ᠬᠡᠷᠡᠭᠯᠡᠭᠴᠢᠳ ‍ᠤᠨ ᠡᠷᠭᠡ ᠠᠰᠢᠭ ‍ᠢ ᠬᠠᠮᠠᠭᠠᠯᠠᠬᠣ ᠠᠵᠢᠯ ᠢᠯᠡᠣᠨᠳᠡ ᠪᠣᠳᠠᠳᠣ ᠦᠷ᠎ᠡ ᠪᠦᠳᠣᠮᠵᠢ ᠣᠯᠵᠣ ᠪᠠᠶᠢᠨ᠎ᠠ (20170123)

ᠣᠩᠰᠢᠭᠰᠠᠨ ᠤᠳᠠᠭ᠎ᠠ ᠄ 3311     ᠨᠡᠶᠢᠳᠡᠯᠡᠭᠰᠡᠨ ᠴᠠᠭ ᠄ 2017/1/23 10:05:32

      ᠦᠨᠣ ᠵᠢᠯ ᠳ᠋ᠥ ᠨᠠᠢᠮᠠᠨ ᠬᠣᠰᠢᠭᠣ ᠡᠷᠭᠡ  ᠪᠠᠨ ᠬᠠᠮᠠᠭᠠᠯᠠᠬᠣ ᠦᠢᠯᠡᠴᠢᠯᠡᠭᠡᠨ ‍ᠤ ᠲᠣᠣᠷ ᠰᠦᠯᠵᠢᠶ᠎ᠡ ᠶ᠋ᠢ ᠦᠷᠬᠦᠯᠵᠢᠯᠡᠬᠦᠶᠢᠴᠡ ᠲᠡᠬᠦᠯᠳᠡᠷᠵᠢᠬᠦᠯᠵᠣ ᠂12315 ᠶ᠋ᠢᠨ ᠡᠬᠦᠷᠭᠡ ᠬᠠᠷᠢᠭᠣᠴᠠᠯᠭ᠎ᠠ ᠶ᠋ᠢᠨ ᠦᠢᠯᠡᠳᠣᠯ ‍ᠢ ᠬᠦᠢᠴᠡᠳ ᠪᠠᠳᠠᠷᠠᠭᠣᠯᠵᠣ ᠂ ᠬᠡᠷᠡᠭᠯᠡᠭᠴᠢᠳ ‍ᠤᠨ ᠡᠷᠭᠡ ᠠᠰᠢᠭ ‍ᠢ ᠬᠠᠮᠠᠭᠠᠯᠠᠬᠣ ᠠᠵᠢᠯ ‍ᠢ ᠬᠦᠨᠵᠡᠬᠡᠢ ᠦᠷᠨᠢᠬᠦᠯᠬᠦ ᠶ᠋ᠢ ᠠᠬᠢᠭᠣᠯᠵᠣ ᠪᠠᠶᠢᠨ᠎ᠠ ᠃ ᠣᠳᠣᠬᠠᠨ ᠳ᠋ᠣ ᠂ ᠨᠠᠢᠮᠠᠨ ᠬᠣᠰᠢᠭᠣᠨ ‍ᠤ ᠦᠢᠯᠡᠳᠪᠣᠷᠢ ᠬᠣᠳᠠᠯᠳᠣᠭᠠᠨ ‍ᠤ ᠲᠣᠪᠴᠢᠶ᠎ᠠ  ᠶ᠋ᠢᠨ 12315 ᠵᠢᠯᠣᠭᠣᠳᠬᠣ ᠲᠦᠪ ᠯᠸᠢ ᠹᠸᠡᠭ ᠡᠴᠠ ᠰᠣᠷᠣᠯᠴᠠᠬᠣ ᠪᠠᠶᠢᠷᠢ 6  ᠲᠣᠬᠢᠷᠠᠭᠣᠯᠵᠣ ᠂ 12315 ᠵᠠᠭᠠᠯᠳᠣᠨ ᠢᠯᠡᠴᠢᠯᠡᠵᠣ ᠡᠷᠭᠡ ᠪᠠᠨ ᠬᠠᠮᠠᠭᠠᠯᠠᠬᠣ ᠣᠳᠠᠰᠣ 278 ᠬᠡᠯᠳᠡᠰ ᠂ ᠰᠠᠭᠣᠳᠠᠯ 576 ᠲᠣᠬᠢᠷᠠᠭᠣᠯᠪᠠ ᠃ 12315 ᠶ᠋ᠢᠨ ᠬᠠᠷᠢᠯᠴᠠᠬᠣ ᠦᠷᠳᠡᠭᠡ 278 ᠂ ᠡᠷᠭᠡ ᠪᠠᠨ ᠬᠠᠮᠠᠭᠠᠯᠠᠬᠣ ᠬᠣᠪᠢᠶᠠᠷᠢ ᠨᠡᠶᠢᠬᠡᠮᠯᠢᠭ12 ᠪᠠᠶᠢᠭᠣᠯᠵᠣ ᠂ ᠬᠠᠷᠢᠶᠠᠯᠠᠭᠳᠠᠬᠣ ᠣᠷᠣᠨ ‍ᠤ ᠪᠦᠷᠬᠦᠴᠡ ᠶ᠋ᠢᠨ ᠨᠣᠷᠮ᠎ᠠ  ᠨᠢ 100% ᠳ᠋ᠣ ᠬᠦᠷᠴᠡᠢ ᠃ ᠨᠢᠬᠡ ᠵᠢᠯ ‍ᠤᠨ ᠲᠣᠷᠰᠢ ᠂ ᠨᠠᠢᠮᠠᠨ ᠬᠣᠰᠢᠭᠣ 12315 ᠶ᠋ᠢᠨ ᠬᠡᠷᠡᠭᠯᠡᠭᠴᠢᠳ ‍ᠤᠨ ᠵᠠᠭᠠᠯᠳᠣᠯᠭ᠎ᠠ ᠡᠷᠬᠦᠨ ᠮᠡᠳᠡᠬᠦᠯᠣᠭᠰᠡᠨ ᠬᠡᠷᠡᠭ 48 ᠬᠣᠪᠢ ᠂ ᠬᠡᠷᠡᠭᠯᠡᠭᠴᠢᠳ ‍ᠤᠨ ᠢᠯᠡᠴᠢᠯᠡᠨ ᠵᠠᠭᠠᠯᠳᠣᠭᠰᠠᠨ ᠬᠡᠷᠡᠭ 7 ᠂ ᠬᠣᠳᠠ ᠲᠣᠪᠴᠢᠶᠠᠨ ᠳ᠋ᠣ ᠲᠣᠰᠬᠠᠭᠰᠠᠨ 7 ᠂ ᠬᠡᠷᠡᠭᠯᠡᠭᠴᠢᠳ ‍ᠤᠨ ᠠᠰᠠᠭᠣᠨ ᠰᠣᠷᠠᠯᠳᠠ 46 ᠬᠡᠷᠡᠭ ‍ᠢ ᠬᠦᠯᠢᠶᠡᠨ ᠠᠪᠴᠣ ᠂ ᠠᠵᠣ ᠠᠬᠣᠢ ᠶ᠋ᠢᠨ ᠰᠣᠶᠢᠳᠭᠡᠯ ‍ᠢ 80 ᠭᠠᠷᠣᠢ ᠲᠦᠮᠡᠨ ᠲᠦᠬᠦᠷᠢᠭ ‍ᠢ ᠡᠬᠡᠬᠦᠯᠣᠨ ᠠᠪᠴᠢᠷᠠᠵᠡᠢ ᠃ ᠡᠯ᠎ᠡ ᠵᠣᠶᠢᠯ ‍ᠤᠨ ᠵᠠᠭᠠᠯᠳᠣᠯᠭ᠎ᠠ ᠶ᠋ᠢᠨ56 ᠬᠡᠷᠡᠭ ‍ᠢ ᠬᠦᠯᠢᠶᠡᠨ ᠠᠪᠴᠣ ᠰᠢᠢᠳᠪᠣᠷᠢᠯᠠᠨ ᠂ 48 ᠵᠣᠶᠢᠯ ‍ᠤᠨ ᠬᠡᠷᠡᠭ ‍ᠢ ᠨᠢ  ᠡᠶᠡᠳᠡᠬᠦᠯᠵᠣ ᠂ ᠡᠶᠡᠳᠡᠬᠦᠯᠣᠨ ᠬᠡᠷᠡᠭ ᠢᠶᠡᠨ ᠲᠡᠬᠦᠰᠭᠡᠭᠰᠡᠨ ᠨᠣᠷᠮ᠎ᠠ 85.7% ᠳ᠋ᠣ ᠬᠦᠷᠴᠣ ᠂ ᠬᠡᠷᠡᠭᠯᠡᠭᠴᠢᠳ ‍ᠤᠨ ᠠᠵᠣ ᠠᠬᠣᠢ ᠶ᠋ᠢᠨ ᠬᠣᠬᠢᠷᠠᠯ ‍ᠢ 18.2 ᠲᠦᠮᠡᠨ ᠲᠦᠬᠦᠷᠢᠭ ᠡᠭᠡᠬᠦᠯᠣᠨ ᠠᠪᠴᠢᠷᠠᠨ ᠦᠭᠴᠣ ᠂ ᠦᠷ᠎ᠡ ᠪᠦᠳᠣᠮᠵᠢᠲᠠᠢ ᠪᠡᠷ ᠬᠡᠷᠡᠭᠯᠡᠭᠴᠢᠳ ‍ᠤᠨ ᠵᠦᠢ ᠵᠣᠬᠢᠰᠳᠠᠢ ᠡᠷᠭᠡ ᠠᠰᠢᠭ ‍ᠢ ᠬᠠᠮᠠᠭᠠᠯᠠᠵᠡᠢ ᠃ ( ᠮᠠ ᠪᠦᠬᠡ    ᠡᠣ ᠳ᠋ᠠᠨ ᠮᠡᠳᠡᠭᠡᠯᠡᠪᠡ ) 2017.1.4
ᠢᠷᠡᠯᠳᠡ᠄ ᠨᠠᠶᠢᠷᠠᠭᠤᠯᠤᠭᠴᠢ᠄ ᠴᠧᠨ ᠯᠢᠶᠠᠩ ᠯᠢᠶᠠᠩ

ᠬᠠᠮᠢᠶ᠎ᠡ ᠪᠦᠬᠦᠢ ᠰᠣᠨᠢᠨ