ᠲᠠᠷᠢᠶᠠᠴᠢᠳ ᠤᠨ ᠬᠦᠯᠦᠰᠦᠨ ᠵᠣᠭᠤᠰ  ᠢ ᠮᠡᠬᠡᠯᠡᠬᠦ ᠶᠢ ᠨᠠᠢᠮᠠᠨ ᠦ ᠴᠠᠭᠳᠠᠭ᠎ᠠ ᠬᠡᠷᠬᠢᠨ ᠵᠦᠪᠰᠢᠶᠡᠷᠡᠬᠦ ᠠᠵᠠᠢ

ᠣᠩᠰᠢᠭᠰᠠᠨ ᠤᠳᠠᠭ᠎ᠠ ᠄ 3305     ᠨᠡᠶᠢᠳᠡᠯᠡᠭᠰᠡᠨ ᠴᠠᠭ ᠄ 2016/11/13 19:40:51

        ᠲᠠᠷᠢᠶᠠᠴᠢᠳ ᠲᠦ ᠠᠪᠴᠤ ᠬᠡᠯᠡᠪᠡᠯ ᠨᠢᠭᠡ ᠵᠢᠯ ᠤᠨ ᠳᠣᠲᠤᠷᠠᠬᠢ ᠬᠠᠮᠤᠭ ᠦᠨ ᠪᠠᠶᠠᠷᠯᠠᠭᠤᠰᠢᠲᠠᠢ  ᠴᠠᠭ  ᠨᠢ ᠳᠠᠷᠤᠢ ᠲᠠᠷᠢᠶᠠᠯᠠᠩ ᠦᠨ ᠪᠦᠲᠦᠭᠡᠭᠳᠡᠭᠦᠨ ᠢᠶᠡᠨ ᠬᠤᠳᠠᠯᠳᠦᠬᠤ ᠴᠠᠭ ᠪᠣᠯᠤᠨ᠎ᠠ᠃ ᠡᠨᠡ ᠨᠢ ᠲᠠᠷᠢᠶᠠᠴᠢᠳ ᠤᠨ ᠨᠢᠭᠡ ᠵᠢᠯ ᠦᠨ ᠬᠦᠴᠦ ᠬᠦᠯᠦᠰᠦ ᠠᠭᠤᠰᠤᠭᠰᠠᠨ ᠪᠦᠲᠦᠭᠡᠭᠳᠡᠭᠦᠨ ᠪᠣᠯᠬᠤ ᠶᠤᠮ᠃ ᠭᠡᠪᠡᠴᠦ ᠨᠠᠢᠮᠠᠨ ᠬᠣᠱᠢᠭᠤᠨ  6 ᠡᠷᠦᠬᠡ ᠲᠠᠷᠢᠶᠠᠴᠢᠨ ᠦ ᠲᠠᠷᠢᠶᠠᠯᠠᠩ ᠤᠨ ᠪᠦᠲᠦᠭᠡᠭᠳᠡᠭᠦᠨ ᠨᠢ ᠬᠠᠷᠢᠨ ᠪᠣᠰᠤᠳ ᠬᠦᠮᠦᠨ ᠳ᠋ᠦ ᠪᠦᠬᠡᠮ ᠢᠶᠡᠷ ᠮᠡᠬᠡᠯᠡᠭᠳᠡᠭᠰᠡᠨ  ᠪᠠᠶᠢᠨ᠎ᠠ᠂ ᠨᠢᠭᠡ ᠵᠢᠯ ᠦᠨ ᠬᠦᠳᠡᠯᠮᠦᠷᠢ ᠬᠦᠴᠦ ᠢᠩᠭᠢᠵᠦ ᠯᠡ ᠲᠠᠯᠠᠭᠠᠷ ᠪᠣᠯᠤᠭᠰᠠᠨ᠃
                          ᠤᠯᠵᠡᠨ ᠳ᠋ᠦ ᠳᠤᠷᠠᠯᠠᠨ ᠮᠡᠬᠡᠨ ᠳ᠋ᠦ ᠣᠷᠤᠭᠰᠠᠨ
       ᠤᠴᠢᠷ ᠶᠠᠪᠤᠳᠠᠯ ᠢ ᠨᠢ ᠲᠣᠭᠠᠴᠢᠬᠤ ᠭᠡᠪᠡᠯ ᠨᠢᠳᠤᠨᠤᠨ ᠦ  8 ᠰᠠᠷ᠎ᠠ ᠶᠢᠨ ᠡᠬᠢᠨ  ᠤ ᠨᠢᠭᠡᠨ ᠡᠳᠦᠷ ᠠᠴᠠ ᠡᠬᠢᠯᠡᠬᠦ ᠶᠣᠰᠤᠲᠠᠢ᠃ ᠲᠡᠷᠡ ᠡᠳᠦᠷ ᠭᠡᠷ ᠨᠢ ᠨᠠᠢᠮᠠᠨ  ᠬᠤᠰᠢᠭᠤᠨ ᠦ ᠰᠢᠨ  ᠵᠸᠡ ᠪᠠᠯᠭᠠᠰᠤᠨ ᠳ᠋ᠦ ᠰᠠᠭᠤᠭ᠎ᠠ ᠱᠢ  ᠡᠪᠦᠭᠡ ᠶᠠᠭᠠᠷᠠᠤ ᠰᠠᠨᠳᠤᠷᠤᠤ ᠨᠠᠢᠮᠠᠨ ᠦ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠳ᠋ᠦ ᠢᠷᠡᠨ᠄《 ᠮᠡᠬᠡᠯᠡᠭᠳᠡᠭᠰᠡᠨ᠂ ᠮᠡᠬᠡᠯᠡᠭᠳᠡᠭᠰᠡᠨ᠂ ᠪᠦᠬᠦ ᠬᠦᠴᠦᠨ ᠢᠶᠡᠨ ᠲᠠᠷᠢᠶᠠᠨ ᠭᠠᠵᠠᠷ ᠲᠦ ᠪᠡᠨ ᠵᠠᠷᠤᠴᠠᠭᠤᠯᠤᠨ ᠣᠯᠤᠭᠰᠠᠨ ᠵᠣᠭᠤᠰ ᠮᠦᠩᠭᠦ  ᠶᠢ ᠪᠦᠬᠦᠨ ᠢ   ᠮᠠᠭᠡᠯᠡᠵᠦ ᠶᠠᠪᠤᠭᠰᠠᠨ》 ᠭᠡᠪᠡ᠃  ᠵᠢᠵᠢᠬᠦᠷᠴᠢ ᠴᠠᠭᠳᠠᠭ᠎ᠠ ᠱᠢ ᠡᠪᠦᠭᠡ ᠶᠢᠨ ᠢᠷᠡᠭᠰᠡᠨ ᠵᠣᠷᠢᠯᠭ᠎ᠠ ᠶᠢ ᠣᠶᠢᠯᠠᠭᠠᠨ᠄《 ᠡᠪᠦᠭᠡ ᠡ᠂ ᠪᠢᠲᠡᠬᠡᠢ ᠵᠣᠪᠠᠨᠭᠠᠷᠠᠢ  ! ᠲᠠᠨ ᠤ ᠬᠦᠴᠢᠷᠳᠡᠯ ᠢ ᠴᠠᠭᠳᠠᠭ᠎ᠠ  ᠪᠤᠯᠤᠭᠰᠠᠨ ᠪᠢᠳᠡ ᠨᠠᠷ ᠯᠠᠪᠲᠠᠢ ᠰᠢᠢᠳᠪᠦᠷᠢᠯᠡᠬᠦ ᠶᠤᠮ》 ᠭᠡᠪᠡ᠃ ᠤᠤᠯ ᠨᠢ 2015 ᠣᠨ ᠤ 2 ᠰᠠᠷ᠎ᠠ ᠶᠢᠨ6 ᠦ ᠡᠳᠦᠷ᠂ ᠭᠡᠷ ᠨᠢ ᠯᠢᠶᠣᠤᠨᠢᠩ ᠮᠣᠵᠢ ᠶᠢᠨ ᠪᠸᠡ ᠰᠢ ᠳ᠋ᠦ ᠰᠠᠭᠤᠭ᠎ᠠ ᠯᠢ ᠣᠪᠤᠭᠲᠤ ᠰᠠᠳᠤᠨ ᠲᠦᠷᠦᠯ ᠦᠨ ᠲᠠᠨᠢᠯᠴᠠᠭᠤᠯᠭ᠎ᠠ ᠪᠠᠷ ᠲᠦᠯᠦᠪᠦᠷᠢ ᠶᠢᠨ ᠬᠤᠭᠤᠴᠠᠭ᠎ᠠ ᠶᠢ  ᠬᠣᠶᠢᠰᠢᠯᠠᠭᠤᠯᠬᠣ ᠬᠡᠯᠪᠡᠷᠢ ᠪᠡᠷ ᠱᠢ  ᠣᠪᠤᠭᠲᠤ ᠶᠢᠨ3᠌ .8 ᠲᠦᠮᠡᠨ ᠲᠦᠭᠦᠷᠢᠭ ᠦᠨ ᠦᠨ᠎ᠡ ᠳ᠋ᠦ ᠬᠦᠷᠬᠦ ᠡᠷᠳᠡᠨᠢ ᠰᠢᠰᠢ ᠶᠢ ᠬᠤᠳᠠᠯᠳᠤᠨ ᠠᠪᠤᠭᠰᠠᠨ ᠪᠠᠶᠢᠨ᠎ᠠ᠃ ᠡᠷᠳᠡᠨᠢ ᠰᠢᠰᠢ ᠶᠢ ᠲᠡᠭᠡᠭᠡᠵᠦ ᠶᠠᠪᠤᠭᠰᠠᠨ ᠤ ᠳᠠᠷᠠᠭ᠎ᠠ ᠯᠢ ᠣᠪᠤᠭᠲᠤ ᠳᠠᠷᠤᠢ  ᠪᠠᠷ᠎ᠠ  ᠰᠤᠷᠠᠭ ᠦᠭᠡᠢ   ᠠᠷᠢᠯᠪᠠ᠃ ᠱᠢ ᠡᠪᠦᠭᠡ ᠴᠠᠭᠳᠠᠭᠠᠨ ᠳ᠋ᠦ ᠮᠡᠳᠡᠭᠦᠯᠦᠭᠰᠡᠨ ᠦ ᠲᠠᠷᠠᠭ᠎ᠠ ᠪᠠᠷ ᠪᠠᠰᠠ5 ᠲᠠᠷᠢᠶᠠᠴᠢᠨ ᠡᠷᠦᠬᠡ ᠲᠡᠳᠡᠨᠤᠰ ᠤᠨ ᠡᠷᠳᠡᠨᠢ ᠰᠢᠰᠢ ᠶᠢ ᠨᠢ ᠯᠢ ᠣᠪᠤᠭᠲᠤ ᠮᠡᠬᠡᠯᠡᠨ ᠠᠪᠠᠴᠢᠭᠰᠠᠨ ᠬᠡᠮᠡᠨ ᠴᠠᠭᠳᠠᠭᠠᠨ ᠳ᠋ᠦ ᠮᠡᠳᠡᠭᠦᠯᠪᠡ᠃ ᠱᠢ ᠡᠪᠦᠭᠡ ᠵᠣᠪᠠᠨᠢᠯ ᠲᠠᠢ ᠪᠠᠷ᠄《 ᠪᠢᠳᠡ ᠡᠷᠳᠡᠨᠢ ᠰᠢᠰᠢ ᠪᠡᠨ ᠣᠳᠣ ᠪᠣᠯᠲᠠᠯ᠎ᠠ ᠬᠤᠳᠠᠯᠳᠤᠭᠠᠳᠤᠢ ᠨᠢ ᠪᠠᠰᠠ ᠢᠯᠡᠭᠦᠦ ᠬᠡᠳᠦᠨ ᠵᠣᠭᠤᠰ ᠬᠤᠳᠠᠯᠳᠤᠬᠣ ᠶᠢᠨ ᠲᠦᠯᠦᠭᠡ ᠶᠤᠮ᠂ ᠭᠡᠪᠡᠴᠦ ᠬᠡᠨ  ᠳᠠᠷᠡ ᠯᠢ ᠣᠪᠤᠭᠲᠤ ᠵᠣᠭᠤᠰ ᠦᠭᠬᠦ ᠦᠭᠡᠢ ᠶᠢ ᠪᠣᠳᠤᠵᠤ ᠣᠯᠬᠤ ᠠᠵᠠᠢ》 ᠬᠡᠮᠡᠪᠡ᠃ ᠴᠠᠭᠳᠠᠭᠠᠨ ᠤ ᠣᠶᠢᠯᠠᠭᠠᠭᠰᠠᠨ ᠢᠶᠠᠷ 2014 ᠣᠨ ᠤ 11 ᠰᠠᠷ᠎ᠠ ᠠᠴᠠ 2015 ᠣᠨ ᠤ 2 ᠰᠠᠷ᠎ᠠ ᠶᠢᠨ ᠬᠣᠭᠤᠷᠤᠳᠤ ᠯᠢ ᠣᠪᠤᠭᠲᠤ ᠰᠠᠳᠤᠨ ᠲᠥᠷᠥᠯ ᠤᠨ ᠢᠶᠠᠨ ᠲᠠᠨᠢᠯᠴᠠᠭᠤᠯᠭ᠎ᠠ ᠪᠠᠷ ᠱᠢ ᠡᠪᠦᠭᠡ ᠵᠡᠷᠭᠡ 6 ᠡᠷᠦᠬᠡ ᠶᠢᠨ ᠢᠲᠡᠭᠡᠯ ᠢ ᠣᠯᠵᠤ᠂ ᠦᠨ᠎ᠡ ᠲᠦᠯᠦᠪᠦᠷᠢ  ᠶᠢ ᠨᠢ ᠬᠡᠳᠦᠨ ᠡᠳᠦᠷ ᠬᠣᠶᠢᠰᠢᠯᠠᠭᠤᠯᠬᠣ ᠬᠡᠯᠪᠡᠷᠢ ᠪᠡᠷ ᠡᠷᠳᠡᠨᠢ ᠰᠢᠰᠢ ᠶᠢ ᠨᠢ ᠬᠤᠳᠠᠯᠳᠤᠨ ᠠᠪᠬᠤ ᠪᠠᠷ ᠲᠣᠭᠲᠠᠪᠠ᠃ ᠬᠣᠶᠠᠷ ᠡᠲᠡᠭᠡᠳ ᠦᠨ ᠬᠡᠯᠡᠯᠴᠡᠨ ᠲᠣᠭᠲᠠᠭᠰᠠᠨ ᠦᠨ᠎ᠡ ᠨᠢ ᠡᠷᠳᠡᠨᠢ ᠰᠢᠰᠢ ᠵᠢᠩ ᠪᠦᠷᠢ ᠳ᠋ᠦ ᠪᠡᠨ1.00 ᠡᠴᠡ1.02 ᠲᠦᠭᠦᠷᠢᠭ ᠪᠠᠶᠢᠯ᠎ᠠ( ᠵᠠᠬ᠎ᠠ ᠳᠡᠯᠭᠡᠭᠦᠷ ᠦᠨ ᠦᠨ᠎ᠡ ᠡᠴᠡ  ᠦᠨᠳᠦᠷ)᠃ ᠬᠡᠯᠡᠯᠴᠡᠭᠡᠷ ᠲᠣᠭᠲᠠᠭᠰᠠᠨ ᠤ ᠳᠠᠷᠠᠭ᠎ᠠ ᠯᠢ ᠣᠪᠤᠭᠲᠤ ᠳᠡᠭᠡᠷᠡᠬᠢ 6  ᠡᠷᠦᠬᠡ ᠲᠠᠷᠢᠶᠠᠴᠢᠨ ᠤ ᠦᠨ᠎ᠡ ᠬᠠᠩᠰᠢ ᠨᠢ 28 ᠲᠦᠮᠡᠨ ᠲᠦᠭᠦᠷᠢᠭ ᠬᠦᠷᠬᠦ ᠡᠷᠳᠡᠨᠢ ᠰᠢᠰᠢ ᠶᠢ ᠨᠢ ᠬᠤᠳᠠᠯᠳᠤᠨ ᠠᠪᠤᠪᠠ᠃ ᠬᠡᠨ ᠨᠢ ᠴᠦ ᠪᠣᠳᠤᠵᠤ ᠣᠯᠣᠭᠰᠠᠨ ᠦᠭᠡᠢ ᠨᠢ  ᠡᠨᠡᠬᠦ ᠮᠠᠭᠤ ᠯᠢ ᠣᠪᠤᠭᠲᠤ ᠡᠷᠳᠡᠨᠢ ᠰᠢᠰᠢ ᠶᠢ ᠪᠣᠰᠤᠳ ᠲᠤ ᠬᠤᠳᠠᠯᠳᠤᠨ ᠣᠯᠤᠭᠰᠠᠨ ᠵᠣᠭᠤᠰ ᠮᠦᠩᠭᠦ ᠶᠢ ᠪᠦᠬᠦᠨ ᠢ ᠠᠪᠤᠨ ᠳᠤᠲᠠᠭᠠᠭᠰᠠᠨ ᠪᠠᠶᠢᠨ᠎ᠠ᠃
                       ᠪᠡᠷᠬᠡ ᠶᠢ ᠢᠯᠠᠵᠤ᠂ ᠦᠨᠡᠨ ᠢ ᠢᠯᠡᠷᠡᠭᠦᠯᠦᠭᠰᠡᠨ
      ᠲᠠᠷᠢᠶᠠᠴᠢᠨ ᠤ ᠬᠣᠬᠢᠷᠠᠯ ᠢ ᠪᠠᠭᠠᠰᠬᠠᠨ᠂ ᠶᠠᠯᠠᠲᠤ ᠠᠵᠢᠯᠯᠠᠭ᠎ᠠ  ᠶᠢᠨ ᠬᠡᠪᠴᠢᠶ᠎ᠡ ᠦᠷᠭᠡᠵᠢᠬᠦ ᠶᠢ ᠰᠡᠷᠭᠡᠶᠢᠯᠡᠬᠦ ᠶᠢᠨ ᠲᠦᠯᠦᠭᠡ ᠨᠠᠢᠮᠠᠨ ᠬᠤᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠤ ᠠᠵᠤ ᠠᠬᠤᠢ  ᠶᠢᠨ ᠶᠠᠯᠠᠲᠤ ᠠᠵᠢᠯᠯᠠᠭ᠎ᠠ ᠶᠢ ᠪᠠᠶᠢᠴᠠᠭᠠᠬᠤ ᠶᠡᠬᠡ ᠠᠩᠬᠢ ᠶᠢᠨ ᠬᠢᠨ ᠳᠣᠣᠷ᠎ᠠ ᠪᠠᠨ ᠲᠤᠰᠬᠠᠢ ᠪᠠᠶᠢᠴᠠᠭᠠᠬᠤ ᠳᠤᠭᠤᠶᠢᠯᠠᠩ ᠢ ᠪᠠᠶᠢᠭᠤᠯᠵᠤ ᠪᠠᠶᠢᠴᠠᠭᠠᠬᠤ ᠠᠵᠢᠯᠯᠠᠭ᠎ᠠ ᠪᠠᠨ ᠦᠷᠨᠢᠭᠦᠯᠪᠡ᠃ ᠲᠤᠰᠬᠠᠢ ᠪᠠᠶᠢᠴᠠᠭᠠᠬᠤ ᠳᠤᠭᠤᠶᠢᠯᠠᠩ ᠭᠡᠷᠡᠴᠢ ᠪᠠᠷᠢᠮᠲᠠ ᠴᠤᠭᠯᠠᠭᠤᠯᠤᠨ᠂ ᠲᠤᠰ ᠬᠡᠷᠡᠭ ᠢ ᠳᠠᠩᠰᠠᠯᠠᠨ ᠪᠠᠶᠢᠴᠠᠭᠠᠵᠤ᠂ ᠲᠣᠣᠷ ᠰᠦᠯᠵᠢᠶ᠎ᠡ ᠪᠡᠷ ᠳᠠᠮᠵᠢᠨ ᠯᠢ ᠣᠪᠤᠭᠲᠤ ᠶᠢ ᠨᠡᠬᠡᠮᠵᠢᠯᠡᠪᠡ᠂ ᠭᠡᠪᠡᠴᠦ ᠯᠢ ᠣᠪᠤᠭᠲᠤ ᠶᠢᠨ ᠶᠠᠪᠤᠴᠠ ᠰᠠᠭᠤᠴᠠ ᠲᠣᠭᠲᠠᠪᠣᠷᠢ ᠦᠭᠡᠢ  ᠡᠴᠡ ᠪᠣᠯᠵᠤ ᠴᠠᠭᠳᠠᠭ᠎ᠠ ᠳᠣᠣᠷ᠎ᠠ ᠪᠠᠨ ᠶᠠᠯᠠᠲᠤ ᠡᠲᠡᠭᠡᠳ ᠢ  ᠡᠵᠡᠮᠰᠢᠬᠦ ᠳ᠋ᠦ ᠪᠡᠷᠬᠡ ᠪᠠᠶᠢᠪᠠ᠃
      ᠴᠠᠭᠳᠠᠭᠠᠨ ᠤ ᠬᠠᠯᠠᠰᠢᠷᠠᠯ ᠦᠭᠡᠢ ᠴᠢᠷᠮᠠᠶᠢᠯᠠᠭ᠎ᠠ ᠪᠡᠷ 2016 ᠣᠨ ᠤ 9 ᠰᠠᠷ᠎ᠠ ᠳ᠋ᠦ ᠯᠢ ᠣᠪᠤᠭᠲᠤ ᠶᠢ ᠰᠤᠷᠠᠭᠯᠠᠨ ᠮᠡᠳᠡᠵᠦ᠂ ᠣᠯᠠᠮ ᠨᠢᠭᠡ ᠠᠯᠬᠤᠮ ᠤᠨ ᠠᠵᠢᠯᠯᠠᠭ᠎ᠠ ᠪᠡᠷ ᠯᠢ ᠣᠪᠤᠭᠲᠤ ᠶᠢᠨ  ᠦᠢᠯᠡ ᠠᠵᠢᠯᠯᠠᠭ᠎ᠠ ᠶᠢᠨ ᠬᠡᠪᠴᠢᠶ᠎ᠡ ᠨᠢ ᠯᠢᠶᠣᠤᠨᠢᠩ ᠤᠨ ᠪᠸᠡ ᠰᠢ ᠶᠢᠨ ᠣᠶᠢᠷ᠎ᠠ ᠬᠠᠪᠢ ᠪᠣᠯᠬᠤ ᠶᠢ ᠮᠡᠳᠡᠪᠡ᠃ 9 ᠰᠠᠷ᠎ᠠ ᠶᠢᠨ 23 ᠦ ᠡᠳᠦᠷ ᠳᠤᠬᠠᠢ ᠶᠢᠨ ᠭᠠᠵᠠᠷ ᠤᠨ  ᠴᠠᠭᠳᠠᠭᠠᠨ ᠤ ᠬᠦᠴᠦᠲᠦ ᠳᠡᠮᠵᠢᠯᠡᠭᠡ ᠶᠢᠨ ᠳᠣᠣᠷ᠎ᠠ ᠯᠢᠶᠣᠤᠨᠢᠩ  ᠪᠸᠡ ᠰᠢ ᠶᠢᠨ ᠮᠠᠨᠵᠤ ᠦᠨᠳᠦᠰᠦᠳᠡᠨ ᠦ ᠦᠪᠡᠷᠲᠡᠭᠡᠨ ᠵᠠᠰᠠᠬᠤ ᠵᠸᠦ ᠡᠴᠡ ᠯᠢ ᠣᠪᠤᠭᠲᠤ ᠶᠢ ᠪᠠᠷᠢᠪᠴᠢᠯᠠᠪᠠ᠃
                     ᠬᠣᠪᠳᠤᠭ ᠰᠢᠨᠤᠬᠠᠢ ᠵᠠᠩ ᠡᠴᠡ ᠪᠡᠨ ᠭᠠᠰᠢᠭᠤᠨ ᠦᠷ᠎ᠡ  ᠠᠮᠰᠠᠭᠰᠠᠨ
      ᠯᠢ ᠣᠪᠤᠭᠲᠤ:《ᠪᠢ ᠭᠠᠳᠠᠨ᠎ᠠ ᠣᠯᠠᠨ ᠦᠷᠢᠲᠦᠭᠰᠡᠨ᠂ ᠦᠷᠢ ᠪᠡᠨ ᠪᠦᠭᠯᠡᠬᠦ ᠶᠢᠨ ᠲᠦᠯᠦᠭᠡ ᠡᠶᠢᠮᠦᠷᠬᠦ ᠠᠷᠭ᠎ᠠ ᠪᠡᠷ ᠪᠣᠰᠤᠳ ᠢ ᠮᠡᠬᠡᠯᠡᠬᠦ ᠪᠣᠳᠤᠯ ᠣᠷᠤᠪᠠ᠂ ᠡᠭᠦᠨ ᠳ᠋ᠦ ᠪᠡᠨ ᠪᠢ ᠲᠥᠢᠯ ᠦᠨ ᠶᠡᠬᠡᠪᠡᠷ ᠬᠠᠷᠠᠮᠰᠠᠵᠦ ᠪᠠᠶᠢᠨ᠎ᠠ》 ᠭᠡᠪᠡ᠃ ᠯᠢ ᠣᠪᠤᠭᠲᠤ ᠦᠪᠡᠷ ᠦᠨ ᠱᠢ ᠣᠪᠤᠭᠲᠤ ᠵᠡᠷᠭᠡ  6 ᠲᠠᠷᠢᠶᠠᠴᠢᠨ ᠡᠷᠦᠬᠡ ᠶᠢ ᠮᠡᠬᠡᠯᠡᠩᠰᠡᠨ ᠶᠠᠯᠠᠲᠦ ᠠᠵᠢᠯᠯᠠᠭ᠎ᠠ ᠪᠠᠨ ᠡᠷᠡᠭᠡᠯᠵᠡᠯ ᠦᠭᠡᠢ ᠪᠡᠷ  ᠮᠡᠳᠡᠷᠡᠪᠡ᠃ ᠳᠣᠲᠣᠭᠠᠳᠤ ᠶᠢ ᠬᠠᠮᠠᠭᠠᠯᠠᠬᠣ ᠲᠣᠪᠴᠢᠶᠠᠨ ᠤ ᠬᠢᠨ   ᠬᠠᠤᠯᠢ ᠶᠣᠰᠣᠭᠠᠷ  ᠯᠢ ᠣᠪᠣᠭᠲᠣ ᠶᠢ ᠪᠠᠷᠢᠪᠴᠢᠯᠠᠨ ᠬᠣᠷᠢᠪᠠ᠃ ᠲᠣᠰ ᠬᠡᠷᠡᠭ ᠨᠢ  ᠣᠳᠣ ᠣᠯᠠᠮ ᠨᠢᠭᠡ ᠠᠯᠬᠣᠮ ᠤᠨ ᠲᠣᠳᠣᠯᠠᠬᠣ ᠶᠠᠪᠤᠴᠠ ᠳᠤ ᠪᠤᠢ᠃
     ᠣᠳᠣᠬᠠᠨ ᠳ᠋ᠦ ᠨᠠᠮᠣᠷ ᠤᠨ ᠬᠣᠷᠢᠶᠠᠯᠲᠠ ᠨᠢᠭᠡᠨᠲᠡ ᠳᠠᠭᠣᠰᠣᠨ᠂ ᠣᠯᠠᠨ ᠠᠷᠪᠢᠨ ᠬᠣᠳᠠᠯᠳᠤᠭᠠᠴᠢᠨ  ᠬᠦᠳᠡᠭᠡ ᠳᠦ ᠲᠠᠷᠢᠶᠠᠯᠠᠩ ᠤᠨ ᠪᠦᠲᠦᠭᠡᠭᠳᠡᠭᠦᠨ ᠢ ᠬᠣᠳᠠᠯᠳᠣᠨ ᠠᠪᠬᠤ ᠠᠵᠢᠨᠯᠠᠭ᠎ᠠ ᠪᠠᠨ ᠦᠷᠨᠢᠭᠦᠯᠵᠦ ᠪᠠᠶᠢᠨ᠎ᠠ᠃ ᠲᠠᠷᠢᠶᠠᠴᠢᠳ  ᠠᠮᠠᠷ  ᠢᠶᠡᠨ ᠪᠤᠳᠤᠵᠦ ᠦᠷᠭᠦᠯᠵᠢ ᠲᠠᠷᠢᠶᠠᠨ ᠭᠠᠵᠠᠷ ᠲᠤ ᠪᠠᠨ ᠦᠪᠡᠷ ᠦᠨ ᠪᠦᠲᠦᠭᠡᠭᠳᠡᠭᠦᠨ ᠢᠶᠡᠨ ᠬᠣᠳᠠᠯᠳᠣᠳᠠᠭ᠃ ᠡᠭᠦᠨ ᠦ  ᠳᠣᠬᠠᠢ ᠴᠠᠭᠳᠠᠭᠠᠨ ᠤ  ᠳᠠᠯ᠎ᠠ  ᠡᠴᠠ ᠲᠠᠷᠢᠶᠠᠴᠢᠳ  ᠲᠦ ᠰᠡᠷᠡᠮᠵᠢᠯᠡᠭᠦᠯᠦᠭᠰᠡᠨ ᠢᠶᠡᠷ᠂ ᠲᠠᠷᠢᠶᠠᠯᠠᠩ ᠤᠨ ᠪᠦᠲᠦᠭᠡᠭᠳᠡᠭᠦᠨ ᠢᠶᠡᠨ ᠬᠣᠳᠠᠯᠳᠣᠬᠣ ᠳᠤ ᠡᠷᠬᠡᠪᠰᠢ ᠮᠡᠬᠡᠯᠡᠯ ᠢ ᠰᠡᠷᠭᠡᠶᠢᠯᠡᠬᠦ  ᠭᠡᠷᠡᠭᠳᠡᠢ᠃ ᠣᠨᠴᠠᠭᠠᠶᠢᠯᠡᠨ ᠠᠮᠡᠨ  ᠠᠶ᠎ᠠ ᠶᠢᠨ ᠬᠡᠯᠡᠯᠴᠡᠭᠡᠷ ᠢ ᠢᠲᠡᠭᠡᠵᠦ  ᠪᠣᠯᠬᠣ ᠦᠭᠡᠢ᠃ ᠦᠪᠡᠷ ᠦᠨ ᠨᠢᠭᠡ ᠵᠢᠯ ᠦᠨ ᠬᠦᠴᠦ ᠬᠦᠳᠡᠯᠮᠦᠷᠢ ᠪᠡᠨ ᠬᠠᠶᠢᠷᠠᠯᠠᠵᠦ᠂ ᠦᠪᠡᠷ ᠦᠨ ᠬᠠᠣᠯᠢ ᠶᠣᠰᠣᠨ ᠤ ᠡᠷᠬᠡ ᠠᠰᠢᠭ ᠢᠶᠠᠨ ᠡᠷᠡᠰ ᠬᠠᠮᠠᠭᠠᠯᠠᠬᠤ ᠬᠡᠷᠡᠭᠲᠡᠢ᠃
                                                                            ( ᡁᠢ ᠶᠥᠩ  ᠬᠠᠩᠭᠠᠪᠠ )
ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ