ᠭᠠᠴᠠᠭ᠎ᠠ ᠲᠤᠰᠬᠤᠨ ‍ᠤ ᠲᠦᠯᠦᠪᠯᠡᠭᠡᠳᠦ ᠦᠷᠡᠵᠢᠯ ‍ᠤᠨ ᠡᠷᠬᠢᠯᠡᠭᠴᠢ ᠶ᠋ᠢᠨ ᠠᠵᠢᠯ ‍ᠤᠨ ᠡᠭᠦᠷᠭᠡ ᠲᠤᠰᠢᠶᠠᠯ

ᠣᠩᠰᠢᠭᠰᠠᠨ ᠤᠳᠠᠭ᠎ᠠ ᠄ 3166     ᠨᠡᠶᠢᠳᠡᠯᠡᠭᠰᠡᠨ ᠴᠠᠭ ᠄ 2016/10/17 10:52:02

      1. ᠲᠤᠰᠬᠤᠨ ‍ᠤ ᠨᠡᠮ ‍ᠤᠨ ᠡᠭᠦᠷ ‍ᠤᠨ ᠤᠳᠤᠷᠢᠳᠤᠯᠭ᠎ᠠ ᠵᠢ ᠲᠠᠭᠠᠵᠤ ᠂ ᠲᠤᠰᠬᠤᠨ ‍ᠤ ᠵᠦᠪᠯᠡᠯ ‍ᠤᠨ ᠡᠷᠬᠢᠯᠡᠭᠴᠢ ᠶ᠋ᠢᠨ ᠠᠵᠢᠯ ‍ᠢ ᠲᠡᠮᠵᠢᠨ᠎ᠡ ᠃
      2. ᠲᠦᠯᠦᠪᠯᠡᠭᠡᠳᠦ ᠦᠷᠡᠵᠢᠯ ‍ᠤᠨ ᠦᠨᠳᠦᠰᠦᠨ ᠤᠯᠤᠰ ‍ᠤᠨ ᠪᠤᠳᠤᠯᠭ᠎ᠠ ᠵᠢ ᠤᠬᠠᠭᠤᠯᠤᠨ ᠲᠤᠤᠱᠯᠠᠭᠤᠯᠵᠤ ᠂ ᠪᠠᠯᠭᠠᠰᠤᠨ ‍ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠪᠡ ᠨᠡᠮ ‍ᠤᠨ ᠡᠭᠦᠷ ‍ᠤᠨ ᠲᠤᠰᠢᠶᠠᠨ ᠭᠦᠢᠴᠡᠳᠭᠡᠯᠭᠡᠭᠰᠡᠨ ᠡᠯ᠎ᠡ ᠵᠦᠢᠯ ‍ᠤᠨ ᠠᠵᠢᠯ ‍ᠢ ᠪᠠᠶᠠᠯᠠᠬᠦᠯᠦᠨ᠎ᠡ ᠃
     3. ᠲᠤᠰ ᠲᠤᠰᠬᠤᠨ ‍ᠤ ᠪᠡᠨ ᠲᠦᠯᠦᠪᠯᠡᠭᠡᠳᠦ ᠦᠷᠡᠵᠢᠯ ‍ᠤᠨ ᠠᠵᠢᠯ ‍ᠤᠨ ᠪᠠᠶᠢᠳᠠᠯ ‍ᠢ ᠪᠦᠬᠦ ᠲᠠᠯ᠎ᠠ ᠪᠡᠷ ᠤᠨᠤᠪᠴᠢᠳᠠᠢ ᠡᠵᠡᠮᠰᠢᠨ ᠂ ᠨᠠᠷᠢᠨ ᠤᠴᠢᠷ ‍ᠢ ᠨᠢ ᠲᠤᠳᠤᠷᠬᠠᠢ ᠂ ᠪᠠᠶᠢᠳᠠᠯ ‍ᠢ ᠨᠢ ᠢᠯᠡᠷᠭᠡᠢ ᠮᠡᠳᠡᠨ᠎ᠡ ᠃
     4. ᠲᠤᠬᠠᠶᠢᠯᠠᠭᠰᠠ ᠠᠵᠢᠯ ‍ᠤᠨ ᠴᠢᠳᠠᠪᠤᠷᠢ ᠪᠡᠨ ᠲᠠᠭᠡᠭᠰᠢᠯᠡᠬᠦᠯᠵᠤ ᠂ ᠲᠦᠷᠦᠬᠦ ᠨᠠᠰᠤᠨ ‍ᠤ ᠤᠯᠠᠨ ᠲᠦᠮᠡᠨ ᠳ᠋ᠤ ᠦᠢᠯᠡᠴᠢᠯᠡᠬᠦ ᠠᠵᠢᠯ ‍ᠢ ᠰᠡᠶᠢᠳᠤᠷ ᠬᠢᠵᠤ ᠂ ᠤᠯᠠᠨ ᠲᠦᠮᠡᠨ ‍ᠤ ᠬᠠᠤᠯᠢ ᠲᠦᠷᠢᠮ ᠶᠤᠰᠤᠭᠠᠷ ᠬᠠᠮᠢᠶ᠎ᠠ ᠪᠦᠬᠦᠢ ᠭᠠᠷ ᠭᠦᠢᠴᠡᠳᠭᠡᠯ ᠪᠡ ᠭᠡᠷᠡᠴᠢ ᠪᠢᠴᠢᠭ ᠭᠦᠢᠴᠡᠳᠭᠡᠵᠤ ᠦᠭᠭᠦᠨ᠎ᠡ ᠃
     5. ᠪᠦᠬᠦ ᠭᠡᠰᠢᠭᠦᠳ ‍ᠤᠨ ᠭᠦᠮᠦᠨ ᠠᠮᠠ ᠶ᠋ᠢᠨ ᠮᠡᠳᠡᠭᠡ ᠵᠠᠩᠬᠢ ᠵᠢ ᠪᠦᠷᠢᠳᠭᠡᠬᠦ ᠪᠡ ᠨᠡᠭᠦᠳᠡᠯ ᠭᠦᠮᠦᠨ ᠠᠮᠠ ᠶ᠋ᠢᠨ ᠬᠠᠮᠢᠶᠠᠷᠤᠯᠳᠠ ᠵᠡᠷᠭᠡ ᠪᠤᠰᠤᠳ ᠲᠠᠯ᠎ᠠ ᠶ᠋ᠢᠨ ᠠᠵᠢᠯ ‍ᠢ ᠰᠡᠶᠢᠳᠤᠷ ᠬᠢᠨ᠎ᠠ ᠃
     6. ᠲᠦᠯᠦᠪᠯᠡᠭᠡᠳᠦ ᠦᠷᠡᠵᠢᠯ ‍ᠤᠨ ᠠᠵᠢᠯ ‍ᠢ ᠨᠡᠶᠢᠳᠡ ᠳ᠋ᠤ ᠵᠠᠷᠯᠠᠬᠤ ᠠᠵᠢᠯ ‍ᠢ ᠰᠡᠶᠢᠳᠤᠷ ᠬᠢᠨ᠎ᠡ ᠃
     7. ᠲᠤᠰ ᠬᠠᠷᠢᠶᠠᠳᠤ ᠤᠷᠤᠨ ‍ᠤ ᠢᠳᠡᠭᠡᠨ ‍ᠤ ᠵᠦᠢᠯ ᠡᠮ ‍ᠤᠨ ᠵᠦᠢᠯ ‍ᠤᠨ ᠠᠮᠤᠷ ᠲᠦᠪᠰᠢᠨ ‍ᠤ ᠠᠵᠢᠯ ‍ᠢ ᠬᠠᠷᠢᠭᠤᠴᠠᠨ᠎ᠠ ᠃

     8.  ᠲᠤᠰᠬᠤᠨ ‍ᠤ 《 ᠬᠤᠶᠠᠷ ᠵᠦᠪᠯᠡᠯ 》 ᠪᠡ ᠲᠤᠬᠠᠶᠢᠯᠠᠭᠰᠠ ᠠᠵᠢᠯ ‍ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ‍ᠤᠨ ᠲᠤᠰᠢᠶᠠᠨ ᠭᠦᠢᠴᠡᠳᠭᠡᠯᠭᠡᠭᠰᠡᠨ ᠪᠤᠰᠤᠳ ᠲᠠᠯ᠎ᠠ ᠶ᠋ᠢᠨ ᠠᠵᠢᠯ ‍ᠢ ᠪᠠᠶᠠᠯᠠᠬᠦᠯᠦᠨ᠎ᠡ ᠃


                                                                                    ᠮᠠᠨᠳᠤᠯ᠎ᠠ ᠬᠠᠩᠭᠠᠪᠠ

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ