ᠨᠠᠢᠮᠠᠨ ᠬᠤᠰᠢᠭᠤᠨ ᠤ ᠡᠪᠤᠯ ᠤᠨ ᠤᠯᠠᠷᠢᠯ ᠤᠨ ᠵᠤᠭᠠᠴᠠᠯ ᠬᠦᠮᠦᠨ ᠪᠤᠯᠭᠠᠨ ᠤ ᠨᠢᠳᠤ ᠶ᠋ᠢ ᠪᠤᠯᠢᠶᠠᠵᠦ ᠪᠠᠬᠠᠷᠬᠠᠯ ᠢ ᠳᠠᠳᠠᠨ᠎ᠠ

ᠣᠩᠰᠢᠭᠰᠠᠨ ᠤᠳᠠᠭ᠎ᠠ ᠄ 9826     ᠨᠡᠶᠢᠳᠡᠯᠡᠭᠰᠡᠨ ᠴᠠᠭ ᠄ 2017/1/24 8:44:27

       ᠤᠶᠢᠷ᠎ᠠ ᠶ᠋ᠢᠨ ᠡᠳᠤᠷ ᠂  ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤᠨ  ᠳ᠋ᠥ  ᠂  ᠳᠦᠩᠯᠢᠶᠤᠤ ᠬᠤᠳᠠ ᠶ᠋ᠢᠨ ᠮᠦᠰᠤ ᠴᠠᠰᠤᠨ ᠰᠤᠶᠤᠯ ᠤᠨ ᠵᠢᠭᠤᠯᠴᠢᠯᠠᠯ ᠡᠬᠢᠯᠡᠬᠦ ᠶᠤᠰᠤᠯᠠᠯ ᠵᠢᠴᠢ ᠴᠢᠩ ᠯᠦᠩ ᠱᠠᠨ  ᠳ᠋ᠡᠬᠢ ᠦᠪᠠᠷᠳᠡᠭᠡᠨ ᠳᠡᠷᠭᠡ ᠵᠢᠯᠤᠭᠤᠳᠴᠤ ᠭᠡᠭᠡᠷᠡᠯᠡᠨ ᠵᠤᠭᠠᠴᠠᠬᠤ ᠪᠠᠭᠤᠴᠠ ᠨᠠᠭᠡᠭᠡᠬᠦ ᠶᠤᠰᠤᠯᠠᠯ  ᠪᠤᠯᠪᠠ ᠃ ᠡᠯ᠎ᠡ ᠭᠠᠵᠠᠷ ᠤᠷᠤᠨ ᠡᠴᠡ ᠬᠦᠷᠦᠯᠴᠠᠨ ᠢᠷᠡᠭᠰᠡᠨ ᠵᠤᠭᠠᠴᠠᠭᠰᠠᠳ ᠮᠦᠰᠤ ᠴᠡᠰᠤᠨ ᠳ᠋ᠥ ᠭᠤᠯᠭᠤᠬᠤ ᠂ ᠮᠦᠰᠤᠨ ᠳᠡᠷᠭᠡ ᠪᠠᠷ ᠭᠤᠯᠭᠤᠬᠤ  ᠵᠡᠷᠭᠡ ᠮᠦᠰᠤ ᠴᠡᠰᠤᠨ  ᠳᠡᠭᠡᠷ᠎ᠡ  ᠭᠤᠯᠭᠤᠨ ᠤᠷᠤᠯᠳᠤᠬᠤ ᠂ ᠮᠦᠰᠤᠨ ᠨᠠᠭᠤᠷ ᠲᠦ ᠵᠢᠭᠠᠰᠤ ᠬᠦᠬᠢᠳᠡᠵᠦ ᠤᠷᠤᠯᠳᠤᠬᠤ ᠂ ᠮᠦᠰᠤᠨ ᠳᠡᠭᠡᠷ᠎ᠡ ᠮᠠᠰᠢᠨ ᠳᠡᠷᠭᠡ ᠬᠦᠪᠦᠬᠦᠯᠬᠦ ᠤᠷᠤᠯᠳᠤᠭᠠᠨ ᠂ ᠶᠠᠩᠭᠠᠷ ᠦᠰᠦᠷᠬᠦ ᠤᠷᠤᠯᠳᠤᠭᠠᠨ ᠵᠡᠷᠭᠡ ᠡᠪᠤᠯ ᠤᠨ ᠤᠯᠠᠷᠢᠯ ᠤᠨ ᠰᠤᠨᠢᠷᠬᠠᠭᠤᠰᠢᠳᠠᠢ ᠤᠷᠤᠯᠳᠤᠭᠠᠨ ᠬᠢᠭᠡᠳ ᠳᠤᠮᠳᠠᠳᠤ ᠤᠯᠤᠰ ᠤᠨ  ᠭᠡᠷᠡᠯ ᠵᠢᠷᠤᠭ ᠦ᠋ᠨ ᠰᠤᠨᠢᠨ ᠤ《 ᠠᠮᠢ ᠠᠬᠤᠢ ᠶ᠋ᠢᠨ ᠶᠡᠭᠡ  ᠡᠯᠡᠰᠤᠨ ᠬᠤᠨᠳᠠᠭᠠᠳᠤ》 ᠡᠪᠤᠯ ᠤᠨ ᠤᠯᠠᠷᠢᠯ ᠤᠨ ᠭᠡᠷᠡᠯ ᠵᠢᠷᠤᠭ ᠦ᠋ᠨ  ᠤᠷᠤᠯᠳᠤᠭᠠᠨ  ᠶᠠᠪᠤᠭᠳᠠᠭᠤᠯᠵᠠᠢ ᠃  ᠡᠬᠦᠨ ᠡᠴᠡ ᠭᠠᠳᠠᠨ᠎ᠠ ᠂ ᠴᠢᠩ ᠯᠦᠩ ᠱᠠᠨ ᠤ ᠠᠮᠲᠠᠲᠤ ᠲᠥᠮᠥᠰᠥ ᠂ ᠹᠸᠨᠲ᠋ᠢᠶᠤᠤᠷ  ᠵᠡᠷᠭᠡ  ᠳᠠᠷᠢᠶᠠᠯᠠᠩ ᠮᠠᠯ ᠠᠵᠦ ᠠᠬᠤᠢ ᠶ᠋ᠢᠨ ᠤᠨᠴᠠ ᠦᠢᠯᠡᠳᠬᠦᠨ ᠦ ᠪᠤᠷᠤᠯᠠᠭᠤᠯᠭ᠎ᠠ ᠪᠠ ᠬᠦᠳᠡᠭᠡ ᠳᠤᠰᠬᠤᠨ ᠤ ᠤᠯᠠᠮᠵᠢᠯᠠᠯᠳᠤ ᠠᠮᠢᠳᠤᠷᠠᠯ ᠤᠨ ᠭᠡᠯᠪᠠᠷᠢ ᠶ᠋ᠢ ᠳᠡᠯᠭᠡᠨ ᠦᠵᠡᠬᠦᠯᠵᠡᠢ ᠃
       ᠴᠢᠩ ᠯᠦᠩ ᠱᠠᠨ  ᠳ᠋ᠡᠬᠢ ᠦᠪᠠᠷᠳᠡᠭᠡᠨ ᠳᠡᠷᠭᠡ ᠵᠢᠯᠤᠭᠤᠳᠴᠤ ᠭᠡᠭᠡᠷᠡᠯᠡᠨ ᠵᠤᠭᠠᠴᠠᠬᠤ ᠪᠠᠭᠤᠴᠠ ᠨᠠᠭᠡᠭᠡᠬᠦ ᠶᠤᠰᠤᠯᠠᠯ ᠪᠤᠯ  ᠨᠠᠢᠮᠠᠨ ᠬᠤᠰᠢᠭᠤᠨ ᠤ 2016 ᠤᠨ ᠤ ᠡᠪᠤᠯ ᠤᠨ ᠤᠯᠠᠷᠢᠯ ᠤᠨ ᠬᠦᠳᠡᠭᠡ ᠳᠤᠰᠬᠤᠨ ᠤ ᠰᠤᠶᠤᠯ ᠵᠤᠭᠠᠴᠠᠯ ᠤᠨ ᠨᠠᠶᠢᠷ ᠤᠨ ᠰᠢᠷᠢᠰ ᠬᠦᠳᠡᠯᠭᠡᠭᠡᠨ ᠦ ᠨᠢᠭᠡ ᠪᠤᠯᠤᠨ᠎ᠠ ᠃ 2016 ᠤᠨ ᠤ ᠡᠪᠤᠯ ᠤᠨ ᠤᠯᠠᠷᠢᠯ ᠤᠨ ᠬᠦᠳᠡᠭᠡ ᠳᠤᠰᠬᠤᠨ ᠤ ᠰᠤᠶᠤᠯ ᠵᠤᠭᠠᠴᠠᠯ ᠤᠨ ᠨᠠᠶᠢᠷ ᠨᠢ《 ᠦᠨᠢᠷ ᠦᠵᠡᠰᠬᠦᠯᠡᠩᠲᠦ ᠨᠠᠢᠮᠠᠨ ᠢ ᠰᠤᠨᠢᠷᠬᠠᠬᠤ ᠂ ᠭᠤᠶᠤ ᠰᠠᠶᠢᠬᠠᠨ ᠬᠦᠳᠡᠭᠡ ᠳᠤᠰᠬᠤᠨ ᠢ ᠤᠶᠢᠯᠠᠭᠠᠬᠤ ᠂ ᠱᠠᠰᠢᠨ ᠰᠤᠷᠳᠠᠬᠤᠨ ᠰᠤᠶᠤᠯ ᠢ  ᠬᠠᠶᠢᠵᠤ ᠡᠷᠢᠬᠦ ᠂ ᠡᠪᠤᠯ ᠤᠨ ᠤᠯᠠᠷᠢᠯ ᠤᠨ ᠬᠦᠳᠡᠭᠡ ᠭᠡᠭᠡᠷ᠎ᠡ ᠶ᠋ᠢᠨ ᠬᠦᠳᠡᠯᠭᠡᠭᠡᠨ ᠢ  ᠪᠠᠶᠠᠴᠢᠯᠠᠨ ᠤᠶᠢᠯᠠᠭᠠᠬᠤ 》 ᠪᠠᠷ ᠭᠤᠤᠯ ᠰᠠᠳᠤᠪ  ᠪᠤᠯᠭᠠᠭᠰᠠᠨ ᠨᠠᠢᠮᠠᠨ ᠬᠤᠰᠢᠭᠤᠨ ᠤ ᠠᠵᠦ ᠦᠢᠯᠡᠰ ᠦᠨ ᠪᠦᠳᠦᠴᠠ ᠶ᠋ᠢᠨ ᠳᠤᠬᠢᠷᠠᠭᠤᠯᠤᠯᠳᠠ ᠬᠢᠬᠡᠳ ᠬᠦᠳᠡᠭᠡ ᠳᠤᠰᠬᠤᠨ ᠤ ᠵᠤᠭᠠᠴᠠᠯ ᠢ ᠬᠦᠭᠵᠢᠬᠦᠯᠬᠦ ᠪᠠᠰᠠ ᠨᠢᠭᠡᠨ ᠴᠢᠬᠤᠯᠠ ᠠᠷᠭ᠎ᠠ ᠠᠪᠴᠡᠯ ᠮᠦᠨ  ᠂ ᠪᠠᠰᠠ ᠳᠦᠩᠯᠢᠶᠤᠤ ᠬᠤᠳᠠ ᠶ᠋ᠢᠨ《 ᠪᠦᠬᠦ ᠤᠷᠤᠨ ᠤ ᠵᠢᠭᠤᠯᠴᠢᠯᠠᠯ》 ᠤᠨ ᠬᠦᠭᠵᠢᠯᠳᠡ ᠶ᠋ᠢᠨ ᠪᠠᠶᠢᠯᠳᠤᠬᠤ ᠪᠤᠳᠤᠯᠭ᠎ᠠ ᠶ᠋ᠢ ᠳᠤᠭᠤᠰᠢᠯᠠᠭᠤᠯᠵᠦ ᠂《 ᠵᠡᠬᠦᠨ ᠬᠤᠶᠢᠳᠤ ᠳ᠋ᠥ ᠳᠠᠯ᠎ᠠ ᠨᠤᠳᠤᠭ ᠢ  ᠰᠤᠨᠢᠷᠬᠠᠬᠤ ᠂ ᠦᠪᠡᠷᠳᠡᠭᠡᠨ ᠳᠡᠷᠭᠡ ᠵᠢᠯᠤᠭᠤᠳᠴᠤ ᠳᠦᠩᠯᠢᠶᠤᠤ ᠪᠠᠷ ᠵᠤᠭᠠᠴᠠᠬᠤ》 ᠰᠤᠶᠤᠯ ᠵᠢᠭᠤᠯᠴᠢᠯᠠᠯ ᠤᠨ  ᠨᠠᠷ᠎ᠡ ᠳᠡᠮᠳᠡᠭ ᠦᠨ ᠦᠢᠯᠡᠳᠦᠯᠭᠡᠵᠢᠭᠰᠡᠨ ᠢ ᠬᠠᠷᠠᠭᠤᠯᠵᠦ ᠪᠤᠢ ᠃

       ᠳᠤᠰ ᠰᠢᠷᠢᠰ ᠬᠦᠳᠡᠯᠭᠡᠭᠡᠨ ᠳ᠋ᠥ ᠂ ᠡᠪᠤᠯ ᠤᠨ ᠤᠯᠠᠷᠢᠯ ᠤᠨ ᠨᠠᠭᠠᠳᠤᠮ ᠤᠨ ᠬᠤᠷᠠᠯ ᠂ ᠮᠸᠩ ᠵᠢᠶᠠ ᠳ᠋ᠤᠸᠠᠨ ᠴᠦᠬᠦᠷᠦᠮ ᠦᠨ ᠡᠪᠤᠯ ᠤᠨ ᠠᠩ ᠤᠨ ᠨᠠᠶᠢᠷ ᠂ ᠡᠪᠤᠯ ᠤᠨ  ᠨᠤᠭᠤᠭ᠎ᠠ ᠵᠢᠮᠢᠰ ᠳᠡᠬᠦᠬᠦ ᠨᠠᠶᠢᠷ ᠵᠡᠷᠭᠡ  ᠤᠯᠠᠨ ᠲᠦᠷᠦᠯ ᠵᠦᠢᠯ  ᠲᠠᠢ ᠃      ( ᠪᠤᠤ ᠵᠢᠨ ᠯᠢᠶᠠᠨ ᠬᠠᠩᠭᠠᠪᠠ )

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ