ᠠᠯᠲᠠ ᠣᠯᠪᠠᠴᠤ ᠠᠮᠢᠨ ᠳ᠋ᠠᠭᠠᠨ ᠠᠪᠬᠤ ᠦᠭᠡᠢ ᠭᠥᠸᠧ ᠴᠠᠩ ‍ᠤᠨ ᠠᠵᠢᠯᠯᠠᠭ᠎ᠠ ᠠᠯᠲᠠ ᠪᠡᠷ ᠰᠣᠯᠢᠬᠤ ᠦᠭᠡᠢ ᠠᠷᠢᠭᠤᠨ ᠨᠠᠨᠳᠢᠨ (20170216)

ᠣᠩᠰᠢᠭᠰᠠᠨ ᠤᠳᠠᠭ᠎ᠠ ᠄ 6772     ᠨᠡᠶᠢᠳᠡᠯᠡᠭᠰᠡᠨ ᠴᠠᠭ ᠄ 2017/2/16 9:38:07

      ᠠᠯᠲᠠ ᠣᠯᠪᠠᠴᠤ ᠠᠮᠢᠨ ᠳ᠋ᠠᠭᠠᠨ ᠠᠪᠬᠤ ᠦᠭᠡᠢ  ᠭᠥᠸᠧ ᠴᠠᠩ ‍ᠤᠨ ᠠᠵᠢᠯᠯᠠᠭ᠎ᠠ  ᠠᠯᠲᠠ ᠪᠡᠷ ᠰᠣᠯᠢᠬᠤ ᠦᠭᠡᠢ ᠠᠷᠢᠭᠤᠨ ᠨᠠᠨᠳᠢᠨ

     

      2 ᠰᠠᠷ᠎ᠠ ᠶ᠋ᠢᠨ 11 ‍ᠤ ᠣᠷᠤᠢ ᠶ᠋ᠢᠨ 9 ᠴᠠᠭ 30 ᠮᠢᠨᠦ᠋ᠲ ᠲᠤ ᠂ ᠨᠠᠢᠮᠠᠨ ᠬᠤᠰᠢᠭᠤᠨ ‍ᠤ ᠲᠠᠴᠢᠨᠲᠠᠯ᠎ᠠ ᠪᠠᠯᠭᠠᠰᠤᠨ ‍ᠤ ᠲᠣᠮᠢᠯᠠᠭᠰᠠᠨ ᠰᠠᠯᠪᠤᠷᠢ ᠶ᠋ᠢᠨ ᠲᠦᠭᠰᠢᠭᠦᠷᠢᠳᠦ ᠮᠡᠳᠡᠭᠡᠯᠡᠯ ‍ᠢ ᠬᠦᠯᠢᠶᠡᠨ ᠠᠪᠬᠤ ᠦᠢᠯᠡᠴᠢᠯᠡᠭᠡ ᠶ᠋ᠢᠨ ᠲᠦᠪ ᠲᠤ ᠪᠠᠴᠢᠮ ᠴᠠᠬᠢᠯᠭᠠᠨ ᠤᠲᠠᠰᠤᠨ ‍ᠤ ᠳᠠᠭᠤ ᠬᠠᠩᠭᠢᠨᠠᠬᠤ ᠶ᠋ᠢᠨ ᠵᠡᠷᠭᠡ ᠪᠡᠷ ᠂ ᠵᠢᠵᠢᠭᠦᠷ ‍ᠤᠨ ᠴᠠᠭᠳᠠᠭ᠎ᠠ ᠵᠢᠶᠠ ᠸᠧᠢ ᠤᠲᠠᠰᠤ ᠲᠤᠰᠤᠭᠰᠠᠨ ᠳ᠋ᠥ ᠄《ᠴᠠᠭᠳᠠᠭ᠎ᠠ ᠠᠪᠠᠭ᠎ᠠ ᠲᠠ ᠰᠠᠶᠢᠨ ᠂ ᠪᠢ ᠱᠠᠩ ᠫᠢᠨ ᠵᠤᠸᠠᠩ ᠶᠤᠸᠠᠨ ᠪᠠᠭ᠎ᠠ ᠲᠤᠭᠤᠷᠢᠭ ‍ᠤᠨ ᠵᠡᠭᠦᠨ ᠡᠭᠦᠳᠡᠨ ᠡᠮᠦᠨᠡᠬᠢ ᠵᠠᠮ ᠡᠴᠡ ᠨᠢᠭᠡᠨ ᠵᠣᠭᠤᠰ ‍ᠤᠨ ᠴᠦᠩᠬᠦ ᠣᠯᠵᠤ ᠠᠪᠤᠪᠠ ᠂ ᠭᠡᠭᠡᠭᠰᠡᠨ ᠡᠵᠡᠨ ‍ᠢ 40 ᠮᠢᠨᠦ᠋ᠲ ᠬᠦᠯᠢᠶᠡᠭᠰᠡᠨ ᠴᠤ ᠢᠷᠡᠭᠡ ᠦᠭᠡᠢ ᠪᠠᠶᠢᠭᠰᠠᠭᠠᠷ》ᠭᠡᠬᠦ ᠬᠦᠭᠡᠷᠦᠭᠦᠨ ᠴᠠᠶᠢᠯᠭᠠᠨ ᠳᠠᠭᠤ ᠲᠤᠭᠤᠯᠳᠠᠨ᠎ᠠ ᠃ ᠤᠲᠠᠰᠤ ᠪᠠᠨ ᠲᠠᠯᠪᠢᠮᠠᠭᠴᠠ ᠂ ᠵᠢᠶᠠ ᠸᠧᠢ ᠪᠣᠰᠤᠳ ᠬᠠᠮᠳᠤ ᠠᠵᠢᠯᠯᠭᠴᠢ ᠲᠠᠢ ᠪᠠᠨ ᠲᠣᠬᠠᠢ ᠶ᠋ᠢᠨ ᠭᠠᠵᠠᠷ ᠵᠦᠭ ᠱᠠᠯᠠᠪᠬᠢᠨ ᠮᠣᠷᠳᠠᠯ᠎ᠠ ᠃  

      50 ᠮᠢᠨᠦ᠋ᠲ ‍ᠤᠨ ᠡᠮᠦᠨ᠎ᠡ ᠂  ᠶᠠᠭ ᠰᠠᠶᠢᠬᠠᠨ ᠭᠠᠷᠠᠭ ‍ᠤᠨ ᠵᠢᠷᠭᠤᠭᠠᠨ ᠲᠤᠯᠠ ᠨᠠᠢᠮᠠᠨ ᠬᠤᠰᠢᠭᠤᠨ ‍ᠤ ᠨᠢᠭᠡᠳᠦᠭᠡᠷ ᠳᠤᠮᠳᠠᠳᠤ ᠰᠤᠷᠭᠠᠭᠤᠯᠢ ᠣᠷᠤᠢ ᠶ᠋ᠢᠨ ᠳᠠᠪᠲᠠᠯᠭ᠎ᠠ ᠦᠭᠡᠢ  ᠤᠴᠢᠷ ᠡᠴᠡ ᠭᠥᠸᠧ ᠴᠠᠩ ᠬᠠᠮᠳᠣ ᠰᠤᠷᠤᠯᠭᠠᠲᠠᠨ ᠲᠠᠢ ᠪᠠᠨ ᠰᠤᠷᠭᠠᠭᠤᠯᠢ ᠶ᠋ᠢᠨ ᠬᠠᠵᠠᠭᠤ ᠳ᠋ᠥ ᠬᠣᠭᠤᠯᠠ ᠢᠳᠡᠭᠰᠡᠨ ‍ᠤ ᠬᠣᠶᠢᠨ᠎ᠠ ᠂ ᠣᠷᠤᠢ ᠶ᠋ᠢᠨ ᠦᠵᠡᠮᠵᠢ ᠵᠢ ᠰᠣᠨᠢᠷᠬᠠᠨ ᠰᠤᠷᠭᠠᠭᠤᠯᠢ ᠵᠦᠭ ᠢᠡᠨ ᠶᠠᠪᠤᠵᠤ ᠪᠠᠶᠢᠯ᠎ᠠ ᠃ ᠱᠠᠩ ᠫᠢᠨ ᠵᠤᠸᠠᠩ ᠶᠤᠸᠠᠨ ᠪᠠᠭ᠎ᠠ ᠲᠣᠭᠤᠷᠢᠭ ‍ᠤᠨ ᠵᠡᠬᠦᠨ ᠡᠭᠦᠳᠡᠨ ᠡᠮᠦᠨᠡᠭᠦᠷ ᠦᠩᠭᠡᠷᠡᠬᠦ ᠦᠶᠡᠰ ᠂ ᠭᠥᠸᠧ ᠴᠠᠩ ‍ᠤᠨ ᠬᠦᠯ ᠳ᠋ᠥ ᠭᠡᠨᠡᠳᠲᠡ ᠶᠠᠭᠤᠮ᠎ᠠ ᠭᠡᠰᠬᠢᠭᠳᠡᠭᠰᠡᠨ ᠮᠡᠲᠦ ᠂ ᠠᠵᠢᠭᠯᠠᠭᠰᠠᠨ ᠴᠢᠨᠢ ᠵᠣᠭᠤᠰ ‍ᠤᠨ ᠴᠦᠩᠬᠦ ᠪᠠᠶᠢᠵᠤ ᠂ ᠳᠣᠲᠤᠷ᠎ᠠ ᠨᠢ ᠲᠤᠩ ᠵᠤᠵᠠᠭᠠᠨ ᠵᠠᠭᠤᠨ ᠲᠦᠭᠦᠷᠢᠭ ‍ᠤᠨ ᠵᠣᠭᠤᠰ ᠪᠣᠯᠤᠨ ᠬᠤᠷᠢ ᠭᠠᠷᠤᠢ ᠺᠠᠷᠲ ᠪᠠᠶᠢᠯ᠎ᠠ ᠂ ᠭᠥᠸᠧ ᠴᠠᠩ ᠬᠠᠮᠲᠤ ᠰᠤᠷᠤᠯᠭᠠᠲᠠᠨ ᠲᠠᠢ ᠪᠠᠨ ᠵᠦᠪᠳᠡᠯᠴᠡᠭᠰᠡᠨ ‍ᠤ ᠬᠣᠶᠢᠨ᠎ᠠ ᠭᠡᠭᠡᠭᠰᠡᠨ ᠡᠵᠡᠨ ‍ᠢ ᠬᠦᠯᠢᠶᠡᠬᠦ ᠪᠡᠷ ᠲᠣᠭᠲᠠᠯ᠎ᠠ ᠂ ᠭᠡᠲᠡᠯ᠎ᠡ 40 ᠮᠢᠨᠦ᠋ᠲ ᠬᠦᠯᠢᠶᠡᠭᠰᠡᠨ ᠪᠣᠯᠪᠠᠴᠤ ᠶᠠᠮᠠᠷ ᠬᠦᠮᠦᠨ ᠴᠤ ᠡᠷᠢᠵᠦ ᠢᠷᠡᠭᠰᠡᠨ ᠦᠭᠡᠢ ᠤᠴᠢᠷ ᠡᠴᠡ ᠭᠥᠸᠧ ᠴᠠᠩ 110 ᠳ᠋ᠥ ᠤᠲᠠᠰᠤᠳᠠᠵᠤ᠂ ᠵᠣᠭᠤᠰ ‍ᠤᠨ ᠴᠦᠩᠬᠦ ᠵᠢ ᠴᠠᠭᠳᠠᠭ᠎ᠠ ᠳ᠋ᠥ ᠦᠭᠬᠦ ᠪᠡᠷ ᠲᠣᠭᠲᠠᠯ᠎ᠠ ᠃
     ᠬᠡᠳᠦᠨ ᠮᠢᠨᠦ᠋ᠲ ‍ᠤᠨ ᠬᠣᠶᠢᠨ᠎ᠠ ᠂ ᠨᠢᠭᠡᠨ ᠴᠠᠭᠳᠠᠭᠠᠨ ᠲᠡᠷᠭᠡ ᠭᠥᠸᠧ ᠴᠠᠩ ᠨᠠᠷ ‍ᠤᠨ ᠬᠠᠵᠠᠭᠤ ᠳ᠋ᠥ ᠵᠣᠭᠰᠤᠵᠤ ᠂ ᠴᠠᠭᠳᠠᠭ᠎ᠠ ᠭᠥᠸᠧ ᠴᠠᠩ ᠡᠴᠡ ᠨᠠᠷᠢᠨ ᠶᠠᠪᠤᠳᠠᠯ ‍ᠢ ᠠᠰᠠᠭᠤᠵᠤ ᠂ ᠭᠡᠷᠡᠴᠢ ᠶ᠋ᠢᠨ ᠬᠠᠭᠤᠳᠠᠰᠤ ᠵᠢ ᠲᠠᠭᠯᠠᠵᠤ  ᠪᠢᠴᠢᠭᠰᠡᠨ ‍ᠤ ᠬᠤᠶᠢᠨ᠎ᠠ ᠂ ᠴᠦᠩᠬᠦ ᠵᠢ ᠨᠢᠭᠲᠠ ᠯᠠᠪᠯᠠᠭᠰᠠᠨ ᠴᠢᠨᠢ ᠂ ᠳᠣᠲᠤᠷ᠎ᠠ ᠨᠢ 5300 ᠲᠦᠭᠦᠷᠢᠭ ᠵᠣᠭᠤᠰ ᠂ ᠣᠯᠠᠨ ᠶᠠᠩᠵᠤ ᠶ᠋ᠢᠨ ᠺᠠᠷᠲ  ᠬᠤᠷᠢ ᠭᠠᠷᠤᠢ ᠪᠠᠶᠢᠯ᠎ᠠ ᠃ ᠳᠠᠷᠠᠭ᠎ᠠ ᠳ᠋ᠤᠨᠢ ᠴᠠᠭᠳᠠᠭ᠎ᠠ ᠭᠥᠸᠧ ᠴᠠᠩ ᠨᠠᠷ ‍ᠤᠨ ᠬᠠᠷᠢᠯᠴᠠᠬᠤ ᠤᠲᠠᠰᠤ ᠵᠢ ᠲᠡᠮᠳᠡᠭᠯᠡᠵᠦ ᠄《 ᠪᠢᠳᠡ ᠳᠠᠷᠤᠢ ᠡᠵᠡᠨ ‍ᠢ ᠨᠢ ᠡᠷᠢᠨ᠎ᠡ ᠂ ᠣᠯᠤᠭᠰᠠᠨ ‍ᠤ ᠬᠤᠶᠢᠨ᠎ᠠ ᠲᠠᠨ ᠲᠠᠢ ᠬᠠᠷᠢᠯᠴᠠᠶ᠎ᠠ ᠂ ᠲᠠ ᠨᠠᠷ ᠮᠦᠨ ᠬᠦ᠋ ᠡᠨᠡᠬᠦ ᠭᠣᠣᠯᠴᠢ ᠴᠠᠶᠢᠯᠭᠠᠨ ᠵᠠᠩ ᠰᠤᠷᠲᠠᠬᠤᠨ ᠢᠡᠨ ᠦᠷᠬᠦᠯᠵᠢᠯᠡᠨ ᠪᠠᠳᠠᠷᠠᠭᠤᠯᠬᠤ ᠵᠢ ᠴᠢᠨᠢ ᠬᠦᠰᠡᠶ᠎ᠡ 》ᠭᠡᠵᠦ ᠵᠢᠶᠠ ᠸᠧᠢ ᠰᠤᠷᠤᠭᠴᠢᠳ ᠲᠣ ᠶᠤᠰᠤ ᠬᠢᠭᠰᠡᠨ ‍ᠤ ᠬᠣᠶᠢᠨ᠎ᠠ ᠬᠠᠮᠲᠤ ᠠᠵᠢᠯᠯᠠᠭᠴᠢ ᠲᠠᠢ ᠪᠠᠨ ᠪᠠᠶᠢᠭᠤᠯᠭ᠎ᠠ ᠵᠦᠭ ᠲᠣ ᠪᠠᠨ ᠶᠠᠭᠠᠷᠠᠪᠴᠢᠯᠠᠨ ᠮᠣᠷᠳᠠᠯ᠎ᠠ ᠃
      ᠣᠷᠤᠢ ᠶ᠋ᠢᠨ10 ᠴᠠᠭ ᠲᠤ ᠂ ᠱᠠᠩ ᠫᠢᠨ ᠵᠤᠸᠠᠩ ᠶᠤᠸᠠᠨ ᠪᠠᠭ᠎ᠠ ᠲᠣᠭᠤᠷᠢᠭ ᠲᠤ ᠰᠠᠭᠤᠵᠤ ᠪᠠᠶᠢᠭ᠎ᠠ ᠬᠣᠣ ᠯᠢᠶᠠᠨ ᠴᠧᠩ ᠠᠪᠤᠭᠠᠢ ᠲᠣᠮᠢᠯᠠᠭᠰᠠᠨ ᠰᠠᠯᠪᠤᠷᠢ ᠶ᠋ᠢᠨ ᠴᠠᠬᠢᠯᠭᠠᠨ ᠤᠲᠠᠰᠤ ᠵᠢ ᠲᠤᠰᠤᠭᠰᠠᠨ ‍ᠤ ᠳᠠᠷᠠᠭ᠎ᠠ ᠨᠠᠢᠮᠠᠨ ᠬᠤᠰᠢᠭᠤᠨ ‍ᠤ ᠳᠠᠴᠢᠨᠲᠠᠯ᠎ᠠ ᠲᠣᠮᠢᠯᠠᠭᠰᠠᠨ ᠰᠠᠯᠪᠤᠷᠢ ᠳ᠋ᠥ ᠬᠦᠷᠴᠦ ᠂ ᠵᠣᠭᠤᠰ ᠪᠣᠳᠠᠰ ᠨᠢᠭᠡ ᠴᠦ ᠳᠤᠲᠠᠭᠰᠠᠨ ᠦᠭᠡᠢ ᠴᠦᠩᠬᠦ ᠪᠠᠨ ᠣᠯᠤᠭᠰᠠᠨ ᠪᠠᠶᠢᠨ᠎ᠠ ᠃ ᠲᠡᠷᠡ ᠬᠠᠯᠠᠭᠤᠨ ᠰᠡᠳᠭᠢᠯ ᠳᠣᠭᠳᠤᠯᠤᠩᠭᠤᠢ ᠪᠡᠷ ᠄《 ᠴᠦᠩᠬᠦᠨ ᠳ᠋ᠥ ᠵᠣᠭᠤᠰ ᠡᠴᠡ ᠪᠣᠰᠤᠳ ᠠᠯᠢᠪᠠ ᠦᠨᠡᠮᠯᠡᠯ ᠲᠡᠮᠳᠡᠭ ᠪᠣᠯᠤᠨ ᠺᠠᠷᠲ ᠣᠯᠠᠨ ᠪᠠᠶᠢᠨ᠎ᠠ ᠂ ᠬᠡᠷᠪᠡ ᠡᠷᠢᠵᠦ ᠣᠯᠤᠭᠰᠠᠨ ᠦᠭᠡᠢ ᠪᠣᠯ ᠡᠳᠡᠭᠡᠷ ‍ᠢ ᠨᠦᠬᠦᠵᠦ ᠬᠢᠬᠦ ᠳ᠋ᠥ ᠲᠦᠢᠯ ‍ᠤᠨ ᠬᠦᠴᠢᠷ ᠶᠤᠮ ᠂ ᠨᠡᠩ ᠢᠯᠠᠩᠭᠤᠶ᠎ᠠ ᠵᠣᠭᠤᠰ ᠮᠦᠩᠭᠦ ᠵᠢ ᠨᠢᠭᠡ ᠴᠦ ᠮᠦᠩᠭᠦ ᠬᠦᠳᠡᠯᠭᠡᠭᠰᠡᠨ ᠦᠭᠡᠢ ᠪᠢᠴᠢᠬᠠᠨ ᠰᠤᠷᠤᠭᠴᠢ ᠨᠦᠬᠦᠳ ᠲᠦ ᠭᠦᠨ ᠲᠠᠯᠠᠷᠬᠠᠵᠤ ᠪᠠᠶᠢᠨ᠎ᠠ ᠃ ᠬᠠᠰᠢᠯᠠ ᠰᠣᠶᠣᠯ ᠮᠤᠷᠠᠯ ᠲᠠᠢ ᠬᠡᠦᠬᠡᠳ ᠢᠯᠡᠭᠦᠤ ᠪᠠᠶᠢᠨ᠎ᠠ ᠃ ᠮᠠᠨ ‍ᠤ ᠨᠡᠶᠢᠭᠡᠮ ᠣᠷᠴᠢᠨ ᠴᠦ ᠲᠡᠳᠡ ᠨᠠᠷ ‍ᠤᠨ ᠡᠶᠢᠮᠦᠷᠬᠦ ᠦᠢᠯᠡ ᠠᠵᠢᠯᠯᠠᠭ᠎ᠠ ᠳ᠋ᠥ ᠨᠡᠩ ᠰᠠᠷᠠᠭᠤᠯᠵᠢᠬᠤ ᠶᠤᠮ》ᠭᠡᠨ᠎ᠡ ᠃

      ᠬᠡᠷᠡᠭ ‍ᠤᠨ ᠬᠤᠶᠢᠨ᠎ᠠ᠂ ᠰᠤᠷᠪᠤᠯᠵᠢᠯᠠᠭᠴᠢ ᠭᠥᠸᠧ ᠴᠠᠩ ᠲᠠᠢ ᠬᠠᠷᠢᠯᠴᠠᠵᠤ ᠲᠠᠷᠡ ᠡᠳᠦᠷ ‍ᠤᠨ ᠶᠠᠪᠤᠳᠠᠯ ‍ᠢ ᠰᠤᠷᠪᠤᠯᠵᠢᠯᠠᠭᠰᠠᠨ ᠳ᠋ᠥ ᠂ ᠪᠣᠷᠤᠭᠵᠢᠭᠤᠨ ᠵᠠᠩ ᠲᠠᠢ ᠭᠥᠸᠧ ᠴᠠᠩ  ᠳᠠᠷᠤᠤ ᠭᠦᠩᠭᠡᠮᠰᠦᠭ ᠢᠡᠷ ᠄《 ᠬᠠᠷᠠᠬᠠᠨ ᠪᠠᠭ᠎ᠠ ᠡᠴᠡ ᠰᠤᠷᠭᠠᠭᠤᠯᠢ ᠪᠣᠯᠤᠨ ᠠᠪᠤ᠋ ᠡᠵᠢ ᠪᠢᠳᠡᠨ ‍ᠢ ᠦᠨᠡᠨᠴᠢ ᠰᠢᠳᠤᠷᠭᠤ ᠪᠡᠷ ᠬᠦᠮᠦᠨ ᠪᠣᠯᠬᠤ ᠵᠢ ᠰᠤᠷᠭᠠᠵᠤ ᠪᠠᠶᠢᠯ᠎ᠠ ᠂ ᠲᠣᠬᠠᠢ ᠶ᠋ᠢᠨ ᠴᠠᠭ ᠲᠤ ᠬᠠᠮᠤᠭ ᠲᠡᠷᠢᠭᠦᠨ ᠳ᠋ᠥ ᠪᠣᠳᠤᠭᠰᠠᠨ ᠨᠢ ᠴᠦ ᠴᠦᠩᠬᠦ ᠳ᠋ᠥ ᠡᠵᠡᠨ ‍ᠢ ᠨᠢ ᠣᠯᠵᠤ ᠦᠭᠬᠦ ᠭᠡᠰᠡᠨ ᠪᠣᠳᠤᠯ ᠪᠢᠯᠡ》ᠭᠡᠨ᠎ᠡ ᠃
      ᠬᠦᠢᠲᠡᠨ ᠣᠷᠴᠢᠨ ᠂ ᠨᠠᠷᠠᠨ ‍ᠤ ᠭᠡᠷᠡᠯ ᠳ᠋ᠥ ᠲᠤᠶᠠᠭᠠᠷᠠᠭᠳᠠᠨ᠎ᠠ ᠃
      ᠬᠦᠮᠦᠰ ‍ᠤᠨ ᠰᠡᠳᠭᠢᠯᠭᠡ ᠭᠥᠸᠧ ᠴᠠᠩ ‍ᠤᠨ ᠠᠵᠢᠯᠯᠠᠭ᠎ᠠ ᠳ᠋ᠥ ᠳᠤᠯᠠᠭᠠᠴᠠᠭᠳᠠᠨ᠎ᠠ ᠃

ᠢᠷᠡᠯᠳᠡ᠄ ᠨᠠᠶᠢᠷᠠᠭᠤᠯᠤᠭᠴᠢ᠄ ᠴᠧᠨ ᠯᠢᠶᠠᠩ ᠯᠢᠶᠠᠩ