᠡᠯᠪᠡᠷᠢ ᠶᠢᠨ ᠡᠵᠡᠡᠭ᠍ᠨᠡᠯᠳ᠋ᠡ ᠴᠣᠪᠣᠭᠣᠯᠢ᠍ᠭ ᠂ ᠣᠯᠠᠨ ᠲᠦ᠋ᠮᠡᠨ ᠤ ᠣᠷᠣᠯᠴᠠᠬᠣ ᠦᠷᠭᠡᠨ ᠲᠡᠯᠬᠡᠷ ᠭᠠᠴᠠᠭ᠎ᠠ ᠲᠣᠰᠬᠣᠨ ᠢ ᠰᠣᠡᠭ᠍ᠭᠣᠵᠣ ᠂ ᠣᠨᠴᠠᠯᠢ᠍ᠭᠳ᠋ᠣ ᠭᠣᠣᠯ ᠣᠳ᠋ᠣᠷᠢ᠍ᠳ᠋ᠣᠮᠵᠢ ᠶᠢᠨ ᠠᠵᠣ  ᠦᠢᠯᠡᠰ ᠢ ᠶᠡᠬᠡᠪᠡᠷ ᠲᠡᠮᠵᠢ᠍ᠨ ᠲᠡᠳᠬᠦᠨ ᠬᠦᠭ᠍ᠵᠢ᠍ᠬᠦᠯᠵᠣ ᠂ 《ᠨᠢ᠍ᠬᠡ ᠲᠣᠰᠬᠣᠨ ᠨᠢ᠍ᠬᠡ ᠪᠦᠳ᠋ᠣᠭᠡᠯ ᠲᠡᠶ》 《ᠬᠡᠳ᠋ᠣᠨ ᠲᠣᠰᠬᠣᠨ ᠨᠢ᠍ᠬᠡ ᠪᠦᠳ᠋ᠣᠭᠡᠯ》 ᠲᠡᠶ ᠪᠣᠯᠭᠠᠬᠣ ᠪᠡᠷ  ᠪᠠᠶᠢᠨ᠎ᠠ ᠃  ᠳᠦᠰᠦᠪᠯᠡᠨ ᠪᠣᠳ᠋ᠣᠬᠣ ᠪᠡᠷ ᠂ ᠪᠦᠬᠦ ᠵᠢᠯ ᠳ᠋ᠥ ᠂ ᠦᠨᠳ᠋ᠣᠷ ᠦᠷ᠎ᠠ ᠠᠰᠢ᠍ᠭ ᠲᠡᠶ ᠣᠨᠴᠠᠯᠢ᠍ᠭᠳ᠋ᠣ ᠣᠷᠭᠣᠮᠠᠯ ᠤᠨ ᠲᠠᠯᠠᠪᠠᠢ ᠶᠢ 20 ᠲᠦ᠋ᠮᠡᠨ  ᠮᠦ ᠡᠴᠡ ᠲᠡᠭᠡᠭ᠍ᠰᠢ ᠮᠠᠯ ᠠᠵᠣ ᠠᠬᠣᠢ ᠶᠢᠨ ᠵᠢᠯ ᠳ᠋ᠥ ᠬᠡᠷ ᠤᠨ ᠮᠠᠯ ᠣᠨᠣᠭ᠎ᠠ ᠶᠢ 22  ᠳᠦᠮᠡ ᠡᠴᠡ ᠲᠡᠭᠡᠭ᠍ᠰᠢ ᠰᠢ᠍ᠨ᠎ᠠ ᠪᠡᠷ ᠨᠡᠮᠡᠭ᠍ᠳ᠋ᠡᠬᠦᠯᠬᠦ ᠪᠡᠷ  ᠪᠠᠶᠢᠨ᠎ᠠ ᠃ ( ᠮᠠ ᠪᠦᠬᠡ  ᠸᠠᠩ ᠢᠣᠢ ᠮᠸᠢ ᠮᠡᠳ᠋ᠡᠭᠡᠯᠡᠪᠡ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ

ᠬᠠᠮᠢᠶ᠎ᠡ ᠪᠦᠬᠦᠢ ᠰᠣᠨᠢᠨ