ᠪ · ᠭᠡᠷᠡᠯᠲᠤ

ᠣᠩᠰᠢᠭᠰᠠᠨ ᠤᠳᠠᠭ᠎ᠠ ᠄ 10309     ᠨᠡᠶᠢᠳᠡᠯᠡᠭᠰᠡᠨ ᠴᠠᠭ ᠄ 2016/10/12 16:15:19

       ᠪ · ᠭᠡᠷᠡᠯᠲᠦ ᠪᠤᠯ ᠠᠯᠳᠠᠷᠲᠤ ᠮᠤᠡᠭᠭᠤᠯ ᠡᠷᠳᠡᠮᠲᠡᠨ ᠂ ᠨᠠᠷᠠᠲᠤ ᠤᠳᠬ᠎ᠠ ᠵᠤᠬᠢᠶᠠᠯ ᠤᠨ ᠤᠨᠤᠯᠴᠢ ᠂ ᠭᠠᠷᠮᠠᠭᠠᠢ ᠵᠤᠬᠢᠶᠠᠯᠴᠢ ᠂ ᠭᠠᠪᠢᠶᠠᠲᠤ ᠫᠸᠷᠤᠹᠢᠰᠰᠤᠷ ᠪᠠᠶᠢᠭ᠎ᠠ ᠶᠤᠮ ᠃
       ᠪ · ᠭᠡᠷᠡᠯᠲᠤ 1937 ᠤᠨ ᠤ 4 ᠰᠠᠷ᠎ᠠ ᠶ᠋ᠢᠨ 22 ᠤ ᠡᠳᠦᠷ ᠨᠡᠢᠮᠠᠨ ᠬᠤᠰᠢᠭᠤᠨ ᠤ ᠦᠯᠵᠡᠶᠢᠲᠡᠢ ᠠᠶᠢᠯ   ᠳ᠋ᠥ ᠰᠢᠪᠰᠢᠭᠤᠳ ᠤᠪᠤᠭ ᠤᠨ ᠪᠠᠯᠵᠢ ᠶ᠋ᠢᠨ ᠤᠳᠬᠤᠨ ᠬᠦᠪᠡᠭᠦᠨ ᠪᠤᠯᠵᠤ ᠵᠠᠶᠠᠭᠠᠵᠠᠢ ᠃ 1948 ᠤᠨ  ᠳ᠋ᠥ ᠨᠤᠲᠤᠭ ᠤᠨ ᠢᠶᠡᠨ ᠪᠠᠭ᠎ᠠ ᠰᠤᠷᠭᠠᠭᠤᠯᠢ  ᠳ᠋ᠥ ᠪᠢᠴᠢᠭ ᠦᠵᠡᠵᠦ ᠂ 1952 ᠤᠨ ᠡᠴᠠ 1955 ᠤᠨ ᠪᠤᠯᠲᠠᠯ᠎ᠠ  ᠲᠦᠡᠭᠯᠢᠶᠤᠤ ᠶ᠋ᠢᠨ ᠨᠢᠭᠡᠳᠦᠭᠡᠷ ᠂ ᠬᠤᠶᠠᠳᠤᠭᠠᠷ ᠳᠤᠮᠳᠠᠳᠤ ᠰᠤᠷᠭᠠᠭᠤᠯᠢ ᠳ᠋ᠥ ᠪᠢᠴᠢᠭ ᠤᠨ ᠮᠦᠷ ᠬᠦᠭᠡᠭᠡᠪᠡ ᠃ 1955 ᠤᠨ ᠡᠴᠠ 1957 ᠤᠨ ᠪᠤᠯᠲᠠᠯ᠎ᠠ ᠦᠪᠦᠷ ᠮᠤᠡᠭᠭᠤᠯ ᠤᠨ ᠮᠤᠡᠭᠭᠤᠯ ᠬᠡᠯᠨ ᠪᠢᠴᠢᠭ ᠤᠨ ᠲᠤᠰᠬᠠᠢ ᠮᠡᠷᠭᠡᠵᠢᠯ ᠤᠨ ᠰᠤᠷᠭᠠᠭᠤᠯᠢ  ᠳ᠋ᠥ ᠰᠤᠷᠤᠯᠴᠠᠪᠠ ᠃ 1957 ᠤᠨ ᠡᠴᠠ 1962 ᠤᠨ ᠪᠤᠯᠲᠠᠯ᠎ᠠ ᠦᠪᠦᠷ ᠮᠤᠡᠭᠭᠤᠯ ᠤᠨ ᠶᠡᠬᠡ ᠰᠤᠷᠭᠠᠭᠤᠯᠢ ᠶ᠋ᠢᠨ ᠮᠤᠡᠭᠭᠤᠯ ᠬᠡᠯᠨ ᠤᠳᠬ᠎ᠠ ᠵᠤᠬᠢᠶᠠᠯ ᠤᠨ ᠰᠠᠯᠪᠤᠷᠢ ᠳ᠋ᠥ ᠰᠤᠷᠤᠯᠴᠠᠵᠠᠢ ᠃ 1962 ᠤᠨ ᠡᠴᠠ ᠨᠠᠭᠠᠰᠢ ᠰᠤᠷᠭᠠᠭᠤᠯᠢ ᠳ᠋ᠠᠭᠠᠨ ᠦᠯᠡᠳᠡᠨ ᠰᠠᠯᠪᠤᠷᠢ ᠳ᠋ᠠᠭᠠᠨ ᠪᠠᠭᠰᠢᠯᠠᠭᠰᠠᠨ ᠪᠠᠶᠢᠨ᠎ᠠ ᠃ ᠤᠷᠢᠳ ᠬᠤᠵᠢᠳ ᠵᠢᠭᠠᠨ ᠰᠤᠳᠤᠯᠬᠤ ᠲᠠᠰᠤᠭ ᠤᠨ ᠳᠠᠷᠤᠭ᠎ᠠ ᠂ ᠰᠠᠯᠪᠤᠷᠢ ᠶ᠋ᠢᠨ ᠳᠡᠳ᠋ ᠡᠷᠬᠢᠯᠡᠭᠴᠢ ᠂ ᠡᠷᠬᠢᠯᠡᠭᠴᠢ ᠶ᠋ᠢᠨ ᠳᠤᠰᠢᠶᠠᠯ ᠢ ᠬᠠᠷᠢᠭᠤᠴᠠᠵᠤ ᠪᠠᠶᠢᠵᠠᠢ ᠃ 1962 ᠤᠨ  ᠳ᠋ᠥ ᠲᠤᠰᠠᠯᠠᠭᠴᠢ ᠪᠠᠭᠰᠢ ᠂ 1979 ᠤᠨ  ᠳ᠋ᠥ ᠠᠬᠠᠯᠠᠭᠴᠢ ᠪᠠᠭᠰᠢ  ᠂ 1986 ᠤᠨ  ᠳ᠋ᠥ ᠳᠡᠳ᠋ ᠫᠸᠷᠤᠹᠢᠰᠰᠤᠷ ᠂ 1990 ᠤᠨ  ᠳ᠋ᠥ ᠫᠸᠷᠤᠹᠢᠰᠰᠤᠷ ᠪᠤᠯᠵᠠᠢ ᠃ 1988 ᠤᠨ  ᠳ᠋ᠥ ᠠᠰᠫᠢᠷᠠᠡᠲ ᠤᠨ ᠵᠢᠯᠤᠭᠤᠳᠤᠭᠴᠢ ᠪᠠᠭᠰᠢ ᠂ 1995 ᠤᠨ  ᠳ᠋ᠥ ᠳ᠋ᠤᠺᠲ᠋ᠤᠷᠠᠡᠲ ᠤᠨ ᠵᠢᠯᠤᠭᠤᠳᠤᠭᠴᠢ ᠪᠠᠭᠰᠢ ᠪᠤᠯᠪᠠ ᠃
       ᠪ · ᠭᠡᠷᠡᠯᠲᠤ ᠪᠤᠯ ᠦᠪᠦᠷ ᠮᠤᠡᠭᠭᠤᠯ ᠤᠨ ᠶᠡᠬᠡ ᠰᠤᠷᠭᠠᠭᠤᠯᠢ ᠶ᠋ᠢᠨ ᠮᠤᠡᠭᠭᠤᠯ ᠰᠤᠳᠤᠯᠤᠯ ᠤᠨ ᠳᠡᠭᠡᠳᠦ ᠰᠤᠷᠭᠠᠭᠤᠯᠢ ᠶ᠋ᠢᠨ ᠤᠳᠬ᠎ᠠ ᠤᠠᠷᠠᠯᠢᠭ ᠤᠨ ᠤᠬᠠᠭᠠᠨ ᠪᠤᠯᠤᠨ ᠮᠤᠡᠭᠭᠤᠯ ᠤᠳᠬ᠎ᠠ ᠵᠤᠬᠢᠶᠠᠯ ᠤᠨ ᠤᠨᠤᠯ ᠦᠭᠦᠯᠡᠬᠦᠢ ᠶ᠋ᠢᠨ ᠡᠷᠳᠡᠮ ᠰᠢᠡᠵᠢᠯᠡᠭᠡᠨ ᠤ ᠳᠠᠭᠠᠭᠤᠯᠤᠭᠴᠢ ᠂ ᠤᠯᠤᠰ ᠤᠨ ᠶᠠᠪᠤᠳᠠᠯ ᠤᠨ ᠬᠤᠷᠢᠶᠠᠨ ᠤ ᠳᠦᠷᠪᠡᠳᠦᠭᠡᠷ ᠂ ᠲᠠᠪᠤᠳᠤᠭᠠᠷ ᠬᠤᠭᠤᠴᠠᠭᠠᠨ ᠤ ᠡᠷᠳᠡᠮ ᠤᠨ ᠴᠤᠯᠨ ᠶ᠋ᠢᠨ ᠵᠦᠪᠯᠡᠯ ᠤᠨ ᠡᠷᠳᠡᠮ ᠤᠨ ᠰᠠᠯᠠᠭᠠᠨ ᠤ ᠬᠢᠨᠡᠨ ᠲᠤᠭᠲᠠᠭᠠᠬᠤ ᠳᠤᠭᠤᠶᠢᠯᠠᠡᠭ ᠤᠨ ᠮᠡᠷᠭᠡᠵᠢᠯᠲᠡᠨ ᠪᠤᠯᠤᠨ᠎ᠠ ᠃ ᠲᠡᠷᠨ ᠪᠠᠰᠠ ᠳᠡᠯᠡᠬᠡᠢ ᠶ᠋ᠢᠨ ᠮᠤᠡᠭᠭᠤᠯ ᠰᠤᠳᠤᠯᠤᠯ ᠤᠨ ᠨᠡᠶᠢᠭᠡᠮᠯᠢᠭ ᠤᠨ ᠬᠡᠰᠢᠭᠦᠨ ᠂ ᠳᠡᠯᠡᠬᠡᠢ ᠶ᠋ᠢᠨ ᠠᠯᠲᠠᠢ ᠰᠤᠳᠤᠯᠤᠯ ᠤᠨ ᠨᠡᠶᠢᠭᠡᠮᠯᠢᠭ ᠤᠨ ᠬᠡᠰᠢᠭᠦᠨ ᠂ ᠳᠤᠮᠳᠠᠳᠤ ᠤᠯᠤᠰ ᠤᠨ ᠵᠤᠬᠢᠶᠠᠯᠴᠢᠳ ᠤᠨ ᠡᠪᠯᠡᠯ ᠤᠨ ᠬᠡᠰᠢᠭᠦᠨ ᠂ ᠳᠤᠮᠳᠠᠳᠤ ᠤᠯᠤᠰ ᠤᠨ  《 ᠤᠯᠠᠭᠠᠨ ᠠᠰᠠᠷ ᠤᠨ ᠵᠡᠭᠦᠳᠦᠨ   》 ᠢ ᠰᠤᠳᠤᠯᠬᠤ ᠨᠡᠶᠢᠭᠡᠮᠯᠢᠭ ᠤᠨ ᠬᠡᠰᠢᠭᠦᠨ ᠂ ᠳᠤᠮᠳᠠᠳᠤ ᠤᠯᠤᠰ ᠤᠨ ᠴᠦᠬᠡᠨ ᠲᠤᠭᠠᠲᠤ ᠦᠡᠳᠦᠰᠦᠲᠡᠨ ᠤ ᠤᠳᠬ᠎ᠠ ᠵᠤᠬᠢᠶᠠᠯ ᠰᠤᠳᠤᠯᠭᠠᠨ ᠤ ᠨᠡᠶᠢᠭᠡᠮᠯᠢᠭ ᠤᠨ ᠬᠡᠰᠢᠬᠦᠨ ᠂ ᠦᠪᠦᠷ ᠮᠤᠡᠭᠭᠤᠯ ᠤᠨ ᠶᠡᠬᠡ ᠰᠤᠷᠭᠠᠭᠤᠯᠢ ᠶ᠋ᠢᠨ ᠬᠤᠶᠠᠳᠤᠭᠠᠷ ᠬᠤᠭᠤᠴᠠᠭᠠᠨ ᠡᠴᠠ ᠲᠠᠪᠤᠳᠤᠭᠠᠷ ᠬᠤᠭᠤᠴᠠᠭ᠎ᠠ ᠬᠦᠷᠲᠡᠯᠡᠬᠢ ᠡᠷᠳᠡᠮ ᠰᠢᠡᠵᠢᠯᠡᠭᠡᠨ ᠤ ᠵᠦᠪᠯᠡᠯ ᠂ ᠬᠤᠶᠠᠳᠤᠭᠠᠷ ᠬᠤᠭᠤᠴᠠᠭᠠᠨ ᠡᠴᠠ ᠨᠠᠢᠮᠠᠳᠤᠭᠠᠷ ᠬᠤᠭᠤᠴᠠᠭ᠎ᠠ ᠬᠦᠷᠲᠡᠯᠡᠬᠢ ᠴᠤᠯᠨ ᠲᠤᠭᠲᠠᠭᠠᠬᠤ ᠵᠦᠪᠯᠡᠯ ᠤᠨ ᠬᠡᠰᠢᠭᠦᠨ ᠂ ᠮᠤᠡᠭᠭᠤᠯ ᠰᠤᠳᠤᠯᠤᠯ ᠤᠨ ᠳᠡᠭᠡᠳᠦ ᠰᠤᠷᠭᠠᠭᠤᠯᠢ ᠶ᠋ᠢᠨ ᠡᠷᠳᠡᠮ ᠰᠢᠡᠵᠢᠯᠡᠭᠡᠨ ᠤ ᠵᠦᠪᠯᠡᠯ ᠤᠨ ᠲᠡᠷᠢᠭᠦᠯᠡᠭᠴᠢ ᠶ᠋ᠢᠨ ᠳᠤᠰᠢᠶᠠᠯ ᠢ ᠬᠠᠷᠢᠭᠤᠴᠠᠵᠤ ᠦᠡᠭᠭᠡᠷᠡᠪᠡ ᠃
       ᠪ · ᠭᠡᠷᠡᠯᠲᠤ ᠳᠡᠭᠡᠳᠦ ᠰᠤᠷᠭᠠᠭᠤᠯᠢ ᠶ᠋ᠢᠨ ᠬᠢᠴᠢᠶᠡᠯ ᠬᠦᠮᠦᠵᠢᠯ ᠂ ᠡᠷᠳᠡᠮ ᠰᠢᠡᠵᠢᠯᠡᠭᠡᠨ ᠤ ᠠᠵᠢᠯ  ᠳ᠋ᠥ ᠲᠠᠪᠢ ᠰᠢᠬᠠᠮ ᠵᠢᠯ ᠮᠠᠬᠠᠷᠠᠨ ᠵᠢᠳᠭᠦᠵᠤ ᠶᠠᠪᠤᠬᠤ ᠳ᠋ᠠᠭᠠᠨ ᠤᠳᠬ᠎ᠠ ᠤᠷᠠᠯᠢᠭ ᠤᠨ ᠤᠨᠤᠯ ᠂ ᠮᠤᠡᠭᠭᠤᠯ ᠤᠳᠬ᠎ᠠ ᠵᠤᠬᠢᠶᠠᠯ ᠤᠨ ᠤᠨᠤᠯ ᠦᠭᠦᠯᠡᠬᠦᠢ ᠂ ᠮᠤᠡᠭᠭᠤᠯ ᠤᠳᠬ᠎ᠠ ᠵᠤᠬᠢᠶᠠᠯ ᠤᠨ ᠰᠤᠳᠤᠯᠤᠯ ᠂ ᠴᠢᠳᠠᠪᠤᠷᠢᠲᠠᠨ ᠬᠦᠮᠦᠵᠢᠭᠦᠯᠬᠦ ᠵᠢᠴᠢ ᠵᠤᠬᠢᠶᠠᠨ ᠪᠦᠲᠦᠭᠡᠯᠭᠡ ᠵᠡᠷᠭᠡ ᠲᠠᠯ᠎ᠠ ᠪᠠᠷ ᠠᠯᠢ ᠤᠯᠠᠨ ᠬᠢᠯᠠᠯᠵᠠᠭᠰᠠᠨ ᠠᠮᠵᠢᠯᠲᠠ ᠤᠯᠵᠠᠢ ᠃
       ᠪ · ᠭᠡᠷᠡᠯᠲᠤ ᠪᠤᠯ ᠨᠡᠷ᠎ᠡ ᠨᠢᠳᠡᠷ ᠲᠡᠬᠡᠨ ᠨᠡᠶᠢᠴᠡᠭᠰᠡᠨ ᠨᠡᠷᠡᠲᠤ ᠰᠠᠶᠢᠨ ᠪᠠᠭᠰᠢ ᠮᠦᠨ ᠃ ᠬᠠᠭᠠᠰ ᠵᠢᠯ ᠤᠨ ᠲᠤᠷᠰᠢ ᠂ ᠲᠡᠷᠨ ᠵᠢᠡᠭᠭᠢᠨᠢ ᠠᠡᠭᠭᠢ ᠶ᠋ᠢᠨ ᠤᠶᠤᠲᠠᠨ ᠂ ᠠᠰᠫᠢᠷᠠᠡᠲ ᠂ ᠳ᠋ᠤᠺᠲ᠋ᠤᠷᠠᠡᠲ  ᠳ᠋ᠥ《 ᠮᠤᠡᠭᠭᠤᠯ ᠦᠡᠳᠦᠰᠦᠲᠡᠨ ᠤ ᠤᠷᠠᠨ ᠵᠤᠬᠢᠶᠠᠯ ᠤᠨ ᠲᠡᠤᠬᠡ 》 ᠂ 《 ᠮᠠᠤ ᠽᠸ ᠳ᠋ᠦᠡᠭ ᠤᠨ ᠤᠳᠬ᠎ᠠ ᠤᠷᠠᠯᠢᠭ ᠤᠨ ᠦᠵᠡᠯ ᠰᠠᠨᠠᠭ᠎ᠠ 》 ᠂ 《 ᠮᠠᠷᠺᠠᠰ ᠤᠨ ᠦᠵᠡᠯ ᠰᠠᠨᠠᠭᠠᠨ ᠤ ᠤᠳᠬ᠎ᠠ ᠤᠷᠠᠯᠢᠭ ᠤᠨ ᠤᠨᠤᠯ 》 ᠂ 《 ᠤᠳᠬ᠎ᠠ ᠵᠤᠬᠢᠶᠠᠯ ᠤᠨ ᠤᠨᠤᠯ 》 ᠂ 《 ᠲᠡᠤᠬᠡᠨ ᠳ᠋ᠠᠬᠢ ᠮᠤᠡᠭᠭᠤᠯ ᠦᠡᠳᠦᠰᠦᠲᠡᠨ ᠤ ᠤᠨᠤᠯ ᠦᠭᠦᠯᠡᠭᠦᠢ 》 ᠂ 《 ᠮᠤᠡᠭᠭᠤᠯ ᠤᠳᠬ᠎ᠠ ᠵᠤᠬᠢᠶᠠᠯ ᠤᠨ ᠰᠤᠳᠤᠯᠤᠯ ᠪᠠ ᠰᠡᠳᠬᠢᠬᠦᠢ ᠶ᠋ᠢᠨ ᠤᠬᠠᠭᠠᠨ 》 ᠂ 《 ᠮᠤᠡᠭᠭᠤᠯ ᠤᠨᠤᠯ ᠦᠭᠦᠯᠡᠬᠦᠢ ᠪᠤᠯᠤᠨ ᠰᠤᠳᠤᠯᠤᠯ ᠤᠨ ᠰᠡᠳᠤᠪ 》 ᠂ 《 ᠤᠳᠬ᠎ᠠ ᠵᠤᠬᠢᠶᠠᠯ ᠤᠨ ᠤᠨᠤᠯ ᠪᠤᠯᠤᠨ ᠬᠢᠴᠢᠶᠡᠯ ᠤᠨ ᠪᠢᠴᠢᠭ ᠤᠨ ᠰᠤᠳᠤᠯᠤᠯ 》 ᠵᠡᠷᠭᠡ ᠤᠯᠠᠨ ᠲᠦᠷᠦᠯ ᠤᠨ ᠰᠠᠭᠤᠷᠢ ᠬᠢᠴᠢᠶᠡᠯ ᠂ ᠲᠤᠰᠬᠠᠢ ᠮᠡᠷᠭᠡᠵᠢᠯ ᠤᠨ ᠬᠢᠴᠢᠶᠡᠯ ᠪᠤᠯᠤᠨ ᠡᠷᠳᠡᠮ ᠤᠨ ᠴᠤᠯᠨ ᠶ᠋ᠢᠨ ᠬᠢᠴᠢᠶᠡᠯ ᠵᠢᠭᠠᠪᠠ ᠃ ᠰᠡᠭᠦᠯ ᠤᠨ ᠬᠤᠷᠢ ᠰᠢᠬᠠᠮ ᠵᠢᠯ  ᠳ᠋ᠥ ᠤᠯᠤᠰ ᠤᠨ ᠳᠤᠲᠤᠭᠠᠳᠤ ᠶ᠋ᠢᠨ ᠤᠯᠠᠨ ᠳᠡᠭᠡᠳᠦ ᠰᠤᠷᠭᠠᠭᠤᠯᠢ ᠳ᠋ᠣ ᠮᠤᠡᠭᠭᠤᠯ ᠤᠳᠬ᠎ᠠ ᠵᠤᠬᠢᠶᠠᠯ ᠂ ᠮᠤᠡᠭᠭᠤᠯ ᠤᠨᠤᠯ ᠦᠭᠦᠯᠡᠬᠦᠢ ᠂ ᠮᠤᠡᠭᠭᠤᠯ ᠬᠢᠲᠠᠳ ᠤᠷᠠᠨ ᠵᠤᠬᠢᠶᠠᠯ ᠤᠨ ᠬᠠᠷᠢᠴᠠᠭ᠎ᠠ ᠪᠤᠯᠤᠨ ᠮᠤᠡᠭᠭᠤᠯ ᠲᠦᠪᠡᠳ ᠤᠷᠠᠨ ᠵᠤᠬᠢᠶᠠᠯ ᠤᠨ ᠬᠠᠷᠢᠴᠠᠭᠠᠨ ᠤ ᠳᠤᠬᠠᠢ ᠡᠷᠳᠡᠮ ᠰᠢᠡᠵᠢᠯᠡᠭᠡᠨ ᠤ ᠬᠢᠴᠢᠶᠡᠯ ᠤᠷᠤᠪᠠ ᠃ ᠮᠤᠡᠭᠭᠤᠯ ᠂ ᠶᠠᠫᠤᠨ ᠵᠡᠷᠭᠡ ᠤᠯᠤᠰ ᠲᠤ ᠮᠤᠡᠭᠭᠤᠯ ᠦᠡᠳᠦᠰᠦᠲᠡᠨ ᠤ ᠡᠬᠡ ᠬᠡᠯᠡᠨ ᠤ ᠤᠷᠠᠨ ᠵᠤᠬᠢᠶᠠᠯ ᠪᠤᠯᠤᠨ ᠡᠬᠡ ᠬᠡᠯᠡᠨ ᠤ ᠪᠤᠰᠤ ᠤᠷᠠᠨ ᠵᠤᠬᠢᠶᠠᠯ ᠤᠨ ᠲᠤᠰᠬᠠᠢ ᠮᠡᠷᠭᠡᠵᠢᠯ ᠤᠨ ᠬᠢᠴᠢᠶᠡᠯ ᠤᠷᠤᠪᠠ ᠃ ᠬᠢᠴᠢᠶᠡᠯ ᠬᠦᠮᠦᠵᠢᠯ ᠤᠨ ᠶᠠᠪᠤᠴᠠ  ᠳ᠋ᠥ ᠤᠯᠠᠨ ᠲᠦᠷᠦᠯ ᠤᠨ ᠬᠢᠴᠢᠶᠡᠯ ᠤᠨ ᠪᠢᠴᠢᠭ ᠪᠤᠯᠤᠨ ᠵᠢᠭᠠᠬᠤ ᠮᠠᠲ᠋ᠸᠷᠢᠶᠠᠯ ᠤᠨ ᠬᠠᠪᠰᠤᠷᠤᠮᠵᠢ ᠨᠠᠶᠢᠷᠠᠭᠤᠯᠤᠭᠰᠠᠨ ᠪᠠᠶᠢᠨ᠎ᠠ ᠃ ᠴᠢᠯᠠᠭᠤ ᠫᠸᠷᠤᠹᠢᠰᠰᠤᠷ ᠲᠠᠢ ᠬᠠᠮᠲᠤᠷᠠᠨ ᠨᠠᠶᠢᠷᠠᠭᠤᠯᠤᠭᠰᠨᠨ 《 ᠤᠳᠬ᠎ᠠ ᠵᠤᠬᠢᠶᠠᠯ ᠤᠨ ᠤᠨᠤᠯ ᠤᠨ ᠬᠤᠷᠢᠶᠠᠡᠭᠭᠤᠢ 》 ᠨᠢ 1992 ᠤᠨ  ᠳ᠋ᠥ ᠬᠤᠶᠠᠳᠤᠭᠠᠷ ᠬᠤᠭᠤᠴᠠᠭᠠᠨ ᠤ ᠪᠦᠬᠦ ᠤᠯᠤᠰ ᠤᠨ ᠡᠡᠭ ᠤᠨ ᠳᠡᠭᠡᠳᠦ ᠰᠤᠷᠭᠠᠭᠤᠯᠢ ᠶ᠋ᠢᠨ ᠰᠢᠯᠢᠳᠡᠭ ᠬᠢᠴᠢᠶᠡᠯ ᠤᠨ ᠪᠢᠴᠢᠭ ᠢᠶᠠᠷ ᠱᠠᠡᠭᠨᠠᠭᠳᠠᠵᠠᠢ ᠃ ᠰᠤᠷᠭᠠᠨ ᠬᠦᠮᠦᠵᠢᠯ ᠤᠨ ᠶᠡᠮᠤᠨ ᠲᠤᠰ ᠨᠤᠮ ᠢ ᠪᠦᠬᠦ ᠤᠯᠤᠰ ᠤᠨ ᠡᠡᠭ ᠤᠨ ᠳᠡᠭᠡᠳᠦ ᠰᠤᠷᠭᠠᠭᠤᠯᠢ ᠶ᠋ᠢᠨ 《 ᠠᠷᠪᠠᠳᠤᠭᠠᠷ ᠲᠠᠪᠤᠨ ᠵᠢᠯ ᠤᠨ ᠲᠦᠯᠦᠪᠯᠡᠭᠡᠨ ᠤ ᠤᠯᠤᠰ ᠤᠨ ᠳᠡᠰ ᠤᠨ ᠬᠢᠴᠢᠶᠡᠯ ᠤᠨ ᠪᠢᠴᠢᠭ 》 ᠢᠶᠠᠷ ᠳᠤᠭᠲᠠᠭᠠᠪᠠ ᠃
        ᠪ · ᠭᠡᠷᠡᠯᠲᠦ ᠪᠤᠯ ᠤᠯᠤᠰ ᠤᠨ ᠳᠤᠲᠤᠭᠠᠲᠤ ᠭᠠᠳᠠᠭᠠᠳᠤ  ᠳ᠋ᠥ ᠨᠡᠷ᠎ᠡ ᠬᠦᠡᠳᠦ ᠲᠠᠢ ᠠᠯᠳᠠᠷᠲᠤ ᠮᠤᠡᠭᠭᠤᠯᠴᠢ ᠡᠷᠳᠡᠮᠲᠡᠨ ᠃ ᠲᠡᠷᠨ ᠪᠠᠷ ᠳᠡᠭᠡᠷ᠎ᠡ ᠵᠠᠭᠤᠨ ᠤ ᠳᠠᠯᠠᠭᠠᠳ ᠤᠨ ᠤ ᠡᠬᠢᠨ  ᠳ᠋ᠥ ᠬᠠᠰᠪᠤ᠋ ᠶ᠋ᠢᠨ ᠴᠤᠬᠤᠯᠠᠨ ᠤᠷᠴᠢᠭᠤᠯᠤᠭᠰᠠᠨ 《 ᠬᠤᠡᠭ ᠯᠸᠤ ᠮᠸᠡᠭ ᠪᠢᠴᠢᠭ 》 ᠢ ᠢᠯᠡᠷᠡᠭᠦᠯᠵᠦ ᠂ ᠲᠡᠭᠦᠨ ᠢ 《 ᠤᠯᠠᠭᠠᠨ ᠠᠰᠠᠷ ᠤᠨ ᠵᠡᠭᠦᠳᠦ 》 ᠭᠡᠬᠦ ᠨᠡᠷ᠎ᠡ ᠪᠠᠷ ᠬᠡᠪᠯᠡᠭᠦᠯᠦᠭᠰᠡᠨ ᠡᠴᠠ ᠨᠠᠭᠠᠰᠢ 《 ᠮᠤᠡᠭᠭᠤᠯ ᠵᠤᠬᠢᠶᠠᠯᠴᠢᠳ ᠤᠨ ᠰᠢᠭᠦᠮᠵᠢ ᠦᠭᠦᠯᠡᠯ 》 ᠂ 《 ᠨᠢᠳᠤᠨ ᠢ ᠪᠠᠶᠠᠰᠬᠠᠭᠴᠢ ᠰᠤᠪᠤᠳ ᠤᠨ ᠤᠡᠵᠢᠯᠭ᠎ᠠ 》 ᠂ 《 ᠰᠤᠭᠤ ᠶ᠋ᠢᠨ ᠨᠤᠭᠤᠭ᠎ᠠ 》 ᠂ 《 ᠮᠤᠡᠭᠭᠤᠯ ᠤᠷᠠᠨ ᠵᠤᠬᠢᠶᠠᠯ ᠤᠨ ᠤᠨᠤᠯ ᠦᠬᠦᠯᠡᠬᠦᠢ ᠶ᠋ᠢᠨ ᠦᠪ ᠱᠦᠭᠦᠯᠲᠠ 》 ᠂ 《 ᠮᠤᠡᠭᠭᠤᠯ ᠤᠷᠲᠤ ᠰᠢᠯᠦᠭᠡᠰ 》 ᠂ 《 ᠴᠢᠬᠢᠨ᠎ᠡ ᠳᠠᠭᠤᠷᠢᠰᠬᠤᠢ ᠴᠠᠭᠠᠨ ᠯᠠᠪᠠᠢ ᠶ᠋ᠢᠨ ᠳᠠᠭᠤᠨ 》 ᠵᠡᠷᠭᠡ ᠤᠳᠬ᠎ᠠ ᠵᠤᠬᠢᠶᠠᠯ ᠂ ᠤᠨᠤᠯ ᠰᠤᠳᠤᠯᠭᠠᠨ ᠤ ᠰᠠᠭᠤᠷᠢ ᠮᠠᠲ᠋ᠸᠷᠢᠶᠠᠯ ᠢ ᠬᠡᠪᠯᠡᠭᠦᠯᠵᠦ ᠂ 《 ᠮᠤᠡᠭᠭᠤᠯ ᠵᠤᠬᠢᠶᠠᠯ ᠤᠨ ᠤᠨᠤᠯ ᠤᠨ ᠴᠢᠮᠡᠭ 》 ᠂ 《 ᠮᠤᠡᠭᠭᠤᠯ ᠵᠤᠬᠢᠶᠠᠯ ᠤᠨ ᠤᠨᠤᠯ ᠦᠭᠦᠯᠡᠬᠦᠢ ᠶ᠋ᠢᠨ ᠲᠡᠤᠬᠡᠨ ᠰᠢᠡᠵᠢᠯᠡᠭᠡ 》 ᠂ 《 ᠵᠤᠬᠢᠶᠠᠨ ᠲᠤᠭᠤᠷᠪᠢᠬᠤ ᠶᠤᠰᠤᠨ 》 ᠂ 《 ᠪᠢᠯᠢᠭ ᠤᠨ ᠬᠤᠷ᠎ᠠ 》 ᠂ 《 ᠮᠤᠡᠭᠭᠤᠯ ᠤᠳᠬ᠎ᠠ ᠵᠤᠬᠢᠶᠠᠯ ᠤᠨ ᠰᠤᠳᠤᠯᠭᠠᠨ ᠤ ᠦᠬᠦᠯᠡᠯ ᠤᠳ 》 ᠵᠡᠷᠭᠡ ᠡᠷᠳᠡᠮ ᠰᠢᠡᠵᠢᠯᠡᠭᠡᠨ ᠤ ᠵᠤᠬᠢᠶᠠᠯ ᠪᠦᠲᠦᠭᠡᠯ ᠬᠡᠪᠯᠡᠭᠦᠯᠦᠨ ᠂ ᠨᠦᠯᠦᠭᠡ ᠶᠡᠬᠡᠲᠡᠢ ᠤᠷᠤᠨ ᠤ ᠳᠤᠲᠤᠨ᠎ᠠ ᠭᠠᠳᠠᠨᠠᠬᠢ ᠰᠤᠨᠢᠨ ᠰᠡᠳᠭᠦᠯ   ᠳ᠋ᠥ 65 ᠬᠤᠪᠢ ᠡᠷᠳᠡᠮ ᠰᠢᠡᠵᠢᠯᠡᠭᠡᠨ ᠤ ᠦᠬᠦᠯᠡᠯ ᠰᠢᠭᠦᠮᠵᠢ ᠨᠡᠶᠢᠲᠡᠯᠡᠭᠦᠯᠵᠦ ᠂ ᠮᠤᠡᠭᠭᠤᠯ ᠤᠳᠬ᠎ᠠ ᠵᠤᠬᠢᠶᠠᠯ ᠤᠨ ᠤᠨᠤᠯ ᠦᠬᠦᠯᠡᠬᠦᠢ ᠶ᠋ᠢᠨ ᠰᠢᠡᠵᠢᠯᠡᠬᠡᠨ ᠤ ᠰᠠᠯᠠᠭᠠᠨ ᠤ ᠬᠦᠭᠵᠢᠯᠲᠡ  ᠳ᠋ᠥ ᠶᠡᠬᠡᠬᠡᠨ ᠵᠢᠳᠭᠦᠯ ᠦᠵᠡᠭᠦᠯᠪᠡ ᠃ ᠲᠡᠷᠨ ᠪᠠᠰᠠ ᠡᠷᠳᠡᠮ ᠰᠢᠡᠵᠢᠯᠡᠭᠡᠨ ᠤ ᠦᠨᠡᠲᠦ ᠪᠦᠲᠦᠭᠡᠯ ᠪᠤᠯᠬᠤ 《 ᠮᠤᠡᠭᠭᠤᠯ ᠰᠤᠳᠤᠯᠤᠯ ᠤᠨ ᠨᠡᠪᠲᠡᠷᠬᠡᠢ ᠲᠤᠯᠢ ( ᠤᠳᠬ᠎ᠠ ᠵᠤᠬᠢᠶᠠᠯ ᠤᠨ ᠪᠤᠳᠢ ) 》 ᠶ᠋ᠢ ᠤᠯᠤᠰ ᠤᠨ ᠳᠤᠲᠤᠭᠠᠳᠤ ᠭᠠᠳᠠᠭᠠᠳᠤ ᠶ᠋ᠢᠨ ᠵᠠᠭᠤᠭᠠᠳ ᠡᠷᠳᠡᠮᠲᠡᠳ ᠢ ᠳᠠᠶᠢᠴᠢᠯᠠᠵᠦ ᠤᠯᠠᠨ ᠲᠠᠯ᠎ᠠ ᠶ᠋ᠢᠨ ᠬᠦᠴᠦᠨ ᠢ ᠵᠤᠬᠢᠴᠠᠭᠤᠯᠤᠨ ᠪᠠᠶᠢᠵᠦ ᠭᠤᠤᠯᠯᠠᠨ ᠨᠠᠶᠢᠷᠠᠭᠤᠯᠵᠤ ᠬᠡᠪᠯᠡᠭᠦᠯᠦᠭᠰᠡᠨ ᠪᠠᠶᠢᠨ᠎ᠠ ᠃
       ᠪ · ᠭᠡᠷᠡᠯᠲᠤ ᠪᠠᠭᠰᠢ ᠪᠤᠯ ᠪᠦᠲᠦᠭᠡᠯ ᠤᠯᠠᠡᠲᠠᠢ ᠲᠤᠭᠤᠵᠢᠰ ᠨᠠᠶᠢᠷᠠᠭᠤᠯᠤᠯ ᠤᠨ ᠭᠠᠷᠮᠠᠭᠠᠢ ᠵᠤᠬᠢᠶᠠᠯᠴᠢ ᠶᠤᠮ ᠃ ᠲᠡᠭᠦᠨ ᠤ ᠲᠤᠭᠤᠷᠪᠢᠭᠰᠠᠨ ᠲᠤᠭᠤᠵᠢ 《 ᠮᠤᠡᠭᠭᠤᠯᠵᠢᠨ ᠠᠪᠤ᠋ 》 ᠂ ᠨᠠᠶᠢᠷᠠᠭᠤᠯᠤᠯ 《 ᠠᠯᠲᠠᠨ ᠬᠢᠡᠭᠭᠠᠨ 》 ᠵᠡᠷᠭᠡ ᠠᠯᠢ ᠤᠯᠠᠨ ᠤᠷᠠᠨ ᠪᠦᠲᠦᠭᠡᠯ ᠨᠢ ᠤᠡᠭᠰᠢᠭᠴᠢᠳ ᠤᠨ ᠳᠤᠮᠳᠠ ᠦᠷᠭᠡᠨ ᠨᠦᠯᠦᠭᠡ ᠲᠤᠰᠬᠠᠯ ᠲᠠᠢ ᠪᠠᠶᠢᠳᠠᠭ ᠃ ᠲᠡᠷᠨ 《 ᠨᠠᠷᠨ ᠮᠠᠡᠳᠤᠬᠤᠶ᠎ᠠ 》 ᠂ 《 ᠠᠯᠲᠠᠨ ᠬᠢᠡᠭᠭᠠᠨ 》 ᠂ 《 ᠭᠠᠯᠲᠠᠢ ᠴᠤᠭᠲᠠᠢ ᠬᠦᠮᠦᠰ 》 ᠂ 《 ᠨᠠᠷᠨ ᠲᠠᠢ ᠭᠠᠵᠠᠷ ᠵᠠᠮ ᠦᠷᠭᠡᠨ 》 ᠂ 《 ᠪ · ᠭᠡᠷᠡᠯᠲᠦ ᠶ᠋ᠢᠨ ᠤᠷᠠᠨ ᠵᠤᠬᠢᠶᠠᠯ ᠤᠨ ᠰᠤᠡᠭᠭᠤᠮᠠᠯ 》 ᠂ 《 ᠬᠡᠤᠬᠡᠳ ᠤᠨ ᠤᠷᠠᠨ ᠵᠤᠬᠢᠶᠠᠯ ᠤᠨ ᠰᠤᠡᠭᠭᠤᠮᠠᠯ 》 ᠵᠡᠷᠭᠡ ᠤᠷᠠᠨ ᠵᠤᠬᠢᠶᠠᠯ ᠤᠨ ᠲᠡᠭᠦᠪᠤᠷᠢ ᠠᠷᠪᠠᠨ ᠪᠤᠳᠢ ᠬᠡᠪᠯᠡᠭᠦᠯᠪᠡ ᠃ ᠲᠡᠷᠨ ᠪᠠᠰ 《 ᠱᠠᠺᠢᠰᠪᠸᠷ ᠤᠨ ᠰᠢ ᠵᠦᠴᠦᠭᠡ ᠶ᠋ᠢᠨ ᠦᠯᠢᠭᠡᠷ ᠤᠳ 》 ᠂ 《 ᠰᠢᠶᠤᠤ ᠴᠢᠶᠡᠨ ᠤ ᠨᠠᠶᠢᠷᠠᠭᠤᠯᠤᠯ ᠤᠨ ᠰᠤᠡᠭᠭᠤᠮᠠᠯ 》 ᠪᠤᠯᠤᠨ ᠸᠠᠡᠭ ᠴᠤᠤ ᠸᠸᠨ ᠤ 《 ᠭᠤᠸ᠎ᠠ ᠵᠦᠢ ᠶ᠋ᠢᠨ ᠤᠨᠤᠯ ᠤᠨ ᠤᠳᠤᠷᠢᠳᠬᠠᠯ 》 ᠵᠡᠷᠭᠡ ᠭᠠᠳᠠᠭᠠᠳᠤ ᠳᠤᠲᠤᠭᠠᠳᠤ ᠶ᠋ᠢᠨ ᠰᠤᠡᠭᠭᠤᠳᠠᠭ ᠪᠦᠲᠦᠭᠡᠯ ᠨᠥᠭᠥᠳ ᠢ ᠤᠷᠴᠢᠭᠤᠯᠤᠭᠰᠠᠨ ᠪᠢᠯᠨ ᠃
      ᠪ · ᠭᠡᠷᠡᠯᠲᠤ ᠪᠤᠯ ᠮᠦᠡᠴᠦ ᠬᠢᠴᠢᠶᠡᠯ ᠬᠦᠮᠦᠵᠢᠯ ᠂ ᠡᠷᠳᠡᠮ ᠰᠢᠡᠵᠢᠯᠡᠭᠡᠨ ᠂ ᠵᠠᠰᠠᠭ ᠵᠠᠬᠢᠷᠭᠠᠨ ᠤ ᠰᠢᠯᠭᠠᠷᠠᠭᠰᠠᠨ ᠬᠠᠷᠢᠭᠤᠴᠠᠯᠭᠠᠲᠠᠨ ᠶᠤᠮ ᠃ ᠲᠡᠷᠨ ᠤᠷᠲᠤ ᠬᠤᠭᠤᠴᠠᠭᠠᠨ ᠤ ᠲᠤᠷᠰᠢ ᠮᠤᠡᠭᠭᠤᠯ ᠬᠡᠯᠨ ᠤᠳᠬ᠎ᠠ ᠵᠤᠬᠢᠶᠠᠯ ᠤᠨ ᠰᠠᠯᠪᠤᠷᠢ ᠶ᠋ᠢᠨ ᠡᠷᠬᠢᠯᠡᠭᠴᠢ ᠶ᠋ᠢᠨ ᠳᠤᠰᠢᠶᠠᠯ ᠬᠠᠷᠢᠭᠤᠴᠠᠵᠤ ᠪᠠᠶᠢᠭᠰᠠᠨ ᠬᠤᠭᠤᠴᠠᠭᠠᠨ ᠳ᠋ᠠᠭᠠᠨ ᠡᠯ᠎ᠡ ᠵᠦᠢᠯ ᠤᠨ ᠳᠦᠷᠢᠮ ᠳᠤᠭᠲᠠᠭᠠᠯ ᠢ ᠲᠦᠪ ᠬᠢᠴᠢᠶᠡᠡᠭᠭᠦᠢ ᠲᠤᠭᠲᠠᠭᠠᠵᠤ ᠂ ᠡᠯ᠎ᠡ ᠲᠦᠷᠦᠯ ᠳᠡᠰ ᠤᠨ ᠬᠢᠴᠢᠶᠡᠯ ᠬᠦᠮᠦᠵᠢᠯ ᠤᠨ ᠲᠦᠯᠦᠪᠯᠡᠭᠡ ᠶ᠋ᠢ ᠨᠠᠷᠢᠨ ᠨᠢᠮᠪᠠᠢ ᠲᠤᠭᠲᠠᠭᠠᠵᠤ ᠂ ᠰᠠᠯᠪᠤᠷᠢ ᠶ᠋ᠢᠨ ᠪᠦᠬᠦ ᠲᠠᠯ᠎ᠠ ᠶ᠋ᠢᠨ ᠪᠦᠲᠦᠭᠡᠨ ᠪᠠᠶᠢᠭᠤᠯᠤᠯᠲᠠ ᠂ ᠲᠤᠰᠬᠠᠢ ᠮᠡᠷᠭᠡᠵᠢᠯ ᠤᠨ ᠪᠦᠲᠦᠭᠡᠨ ᠪᠠᠶᠢᠭᠤᠯᠤᠯᠲᠠ ᠂ ᠡᠷᠳᠡᠮ ᠰᠢᠡᠵᠢᠯᠡᠭᠡᠨ ᠤ ᠰᠠᠯᠠᠭᠠᠨ ᠤ ᠪᠦᠲᠦᠭᠡᠨ ᠪᠠᠶᠢᠭᠤᠯᠤᠯᠲᠠ ᠪᠤᠯᠤᠨ ᠡᠷᠳᠡᠮ ᠤᠨ ᠴᠤᠯᠨ ᠬᠠᠮᠠᠭᠠᠯᠠᠯᠲᠠ ᠶ᠋ᠢᠨ ᠪᠦᠲᠦᠭᠡᠨ ᠪᠠᠶᠢᠭᠤᠯᠤᠯᠲᠠ ᠶ᠋ᠢ ᠴᠢᠡᠭᠭ᠎ᠠ ᠠᠳᠬᠤᠵᠤ ᠂ ᠮᠤᠡᠭᠭᠤᠯ ᠬᠡᠯᠡᠨ ᠤ ᠰᠠᠯᠪᠤᠷᠢ ᠪᠠᠨ ᠪᠦᠷᠢᠨ ᠲᠦᠬᠦᠷ ᠂ ᠤᠯᠠᠨ ᠲᠡᠭᠲᠡᠷᠯᠢᠭ ᠲᠠᠢ ᠂ ᠡᠷᠳᠡᠮ ᠰᠢᠡᠵᠢᠯᠡᠭᠡᠨ ᠤ ᠰᠠᠯᠠᠭ᠎ᠠ ᠨᠡᠯᠢᠶᠡᠳ ᠪᠦᠷᠢᠨ ᠲᠡᠭᠦᠯᠳᠡᠷ ᠂ ᠡᠷᠳᠡᠮ ᠰᠢᠡᠵᠢᠯᠡᠭᠡᠨ ᠤ ᠳᠠᠪᠠᠭᠤᠯᠢᠭ ᠨᠡᠯᠢᠶᠡᠳ ᠲᠤᠳᠤ ᠳᠤᠪᠤᠭᠤᠷ ᠦᠡᠳᠦᠰᠦᠲᠡᠨ ᠤ ᠳᠡᠭᠡᠳᠦ ᠵᠡᠷᠭᠡ ᠶ᠋ᠢᠨ ᠰᠤᠷᠭᠠᠨ ᠬᠦᠮᠦᠵᠢᠯ ᠤᠨ ᠰᠢᠰᠲ᠋ᠸᠮ ᠢ ᠪᠦᠷᠢᠯᠳᠦᠭᠦᠯᠦᠭᠰᠡᠨ ᠰᠠᠯᠪᠤᠷᠢ ᠪᠤᠯᠭᠠᠭᠰᠠᠨ ᠪᠠᠶᠢᠨ᠎ᠠ ᠃ ᠳᠤᠯᠤᠳᠤᠭᠠᠷ ᠲᠠᠪᠤᠨ ᠵᠢᠯ ᠤᠨ ᠲᠦᠯᠦᠪᠯᠡᠭᠡᠨ ᠤ ᠬᠤᠭᠤᠴᠠᠭ᠎ᠠ ᠪᠤᠯᠤᠨ ᠨᠠᠢᠮᠠᠳᠤᠭᠠᠷ ᠲᠠᠪᠤᠨ ᠵᠢᠯ ᠤᠨ ᠲᠦᠯᠦᠪᠯᠡᠭᠡᠨ ᠤ ᠬᠤᠭᠤᠴᠠᠭᠠᠨ᠎ᠠ ᠂ ᠮᠤᠡᠭᠭᠤᠯ ᠬᠡᠯᠨᠨ ᠤ ᠰᠠᠯᠪᠤᠷᠢ ᠨᠢ ᠪᠦᠬᠦ ᠤᠷᠤᠨ ᠤ ᠦᠡᠳᠦᠰᠦᠲᠡᠨ ᠤ ᠰᠤᠷᠭᠠᠨ ᠬᠦᠮᠦᠵᠢᠯ ᠤᠨ ᠲᠡᠷᠢᠬᠦᠨ ᠤ ᠨᠢᠭᠡᠴᠡ ᠪᠠᠷ ᠰᠤᠡᠭᠭᠤᠭᠳᠠᠪᠠ ᠃ 1988 ᠤᠨ ᠳ᠋ᠣ ᠰᠤᠷᠭᠠᠨ ᠬᠦᠮᠦᠵᠢᠯ ᠤᠨ ᠶᠠᠮᠤᠨ ᠡᠴᠠ ᠦᠪᠦᠷ ᠮᠤᠡᠭᠭᠤᠯ ᠤᠨ ᠶᠡᠬᠡ ᠰᠤᠷᠭᠠᠭᠤᠯᠢ ᠶ᠋ᠢᠨ ᠮᠤᠡᠭᠭᠤᠯ ᠬᠡᠯᠨ ᠤᠳᠬ᠎ᠠ ᠵᠤᠬᠢᠶᠠᠯ ᠤᠨ ᠡᠷᠳᠡᠮ ᠰᠢᠡᠵᠢᠯᠡᠭᠡᠨ ᠤ ᠰᠠᠯᠠᠭ᠎ᠠ ᠶ᠋ᠢ ᠪᠦᠬᠦ ᠤᠯᠤᠰ ᠤᠨ ᠭᠤᠤᠯᠳᠠᠯᠭ᠎ᠠ ᠲᠠᠢ ᠡᠷᠳᠡᠮ ᠰᠢᠡᠵᠢᠯᠡᠭᠡᠨ ᠤ ᠰᠠᠯᠠᠭ᠎ᠠ ᠪᠤᠯᠬᠤ ᠶ᠋ᠢ ᠬᠢᠨᠡᠨ ᠵᠦᠪᠰᠢᠶᠡᠷᠡᠭᠰᠡᠨ ᠪᠠᠶᠢᠨ᠎ᠠ ᠃ ᠪ · ᠭᠡᠷᠡᠯᠲᠤ ᠦᠪᠡᠰᠦᠪᠡᠨ 1985 ᠤᠨ  ᠳ᠋ᠥ ᠦᠪᠦᠷ ᠮᠤᠡᠭᠭᠤᠯ ᠤᠨ ᠶᠡᠭᠡ ᠰᠤᠷᠭᠠᠭᠤᠯᠢ ᠶ᠋ᠢᠨ ᠠᠡᠭᠬᠠᠳᠤᠭᠠᠷ ᠬᠤᠭᠤᠴᠠᠭᠠᠨ ᠤ ᠬᠢᠴᠢᠶᠡᠯ ᠵᠢᠭᠠᠵᠤ ᠬᠦᠮᠦᠨ ᠬᠦᠮᠦᠵᠢᠭᠦᠯᠦᠭᠰᠡᠨ ᠰᠢᠯᠢᠳᠡᠭ ᠪᠠᠭᠰᠢ ᠪᠠᠷ ᠱᠠᠡᠭᠨᠠᠭᠳᠠᠵᠤ ᠂ 1993 ᠤᠨ  ᠳ᠋ᠥ ᠤᠯᠤᠰ ᠤᠨ ᠶᠠᠪᠤᠳᠠᠯ ᠤᠨ ᠬᠤᠷᠢᠶᠠᠨ ᠤ ᠵᠠᠰᠠᠭ ᠤᠨ ᠭᠠᠵᠠᠷ ᠤᠨ ᠤᠡᠴᠠᠭᠠᠢ ᠳᠡᠳᠭᠦᠮᠵᠢ ᠬᠦᠷᠲᠡᠵᠦ ᠂ 1995 ᠤᠨ ᠳ᠋ᠣ ᠦᠪᠦᠷ ᠮᠤᠡᠭᠭᠤᠯ ᠤᠨ ᠦᠪᠡᠷᠲᠡᠭᠡᠨ ᠵᠠᠰᠠᠬᠤ ᠤᠷᠤᠨ ᠤ ᠦᠡᠳᠦᠰᠦᠲᠡᠨ ᠤ ᠰᠤᠷᠭᠠᠨ ᠬᠦᠮᠦᠵᠢᠯ ᠤᠨ ᠲᠡᠷᠢᠬᠦᠨ ᠤ ᠠᠵᠢᠯᠲᠠᠨ ᠢᠶᠠᠷ ᠰᠤᠡᠭᠭᠤᠭᠳᠠᠵᠤ ᠂2007 ᠤᠨ  ᠳ᠋ᠥ ᠰᠤᠷᠭᠠᠭᠤᠯᠢ ᠪᠠᠶᠢᠭᠤᠯᠤᠭᠳᠠᠭᠰᠠᠨ ᠲᠠᠪᠢᠨ ᠵᠢᠯ ᠤᠨ ᠤᠢ  ᠳ᠋ᠥ 《 ᠳᠤᠪᠤᠶᠢᠮ᠎ᠠ ᠵᠢᠳᠭᠦᠯᠲᠠᠨ ᠤᠨ ᠱᠠᠡᠭᠨᠠᠯ 》 ᠬᠦᠷᠲᠡᠭᠰᠡᠨ ᠪᠢᠯᠨ ᠃
        ᠪ · ᠭᠡᠷᠡᠯᠲᠤ ᠶ᠋ᠢᠨ ᠡᠷᠳᠡᠮ ᠰᠢᠡᠵᠢᠯᠡᠭᠡ ᠂ ᠬᠢᠴᠢᠶᠡᠯ ᠬᠦᠮᠦᠵᠢᠯ ᠪᠤᠯᠤᠨ ᠵᠤᠬᠢᠶᠠᠨ ᠪᠦᠲᠦᠭᠡᠯᠭᠡ ᠶ᠋ᠢᠨ ᠲᠠᠯ᠎ᠠ ᠪᠠᠷ ᠬᠢ ᠨᠦᠯᠦᠭᠡ ᠲᠤᠰᠬᠠᠯ ᠦᠡᠳᠦᠰᠦᠲᠡᠨ ᠪᠠ ᠤᠯᠤᠰ ᠤᠨ ᠬᠢᠵᠠᠭᠠᠷ ᠢ ᠳᠠᠪᠠᠵᠤ ᠪᠦᠬᠦ ᠤᠯᠤᠰ ᠪᠦᠬᠦ  ᠳᠠᠯᠡᠭᠡᠢ  ᠳ᠋ᠥ ᠴᠦᠮ ᠠᠯᠳᠠᠷᠰᠢᠭᠰᠠᠨ ᠶᠤᠮ ᠃
ᠢᠷᠡᠯᠳᠡ᠄ 《 ᠨᠠᠢᠮᠠᠨ ᠤ ᠰᠤᠳᠤᠨ ᠮᠤᠩᠭᠤᠯᠴᠤᠳ》 ᠬᠡᠬᠦ ᠨᠤᠮ ᠡᠴᠠ ᠨᠠᠶᠢᠷᠠᠭᠤᠯᠤᠭᠴᠢ᠄ ᠪᠤᠤ ᠵᠢᠨ ᠯᠢᠶᠠᠨ