ᠭᠠᠴᠠᠭ᠎ᠠ ᠲᠤᠰᠬᠤᠨ ‍ᠤ ᠲᠡᠩᠰᠠ ᠮᠡᠳᠡᠭᠦᠯᠦᠭᠴᠢ ᠶ᠋ᠢᠨ ᠠᠵᠢᠯ ‍ᠤᠨ ᠲᠤᠰᠢᠶᠠᠯ ᠬᠠᠷᠢᠭᠤᠴᠯᠠᠭ᠎ᠠ

ᠣᠩᠰᠢᠭᠰᠠᠨ ᠤᠳᠠᠭ᠎ᠠ ᠄ 8697     ᠨᠡᠶᠢᠳᠡᠯᠡᠭᠰᠡᠨ ᠴᠠᠭ ᠄ 2016/10/17 10:47:21


      1. ᠲᠤᠰᠬᠤᠨ ‍ᠤ ᠨᠠᠮ ‍ᠤᠨ ᠡᠭᠦᠷ ‍ᠤᠨ ᠤᠳᠤᠷᠢᠳᠤᠯᠭ᠎ᠠ ᠵᠢ ᠲᠠᠭᠠᠵᠤ ᠂ ᠲᠤᠰᠬᠤᠨ ‍ᠤ ᠵᠦᠪᠯᠡᠯ ‍ᠤᠨ ᠡᠷᠬᠢᠯᠡᠭᠴᠢ ᠶ᠋ᠢᠨ ᠠᠵᠢᠯ ‍ᠢ ᠲᠡᠮᠵᠢᠨ᠎ᠠ ᠃
      2. ᠤᠷᠤᠯᠭ᠎ᠠ ᠵᠠᠷᠤᠯᠭ᠎ᠠ ᠶ᠋ᠢᠨ ᠬᠤᠶᠠᠷ ᠵᠤᠷᠪᠤᠰ ᠱᠤᠭᠤᠮ ‍ᠢ ᠭᠡᠷᠡᠭᠵᠢᠬᠦᠯᠵᠤ ᠂ ᠤᠷᠤᠯᠭ᠎ᠠ ᠂ ᠵᠠᠷᠤᠯᠭ᠎ᠠ ᠂ ᠬᠠᠷᠢᠯᠴᠠᠭᠠᠨ ‍ᠤ ᠫᠢᠶᠦᠦ ᠪᠠᠷᠢᠮᠳᠠ ᠵᠢ ᠡᠷᠭᠡᠪᠰᠢ ᠴᠢᠩᠭ᠎ᠠ ᠬᠠᠷᠢᠭᠤᠴᠠᠵᠤ ᠂ ᠲᠤᠬᠠᠢ ᠶ᠋ᠢᠨ ᠰᠠᠷ᠎ᠠ ᠳ᠋ᠤᠨᠢ ᠲᠠᠩᠰᠠ ᠮᠡᠳᠡᠭᠦᠯᠦᠨ᠎ᠡ ᠃
      3. ᠡᠯ᠎ᠡ ᠵᠦᠢᠯ ‍ᠤᠨ ᠲᠤᠬᠠᠶᠢᠯᠠᠭᠰᠠᠨ ᠠᠵᠢᠯ ‍ᠢ ᠴᠠᠭ ᠲᠤᠬᠠᠢ ᠳ᠋ᠤᠨᠢ ᠭᠦᠢᠴᠡᠳᠭᠡᠵᠤ ᠂ ᠤᠳᠠᠭ᠎ᠠ ᠪᠦᠷᠢ ᠶ᠋ᠢᠨ ᠤᠷᠤᠯᠭ᠎ᠠ ᠵᠢ ᠲᠤᠬᠠᠶᠢᠯᠠᠭᠰᠠᠨ ᠠᠵᠢᠯ ᠡᠭᠦᠰᠦᠭᠰᠡᠨ 3 ᠡᠳᠦᠷ ᠲᠤᠳᠤᠷ᠎ᠠ ᠪᠠᠯᠭᠠᠰᠤᠨ ‍ᠤ ᠠᠵᠤ ᠠᠬᠤᠢ ᠶ᠋ᠢᠨ ᠬᠠᠮᠢᠶᠠᠷᠤᠯᠳᠠ ᠶ᠋ᠢᠨ ᠦᠷᠳᠡᠭᠡᠨ ‍ᠤ ᠲᠠᠩᠰᠠᠨ ᠡᠷᠦᠭᠡ ᠳ᠋ᠤ ᠲᠤᠰᠢᠶᠠᠵᠤ ᠨᠢᠭᠡᠳᠤᠯᠳᠠᠢ ᠤᠷᠤᠯᠠᠨ ᠬᠠᠮᠢᠶᠠᠷᠤᠭᠤᠯᠤᠨ᠎ᠠ ᠃
     4. ᠤᠷᠤᠨ ᠲᠤᠭ᠎ᠠ ᠶ᠋ᠢᠨ ᠮᠠᠳᠠᠭᠦᠯᠦᠯᠳᠡ ᠶ᠋ᠢᠨ ᠭᠦᠰᠦᠨᠦᠭᠳᠦ ᠂ ᠡᠯ᠎ᠡ ᠵᠦᠢᠯ ‍ᠤᠨ ᠠᠵᠤ ᠠᠬᠤᠢ ᠶ᠋ᠢᠨ ᠵᠢᠭᠠᠪᠤᠷᠢ ᠲᠤᠭ᠎ᠠ ᠶ᠋ᠢᠨ ᠪᠦᠷᠢᠳᠭᠡᠯ ᠪᠡ ᠲᠠᠭᠯᠠᠨ ᠮᠡᠳᠡᠭᠦᠯᠬᠦ ᠠᠵᠢᠯ ‍ᠢ ᠲᠤᠭᠳᠠᠭᠰᠠᠨ ᠴᠠᠭ ᠲᠤ ᠪᠡᠶᠡᠯᠡᠬᠦᠯᠦᠨ᠎ᠡ ᠃
      5. ᠲᠤᠰᠬᠤᠨ ‍ᠤ ᠱᠠᠳᠤᠨ ‍ᠤ ᠠᠪᠴᠠᠭ᠎ᠠ ᠦᠭᠴᠡᠭᠡ ᠵᠢ ᠴᠠᠭ ᠲᠤᠬᠠᠢ ᠳ᠋ᠤᠨᠢ ᠲᠡᠮᠳᠡᠭᠯᠡᠬᠦ ᠵᠢ ᠬᠠᠷᠢᠭᠤᠴᠠᠨ᠎ᠠ ᠃
      6. ᠡᠳ᠋ ‍ᠤᠨ ᠶᠠᠪᠤᠳᠠᠯ ‍ᠢ ᠢᠯᠡ ᠨᠡᠶᠢᠳᠡᠯᠡᠬᠦ ᠠᠵᠢᠯ ‍ᠢ ᠴᠠᠭ ᠲᠤᠬᠠᠢ ᠳ᠋ᠤᠨᠢ ᠰᠡᠶᠢᠳᠤᠷ ᠬᠢᠨ᠎ᠡ ᠃
      7. ᠡᠯ᠎ᠡ ᠵᠦᠢᠯ ‍ᠤᠨ ᠲᠤᠰᠬᠠᠢ ᠭᠡᠷ᠎ᠡ ᠵᠢ ᠲᠡᠰ ᠲᠠᠷᠠᠭ᠎ᠠ ᠶᠤᠰᠤᠭᠠᠷ ᠨᠢ ᠴᠢᠩᠭ᠎ᠠ ᠭᠦᠯᠢᠶᠡᠨ ᠠᠪᠴᠤ ᠂ ᠬᠠᠷᠭᠤᠭᠤᠯᠤᠨ ᠪᠠᠶᠢᠴᠠᠭᠠᠵᠤ ᠬᠠᠳᠠᠭᠠᠯᠠᠨ᠎ᠠ ᠃
      8. ᠲᠤᠰᠬᠤᠨ ‍ᠤ ᠱᠠᠳᠤᠨ ‍ᠤ ᠲᠤᠭᠳᠠᠮᠠᠯ ᠡᠳ᠋ ᠭᠦᠷᠦᠩᠭᠡ ᠵᠢ ᠲᠡᠩᠰᠠᠯᠠᠨ ᠲᠡᠮᠳᠡᠭᠯᠡᠬᠦ ᠪᠡ ᠬᠢᠨᠡᠨ ᠬᠠᠮᠢᠶᠠᠷᠬᠤ ᠵᠢ ᠬᠠᠷᠢᠭᠤᠴᠠᠨ᠎ᠠ ᠃
      9. ᠲᠤᠰᠬᠤᠨ ‍ᠤ ᠱᠠᠳᠤᠨ ‍ᠤ ᠪᠢᠴᠢᠭ ᠬᠠᠷ᠎ᠠ ᠶ᠋ᠢᠨ ᠲᠠᠩᠰᠠ ᠡᠪᠭᠡᠮᠡᠯ ᠂ ᠡᠳ᠋ ‍ᠤᠨ ᠶᠠᠪᠤᠳᠠᠯ ‍ᠤᠨ ᠲᠠᠩᠰᠠ ᠡᠪᠭᠡᠮᠡᠯ ‍ᠢ ᠲᠠᠩᠰᠠᠨ ᠳ᠋ᠤ ᠤᠷᠤᠭᠤᠯᠵᠤ ᠬᠠᠮᠢᠶᠠᠷᠬᠤ ᠵᠢ ᠬᠠᠷᠢᠭᠤᠴᠠᠨ᠎ᠠ ᠃

     10. ᠲᠤᠰᠬᠤᠨ ‍ᠤ ᠨᠡᠮ ‍ᠤᠨ ᠡᠭᠦᠷ ᠂ ᠲᠤᠰᠬᠤᠨ ‍ᠤ ᠵᠦᠪᠯᠡᠯ ᠪᠡ ᠲᠤᠬᠠᠶᠢᠯᠠᠭᠰᠠᠨ ᠠᠵᠢᠯ ‍ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ‍ᠤᠨ ᠲᠤᠰᠢᠶᠠᠨ ᠭᠦᠢᠴᠡᠳᠭᠡᠯᠭᠡᠭᠰᠡᠨ ᠪᠤᠰᠤᠳ ᠲᠠᠯ᠎ᠠ ᠶ᠋ᠢᠨ ᠠᠵᠢᠯ ‍ᠢ ᠲᠤᠭᠳᠠᠭᠰᠠᠨ ᠴᠠᠭ ᠲᠤ ᠪᠠᠶᠠᠯᠠᠬᠦᠯᠦᠨ᠎ᠡ ᠃                                                

                                                                                    ᠮᠠᠨᠳᠤᠯ᠎ᠠ ᠬᠠᠩᠭᠠᠪᠠ

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ