ᠭᠠᠴᠠᠭ᠎ᠠ ᠲᠤᠰᠬᠤᠨ ‍ᠤ ᠦᠨᠳᠦᠰᠦᠳᠡᠨ ‍ᠤ ᠠᠵᠢᠯ ‍ᠤᠨ ᠲᠦᠷᠢᠮ

ᠣᠩᠰᠢᠭᠰᠠᠨ ᠤᠳᠠᠭ᠎ᠠ ᠄ 6661     ᠨᠡᠶᠢᠳᠡᠯᠡᠭᠰᠡᠨ ᠴᠠᠭ ᠄ 2016/10/17 10:37:02


       1. ᠨᠡᠮ ᠪᠡ ᠤᠯᠤᠰ ‍ᠤᠨ ᠦᠨᠳᠦᠰᠦᠳᠡᠨ ‍ᠤ ᠲᠦᠷᠦ ᠶ᠋ᠢᠨ ᠪᠤᠳᠤᠯᠭ᠎ᠠ ᠂ ᠬᠠᠤᠯᠢ ᠴᠠᠭᠠᠵᠠ ᠬᠠᠤᠯᠢ ᠲᠦᠷᠢᠮ ‍ᠤᠨ ᠤᠬᠠᠭᠤᠯᠭ᠎ᠠ ᠭᠦᠮᠦᠵᠢᠯ ‍ᠤᠨ ᠠᠵᠢᠯ ‍ᠢ ᠰᠠᠶᠢᠳᠤᠷ ᠬᠢᠵᠤ ᠂ ᠭᠠᠴᠠᠭ᠎ᠠ ᠲᠤᠰᠬᠤᠨ ‍ᠤ 《 ᠬᠤᠶᠠᠷ ᠵᠦᠪᠯᠡᠯ 》 ‍ᠤᠨ ᠭᠡᠰᠢᠬᠦᠳ ‍ᠤᠨ ᠦᠨᠳᠦᠰᠦᠳᠡᠨ ‍ᠤ ᠠᠵᠢᠯ ‍ᠢ ᠰᠡᠶᠢᠳᠤᠷ ᠬᠢᠬᠦ ᠶ᠋ᠢᠨ ᠴᠢᠬᠤᠯᠠ ᠴᠢᠨᠡᠷ ‍ᠤᠨ ᠲᠠᠨᠢᠯᠳᠠ ᠵᠢ ᠲᠡᠭᠡᠭᠰᠢᠯᠡᠭᠦᠯᠦᠨ᠎ᠡ ᠃
      2. ᠴᠦᠭᠡᠨ ᠲᠤᠭᠠᠳᠤ ᠦᠨᠳᠦᠰᠦᠳᠡᠨ ‍ᠤ ᠤᠯᠠᠨ ᠲᠦᠮᠡᠨ ‍ᠤ ᠦᠨᠳᠦᠰᠦᠨ ᠪᠠᠶᠢᠳᠠᠯ ‍ᠢ ᠡᠵᠡᠮᠰᠢᠵᠤ ᠂ ᠴᠦᠭᠡᠨ ᠲᠤᠭᠠᠳᠤ ᠦᠨᠳᠦᠰᠦᠳᠡᠨ ‍ᠤ ᠤᠯᠠᠨ ᠲᠦᠮᠡᠨ ᠯᠤᠭᠡ ᠶ᠋ᠢᠨ ᠬᠠᠷᠢᠯᠴᠠᠭ᠎ᠠ ᠪᠡᠨ ᠴᠢᠩᠭᠠᠳᠬᠠᠵᠤ ᠂ ᠭᠠᠴᠠᠭ᠎ᠠ ᠲᠤᠰᠬᠤᠨ ‍ᠤ ᠦᠨᠳᠦᠰᠦᠳᠡᠨ ‍ᠤ ᠠᠵᠢᠯ ᠦᠷᠨᠢᠬᠦᠯᠦᠭᠰᠡᠨ ᠪᠠᠶᠢᠳᠠᠯ ᠂ ᠦᠨᠳᠦᠰᠦᠳᠡᠨ ‍ᠤ ᠠᠵᠢᠯ ‍ᠤᠨ ᠬᠠᠮᠢᠶ᠎ᠠ ᠪᠦᠬᠦᠢ ᠲᠦᠷᠦ ᠵᠢᠨ ᠪᠤᠳᠤᠯᠭ᠎ᠠ ᠵᠢ ᠭᠡᠷᠡᠭᠵᠢᠬᠦᠯᠦᠭᠰᠡᠨ ᠪᠠᠶᠢᠳᠠᠯ ᠂ ᠬᠠᠮᠢᠶᠠᠷᠤᠯᠳᠠ ᠶ᠋ᠢᠨ ᠬᠠᠤᠯᠢ ᠭᠡᠷᠡᠭᠵᠢᠬᠦᠯᠦᠭᠰᠡᠨ ᠪᠠᠶᠢᠳᠠᠯ ᠵᠡᠷᠭᠡ ᠬᠠᠮᠢᠶ᠎ᠠ  ᠪᠦᠬᠦᠢ ᠠᠵᠢᠯ ‍ᠤᠨ ᠪᠠᠶᠢᠳᠠᠯ ‍ᠢ ᠨᠡᠪᠳᠡᠷᠡᠭᠦᠯᠦᠨ᠎ᠡ᠃
      3. ᠴᠦᠭᠡᠨ ᠲᠤᠭᠠᠳᠤ ᠦᠨᠳᠦᠰᠦᠳᠡᠨ ‍ᠤ ᠤᠯᠠᠨ ᠲᠦᠮᠡᠨ ‍ᠤ ᠬᠠᠤᠯᠢ ᠶᠤᠰᠤᠨ ‍ᠤ ᠡᠷᠭᠡ ᠠᠰᠢᠭ ‍ᠢ ᠬᠠᠮᠠᠭᠠᠯᠠᠵᠤ ᠂ ᠲᠦᠷᠦ ᠶ᠋ᠢᠨ ᠪᠤᠳᠤᠯᠭ᠎ᠠ ᠪᠡ ᠬᠠᠤᠯᠢ ᠴᠠᠭᠠᠵᠠ ᠵᠢ ᠪᠠᠷᠢᠮᠳᠠᠯᠠᠵᠤ ᠂ ᠦᠨᠳᠦᠰᠦᠳᠡᠨ ‍ᠤ ᠭᠦᠷᠢᠶ᠎ᠡ ᠴᠡᠷ᠎ᠡ ᠳ᠋ᠤ ᠬᠤᠯᠪᠤᠭᠳᠠᠭᠰᠠᠨ ᠵᠦᠷᠢᠴᠡᠯ ᠵᠢᠭᠤᠷᠠᠭᠠᠨ ‍ᠢ ᠵᠤᠬᠢᠰᠳᠡᠢ ᠰᠢᠢᠳᠪᠤᠷᠢᠯᠡᠨ᠎ᠡ ᠃
      4. ᠴᠦᠭᠡᠨ ᠲᠤᠭᠠᠳᠤ ᠦᠨᠳᠦᠰᠦᠳᠡᠨ ‍ᠤ ᠭᠡᠪ ᠵᠠᠩᠰᠢᠯ ᠵᠠᠩ ᠲᠠᠳᠬᠠᠯ ‍ᠢ ᠭᠦᠨᠳᠦᠳᠭᠡᠵᠤ ᠂ ᠴᠦᠭᠡᠨ ᠲᠤᠭᠠᠳᠤ ᠦᠨᠳᠦᠰᠦᠳᠡᠨ ‍ᠤ ᠤᠯᠠᠨ ᠲᠦᠮᠡᠨ ‍ᠤ ᠰᠤᠷᠤᠯᠭ᠎ᠠ ᠂ ᠠᠵᠢᠯ ᠪᠡ ᠠᠮᠢᠳᠤᠷᠠᠯ ‍ᠢ ᠰᠠᠨᠠᠭᠠᠴᠢᠯᠠᠭ᠎ᠠ ᠲᠡᠢ ᠪᠡᠷ ᠬᠠᠯᠠᠮᠵᠢᠯᠠᠵᠤ ᠂ ᠬᠠᠮᠢᠶ᠎ᠠ ᠪᠦᠬᠦᠢ ᠰᠠᠯᠠᠭ᠎ᠠ ᠮᠦᠴᠢᠷ ᠲᠤ  ᠬᠠᠮᠵᠢᠯᠴᠠᠵᠤ ᠴᠦᠭᠡᠨ ᠲᠤᠭᠠᠳᠤ ᠦᠨᠳᠦᠰᠦᠳᠡᠨ

‍ᠤ ᠤᠯᠠᠨ ᠲᠦᠮᠡᠨ ‍ᠤ ᠪᠤᠳᠠᠳᠠᠢ ᠭᠦᠴᠢᠷᠳᠡᠯ ‍ᠢ ᠨᠢ ᠰᠢᠢᠳᠪᠤᠷᠢᠯᠡᠵᠤ ᠦᠭᠭᠦᠨ᠎ᠡ ᠃

      5. ᠬᠠᠮᠢᠶ᠎ᠠ ᠪᠦᠬᠦᠢ ᠰᠠᠯᠠᠭ᠎ᠠ ᠮᠦᠴᠢᠷ ᠲᠤ ᠬᠠᠮᠵᠢᠯᠴᠠᠵᠤ ᠴᠦᠭᠡᠨ ᠲᠤᠭᠠᠳᠤ ᠦᠨᠳᠦᠰᠦᠳᠡᠨ ‍ᠤ ᠤᠯᠠᠨ ᠲᠦᠮᠡᠨ ‍ᠤ  ᠵᠠᠬᠢᠳᠠᠯ ᠰᠤᠷᠪᠤᠯᠵᠢᠯᠠᠭ᠎ᠠ ᠶ᠋ᠢᠨ ᠠᠵᠢᠯ ‍ᠢ ᠰᠡᠶᠢᠳᠤᠷ ᠬᠢᠨ᠎ᠡ ᠃
      6. ᠴᠦᠭᠡᠨ ᠲᠤᠭᠠᠳᠤ ᠦᠨᠳᠦᠰᠦᠳᠡᠨ ‍ᠤ ᠨᠡᠭᠦᠳᠡᠯ ᠭᠦᠮᠦᠨ ᠠᠮᠠ ᠶ᠋ᠢᠨ ᠦᠢᠯᠡᠴᠢᠯᠡᠭᠡ ᠪᠡ ᠬᠠᠮᠢᠶᠠᠷᠤᠯᠳᠠ ᠶ᠋ᠢᠨ ᠠᠵᠢᠯ ‍ᠢ ᠰᠠᠶᠢᠳᠤᠷ ᠬᠢᠨ᠎ᠡ ᠃
     7. ᠰᠢᠨ᠎ᠠ ᠪᠠᠶᠢᠳᠠᠯ ᠲᠤᠤᠷᠠᠬᠢ ᠦᠨᠳᠦᠰᠦᠳᠡᠨ ‍ᠤ ᠠᠵᠢᠯ ‍ᠤᠨ ᠰᠢᠨ᠎ᠠ ᠪᠠᠶᠢᠳᠠᠯ ᠂ ᠰᠢᠨ᠎ᠡ ᠤᠨᠴᠠᠯᠢᠭ ‍ᠢ ᠭᠦᠢᠴᠡᠳ ᠲᠠᠨᠢᠵᠤ ᠂ ᠪᠤᠳᠠᠳᠠᠢ ᠪᠠᠶᠢᠳᠠᠯ ‍ᠳᠤ ᠭᠦᠨᠵᠡᠭᠡᠶᠢᠷᠡᠵᠤ ᠪᠠᠶᠢᠳᠠᠯ ‍ᠢ ᠤᠶᠢᠯᠠᠭᠠᠨ ᠂ ᠦᠨᠳᠦᠰᠦᠳᠡᠨ ‍ᠤ ᠪᠦᠯᠬᠦᠮᠳᠡᠯ ‍ᠢ ᠨᠦᠯᠦᠭᠡᠯᠡᠭᠰᠡᠨ ᠦᠵᠡᠭᠳᠡᠯ ᠪᠡ ᠢᠯᠡᠷᠡᠵᠤ ᠪᠠᠶᠢᠭ᠎ᠠ ᠠᠰᠠᠭᠤᠳᠠᠯ ‍ᠢ ᠲᠡᠷᠡ ᠲᠠᠷᠤᠢ ᠳ᠋ᠤᠨᠢ ᠰᠢᠢᠳᠪᠤᠷᠢᠯᠡᠵᠤ ᠂ ᠠᠯᠢ ᠴᠢᠳᠠᠬᠤ ᠪᠡᠷ ᠭᠠᠴᠠᠭ᠎ᠠ ᠲᠤᠰᠬᠤᠨ ‍ᠤ ᠪᠡᠨ ᠲᠤᠳᠤᠷ᠎ᠠ ᠰᠢᠢᠳᠪᠤᠷᠢᠯᠡᠨ᠎ᠡ ᠃
     8. ᠦᠨᠳᠦᠰᠦᠳᠡᠨ ‍ᠤ ᠪᠦᠯᠬᠦᠮᠳᠡᠯ ᠲᠠᠪᠰᠢᠯᠳᠡ ᠶ᠋ᠢᠨ ᠬᠠᠮᠳᠤᠷᠠᠭᠰᠠᠨ ᠬᠤᠷᠠᠯ ‍ᠢ ᠬᠤᠷᠠᠯᠳᠤᠵᠤ ᠂ ᠲᠤᠭᠳᠠᠭᠰᠠᠨ ᠬᠤᠭᠤᠴᠠᠭᠠᠨ ᠳ᠋ᠤ ᠭᠦᠳᠡᠯᠭᠡᠭᠡᠨ ᠦᠷᠨᠢᠬᠦᠯᠵᠤ ᠂ ᠴᠦᠭᠡᠨ ᠲᠤᠭᠠᠳᠤ ᠦᠨᠳᠦᠰᠦᠳᠡᠨ ‍ᠤ ᠭᠦᠮᠦᠰ ‍ᠢ ᠵᠤᠬᠢᠶᠠᠨ ᠪᠠᠶᠢᠭᠤᠯᠵᠤ ᠨᠡᠮ ‍ᠤᠨ ᠴᠢᠭᠯᠡᠯᠳᠡ ᠲᠦᠷᠦ ᠶ᠋ᠢᠨ ᠪᠤᠳᠤᠯᠭ᠎ᠠ ᠵᠢ ᠰᠤᠷᠤᠯᠴᠠᠵᠤ ᠂ ᠢᠳᠡᠭᠡᠯ  ᠢᠶᠠᠨ ᠪᠠᠳᠤ ᠪᠤᠢ ᠪᠤᠯᠭᠠᠵᠤ ᠂ ᠪᠦᠯᠭᠦᠮᠳᠡᠯ ‍ᠢ ᠴᠢᠩᠭᠠᠳᠬᠠᠨ ᠂ ᠬᠠᠮᠳᠤ ᠶ᠋ᠢᠨ ᠤᠬᠠᠮᠰᠠᠷ ‍ᠢ ᠲᠡᠭᠡᠭᠰᠢᠯᠡᠬᠦᠯᠵᠤ ᠂ ᠴᠢᠬᠤᠯᠠ ᠶᠡᠭᠡ ᠪᠠᠶᠠᠷ ᠲᠤᠷᠠᠰᠬᠠᠯ ‍ᠤᠨ ᠡᠳᠦᠷ ᠴᠦᠭᠡᠨ ᠲᠤᠭᠠᠳᠤ ᠦᠨᠳᠦᠰᠦᠳᠡᠨ ‍ᠤ ᠤᠯᠠᠨ ᠲᠦᠮᠡᠨ ‍ᠤ ᠲᠦᠯᠦᠭᠡᠯᠡᠭᠴᠢ ᠵᠢ ᠵᠤᠬᠢᠶᠠᠨ ᠪᠠᠶᠢᠭᠤᠯᠵᠤ ᠬᠠᠮᠳᠤᠷᠠᠭᠰᠠᠨ ᠭᠦᠳᠡᠯᠭᠡᠭᠡᠨ ᠦᠷᠨᠢᠬᠦᠯᠦᠨ᠎ᠡ ᠃

                                                                            ᠮᠠᠨᠳᠤᠯ᠎ᠠ ᠬᠠᠩᠭᠠᠪᠠ

ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ