ᠨᠠᠢᠮᠠᠨ ᠬᠤᠰᠢᠭᠤᠨ ᠤ ᠦᠯᠵᠠᠶᠢᠳᠤ ᠡᠳᠤᠷ ᠤᠨ ᠶᠠᠩᠭᠠᠷ ᠪᠦᠵᠢᠭ ᠦᠨ ᠤᠷᠤᠯᠳᠤᠭᠠᠨ ᠠᠮᠵᠢᠯᠳᠠ ᠲᠠᠢ ᠶᠠᠪᠤᠭᠳᠠᠵᠠᠢ

ᠣᠩᠰᠢᠭᠰᠠᠨ ᠤᠳᠠᠭ᠎ᠠ ᠄ 3047     ᠨᠡᠶᠢᠳᠡᠯᠡᠭᠰᠡᠨ ᠴᠠᠭ ᠄ 2017/2/15 10:08:51

        2 ᠰᠠᠷ᠎ᠡ ᠶ᠋ᠢᠨ11 ᠦ ᠡᠳᠤᠷ ᠂  ᠨᠠᠢᠮᠠᠨ ᠬᠤᠰᠢᠭᠤᠨ ᠤ ᠨᠠᠮ ᠤᠨ ᠬᠤᠷᠢᠶ᠎ᠠ ᠶ᠋ᠢᠨ ᠤᠬᠠᠭᠤᠯᠬᠤ ᠭᠡᠯᠳᠡᠰ ᠂ ᠨᠠᠢᠮᠠᠨ ᠬᠤᠰᠢᠭᠤᠨ ᠤ ᠰᠤᠶᠤᠯ ᠷᠠᠳᠢᠤ᠋ ᠺᠢᠨᠤ᠋ ᠲᠧᠯᠸᠢᠰ ᠤᠨ ᠳᠤᠪᠴᠢᠶ᠎ᠠ ᠂ ᠨᠠᠢᠮᠠᠨ ᠬᠤᠰᠢᠭᠤᠨ ᠤ  ᠡᠮᠡᠭᠳᠡᠶᠢᠴᠦᠳ ᠦᠨ ᠬᠤᠯᠪᠤᠭ᠎ᠠ ᠡᠴᠡ ᠭᠤᠤᠯᠯᠠᠨ ᠡᠷᠬᠢᠯᠡᠵᠦ ᠂ ᠨᠠᠢᠮᠠᠨ ᠬᠤᠰᠢᠭᠤᠨ ᠤ ᠰᠤᠶᠤᠯ ᠤᠨ ᠤᠷᠳᠤᠨ ᠡᠴᠡ ᠳᠠᠭᠠᠭᠠᠴᠢᠯᠠᠨ  ᠡᠷᠬᠢᠯᠡᠨ  ᠂ ᠳᠦᠩᠯᠢᠶᠤᠤ ᠬᠤᠳᠠ ᠶ᠋ᠢᠨ ᠲᠸᠩ ᠶᠤᠸᠠᠢ ᠠᠮᠢᠲᠤ ᠪᠤᠲᠠᠰ ᠤᠨ ᠪᠤᠷᠲᠤᠭᠤᠷ ᠤᠨ ᠮᠠᠷᠬᠡᠵᠢᠯ ᠤᠨ ᠬᠢᠵᠠᠭᠠᠷᠳᠤ ᠺᠤᠮᠫᠠᠨᠢ ᠡᠴᠡ ᠳᠤᠰᠠᠯᠠᠨ ᠡᠷᠬᠢᠯᠡᠭᠰᠡᠨ ᠨᠠᠢᠮᠠᠨ ᠬᠤᠰᠢᠭᠤᠨ ᠤ《 ᠲᠸᠩ ᠶᠤᠸᠠᠢ》 ᠬᠤᠨᠳᠠᠭᠠᠳᠤ  ᠦᠯᠵᠡᠶᠢᠳᠤ ᠡᠳᠤᠷ ᠤᠨ ᠶᠠᠩᠭᠠᠷ ᠤᠷᠤᠯᠳᠤᠭᠠᠨ ᠳᠤᠭᠳᠠᠭᠰᠠᠨ ᠴᠠᠭ ᠲᠦ ᠪᠠᠨ ᠶᠠᠪᠤᠭᠳᠠᠯ᠎ᠠ ᠃ ᠳᠤᠰ ᠤᠳᠠᠭᠠᠨ ᠤ ᠶᠠᠩᠭᠠᠷ ᠤᠨ ᠤᠷᠤᠯᠳᠤᠭᠠᠨ ᠨᠢ ᠵᠦᠪᠭᠡᠨ ᠦᠯᠵᠡᠶᠢᠳᠤ ᠡᠳᠤᠷ ᠢᠶᠡᠨ  ᠪᠡᠯᠭᠡᠯᠡᠵᠦ ᠪᠠᠶᠢᠭ᠎ᠠ ᠳᠠᠳᠤᠢ ᠪᠢᠰᠢ ᠂ ᠨᠠᠩ ᠴᠢᠬᠤᠯᠠ ᠨᠢ ᠳᠤᠰ ᠬᠤᠰᠢᠭᠤᠨ ᠤ ᠰᠤᠶᠤᠯ ᠪᠤᠯᠪᠠᠰᠤᠨ ᠤ  ᠬᠠᠪᠰᠤᠷᠤᠨ ᠤᠳᠤᠷᠢᠳᠤᠭᠴᠢ ᠶ᠋ᠢᠨ ᠠᠵᠢᠯ ᠤᠨ ᠬᠢᠨᠠᠨ ᠪᠠᠶᠢᠴᠠᠭᠠᠯᠳᠠ ᠪᠤᠯᠵᠠᠢ ᠃ ᠨᠠᠢᠮᠠᠨ ᠬᠤᠰᠢᠭᠤᠨ ᠤ ᠰᠤᠶᠤᠯ ᠪᠤᠯᠪᠠᠰᠤᠨ ᠤ  ᠬᠠᠪᠰᠤᠷᠤᠨ ᠤᠳᠤᠷᠢᠳᠤᠭᠴᠢ ᠶ᠋ᠢᠨ ᠠᠵᠢᠯ  ᠢ ᠬᠦᠨᠵᠠᠭᠡᠢ ᠦᠷᠨᠢᠬᠦᠯᠦᠭᠰᠡᠨ ᠡᠴᠡ ᠨᠠᠰᠢ ᠂ ᠨᠢᠭᠡ ᠶᠡᠭᠡ ᠪᠦᠯᠦᠭ ᠳᠤᠰᠬᠠᠢ ᠮᠠᠷᠭᠡᠵᠢᠯ ᠤᠨ ᠤᠷᠠᠯᠢᠭ ᠤᠨ ᠮᠠᠳᠡᠯᠭᠡ  ᠲᠠᠢ ᠂ ᠳᠤᠰᠬᠠᠢ ᠪᠦᠵᠢᠭ ᠦᠨ ᠦᠨᠳᠤᠰᠤᠨ ᠪᠤᠯᠪᠠᠰᠤᠷᠠᠯ ᠲᠠᠢ ᠰᠤᠶᠤᠯ ᠪᠤᠯᠪᠠᠰᠤᠨ ᠤ  ᠰᠠᠶᠢᠨ ᠳᠤᠷ᠎ᠠ ᠶ᠋ᠢᠨ  ᠬᠠᠪᠰᠤᠷᠤᠨ ᠤᠳᠤᠷᠢᠳᠤᠭᠴᠢ ᠭᠠᠴᠠᠭ᠎ᠠ ᠳᠤᠰᠬᠤᠨ ᠳ᠋ᠦ ᠬᠦᠨᠵᠠᠭᠡᠶᠢᠷᠡᠵᠦ ᠂ ᠰᠤᠶᠤᠯ ᠤᠨ  ᠬᠠᠪᠰᠤᠷᠤᠨ ᠤᠳᠤᠷᠢᠳᠤᠭᠴᠢ ᠶ᠋ᠢᠨ ᠠᠵᠢᠯ ᠢ ᠦᠷᠨᠢᠬᠦᠯᠵᠦ ᠂ ᠠᠷᠠᠳ ᠤᠯᠠᠨ ᠤ  ᠬᠦᠨ ᠬᠦᠷᠢᠶᠠᠯᠠᠯ ᠢ ᠤᠯᠵᠦ ᠂ ᠡᠯ᠎ᠡ ᠭᠠᠴᠠᠭ᠎ᠠ ᠳᠤᠰᠬᠤᠨ  ᠳ᠋ᠦ ᠵᠡᠷᠭᠡ ᠵᠡᠷᠭᠡ ᠪᠠᠷ ᠶᠠᠩᠭᠠᠷ ᠤᠨ ᠠᠩᠬᠢ  ᠪᠠᠶᠢᠭᠤᠯᠤᠭᠳᠠᠵᠤ ᠂ ᠬᠦᠳᠡᠯᠤᠯ ᠪᠠᠷᠢᠯ  ᠨᠢ ᠤᠯᠠᠮ  ᠪᠠᠷᠢᠮᠵᠢᠶᠠᠵᠢᠵᠦ ᠂ ᠪᠦᠵᠢᠭᠴᠢᠳ ᠦᠨ  ᠪᠠᠶ᠎ᠠ ᠰᠡᠳᠬᠢᠯ  ᠨᠠᠩ  ᠡᠷᠡᠬᠦᠯᠵᠢᠵᠦ  ᠢᠷᠡᠭᠰᠡᠨ ᠶᠤᠮ ᠃
        ᠳᠤᠰ ᠤᠳᠠᠭᠠᠨ ᠤ ᠤᠷᠤᠯᠳᠤᠭᠠᠨ  ᠳ᠋ᠦ   ᠂ ᠪᠦᠬᠦ ᠬᠤᠰᠢᠭᠤᠨ ᠤ 16 ᠰᠤᠮᠤ  ᠰᠢᠶᠠᠩ ᠪᠠᠯᠭᠠᠰᠤ ᠳᠠᠯᠠᠪᠠᠢ ᠵᠠᠭᠡᠯᠢ ᠭᠤᠳᠤᠮᠵᠢ  ᠪᠦᠷᠢ ᠡᠴᠡ ᠨᠢᠭᠡ ᠶᠠᠩᠭᠠᠷ ᠤᠨ ᠠᠩᠬᠢ ᠳᠤᠮᠢᠯᠠᠵᠦ ᠤᠷᠤᠯᠳᠤᠭᠠᠨ ᠳ᠋ᠦ ᠤᠷᠤᠯᠴᠠᠵᠦ ᠂ ᠶᠠᠩᠭᠠᠷ ᠤᠨ ᠠᠩᠬᠢ ᠪᠦᠷᠢ ᠦᠪᠠᠷ ᠦᠪᠠᠷ ᠤᠨ ᠤᠨᠴᠠᠯᠢᠭ ᠪᠦᠬᠦᠢ ᠶᠠᠩᠭᠠᠷ ᠪᠦᠵᠢᠭ ᠢᠶ᠋ᠡᠨ  ᠠᠶᠢᠵᠢᠮ ᠬᠦᠭ ᠢ ᠨᠢ ᠳᠠᠩᠨᠠᠬᠦᠯᠵᠦ ᠂ ᠠᠯᠬᠤᠭ᠎ᠠ ᠨᠢᠭᠡᠳᠤᠯᠳᠡᠢ ᠦᠰᠦᠷᠴᠤ ᠂ ᠠᠷᠠᠳ ᠤᠯᠠᠨ ᠢᠶᠡᠨ ᠪᠠᠶᠠᠰᠬᠠᠵᠦ ᠂ ᠠᠵᠠᠳᠠᠢ ᠰᠠᠶᠢᠬᠠᠨ  ᠤᠷᠤᠯᠳᠤᠯ᠎ᠠ ᠃  《 ᠳᠡᠬᠦᠨ ᠤ ᠳᠦᠯᠦᠭᠡ ᠳᠡᠬᠦᠨ ᠡᠴᠡ ᠳᠠᠪᠠᠨ᠎ᠠ》 ᠬᠡᠬᠦ  ᠨᠢᠭᠡ ᠵᠤᠷᠢᠭ ᠢᠶᠠᠷ ᠳᠠᠷᠢᠬᠦᠨ ᠳᠡᠳ᠋ ᠢ ᠪᠤᠯᠢᠶᠠᠯᠴᠠᠯ᠎ᠠ ᠂《 ᠳᠠᠳᠡ ᠰᠠᠶᠢᠬᠠᠨ ᠭᠤᠶᠤᠯᠠᠯ᠎ᠠ ᠴᠦ ᠪᠢᠳᠠ ᠰᠠᠶᠢᠬᠠᠨ  ᠦᠰᠦᠷᠦᠯ᠎ᠠ》 ᠬᠡᠬᠦ  ᠤᠷᠮᠠᠰᠢᠭᠤᠨ ᠰᠡᠳᠬᠢᠯᠭᠡ ᠪᠠᠷ  ᠲᠠᠩ ᠲᠠᠢ ᠬᠦᠷ ᠲᠠᠢ ᠨᠠᠶᠢᠷᠠᠯᠳᠤᠯ᠎ᠠ ᠃ ᠶᠠᠭᠡ ᠬᠦᠮᠦᠰ ᠨᠢ ᠢᠨᠢᠶᠠᠯᠳᠤᠨ ᠬᠦᠭᠡᠷᠤᠯᠳᠤᠵᠦ ᠂ ᠪᠢᠴᠢᠬᠠᠨ ᠬᠡᠦᠬᠡᠳ ᠦᠳ ᠨᠢ  ᠪᠠᠬᠠᠷᠬᠠᠨ ᠳᠡᠪᠬᠡᠷᠤᠵᠦ ᠂  ᠳᠤᠭᠤᠷᠢᠵᠦ ᠰᠤᠨᠢᠷᠬᠠᠭᠴᠢᠳ ᠨᠢ ᠳᠤᠭᠤᠶᠢᠷᠠᠨ ᠬᠦᠬᠦᠷᠠᠨ᠎ᠠ ᠃ ᠳᠤᠰ ᠤᠳᠠᠭᠠᠨ ᠤ ᠤᠷᠤᠯᠳᠤᠭᠠᠨ ᠨᠢ  ᠨᠠᠢᠮᠠᠨ ᠬᠤᠰᠢᠭᠤᠨ ᠤ ᠠᠷᠠᠳ ᠳᠦᠮᠠᠨ ᠤ ᠢᠳᠠᠪᠬᠢᠯᠠᠠ ᠡᠣᠢᠬᠡᠳᠠᠯᠠᠬᠦ ᠵᠤᠷᠢᠭ ᠰᠠᠨᠠᠭ᠎ᠠ ᠶ᠋ᠢ ᠪᠦᠷᠢᠮᠤᠰᠤᠨ ᠢᠯᠡᠷᠡᠬᠦᠯᠵᠦ ᠂  ᠳᠤᠰ ᠬᠤᠰᠢᠭᠤᠨ ᠤ ᠬᠦᠰᠡᠯ ᠢᠶ᠋ᠡᠷ ᠳᠦᠬᠦᠷᠤᠭᠰᠡᠨ ᠢᠷᠡᠭᠡᠳᠦᠢ ᠶ᠋ᠢ ᠳᠦᠷᠰᠤᠯᠡᠨ ᠢᠯᠡᠳᠭᠡᠵᠡᠢ ᠃

       ᠤᠷᠤᠯᠳᠤᠭᠠᠨ ᠤ ᠡᠴᠤᠰ ᠲᠦ ᠂ ᠪᠠᠶᠢᠰᠢᠩᠳᠤ  ᠪᠠᠯᠭᠠᠰᠤᠨ ᠤ ᠶᠠᠩᠭᠠᠷ ᠤᠨ ᠠᠩᠬᠢ  ᠳᠠᠷᠢᠬᠦᠯᠡᠵᠦ ᠂ ᠭᠤᠷᠪᠠᠨᠬᠤᠸᠠ ᠰᠤᠮᠤ ᠂ ᠰᠢᠷᠠᠬᠤᠭᠤᠯᠠᠢ ᠪᠠᠯᠭᠠᠰᠤᠨ ᠤ ᠶᠠᠩᠭᠠᠷ ᠤᠨ ᠠᠩᠬᠢ  ᠬᠤᠶᠠᠷ ᠂ ᠭᠤᠷᠪᠠᠳᠤᠭᠠᠷ ᠨᠠᠷᠠᠰ ᠲᠦ ᠳᠤᠳᠤᠷᠠᠭᠰᠠᠨ ᠪᠠᠶᠢᠨ᠎ᠠ ᠃   

                                                       ᠪᠤᠤ ᠵᠢᠨ ᠯᠢᠶᠠᠨ ᠮᠠᠳᠠᠭᠡᠯᠡᠪᠠ




























ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ