ᠪᠦᠬᠡᠵᠢᠷᠦᠬᠡ

ᠣᠩᠰᠢᠭᠰᠠᠨ ᠤᠳᠠᠭ᠎ᠠ ᠄ 9182     ᠨᠡᠶᠢᠳᠡᠯᠡᠭᠰᠡᠨ ᠴᠠᠭ ᠄ 2016/10/12 16:09:57

          ᠠᠯᠳᠠᠷᠲᠤ ᠮᠤᠡᠭᠭᠤᠯ ᠡᠮᠴᠢ ᠪᠦᠬᠡᠵᠢᠷᠦᠬᠡ 1902 ᠤᠨ ᠤ ᠪᠢᠯᠢᠭ ᠤᠨ ᠤᠯᠠᠷᠢᠯ ᠤᠨ 9 ᠰᠠᠷ᠎ᠠ ᠶ᠋ᠢᠨ 9 ᠤ ᠡᠳᠦᠷ ᠤᠳᠤ ᠶ᠋ᠢᠨ ᠦᠪᠦᠷ ᠮᠤᠡᠭᠭᠤᠯ ᠤᠨ ᠨᠠᠢᠮᠠᠨ ᠬᠤᠰᠢᠭᠤᠨ ᠤ ᠡᠮᠦᠨ᠎ᠡ ᠬᠡᠰᠡᠭ ᠤᠨ ᠳ᠋ᠠᠳᠠᠢ ᠠᠶᠢᠯ ᠤᠨ ᠲᠠᠷᠢᠶᠠᠴᠢᠨ ᠨᠠᠰᠤᠡᠡᠤᠷᠲᠤ ᠶ᠋ᠢᠨ ᠳᠦᠷᠪᠡᠳᠦᠬᠡᠷ ᠬᠦᠪᠡᠭᠦᠨ ᠪᠤᠯᠵᠦ ᠵᠠᠶᠠᠭᠠᠵᠠᠢ ᠃ ᠲᠤᠯᠤᠭᠠᠨ ᠨᠠᠰᠤᠨ ᠡᠴᠠ ᠪᠠᠨ ᠮᠠᠡᠵᠦ ᠮᠤᠡᠭᠭᠤᠯ ᠪᠢᠴᠢᠭ ᠰᠤᠷᠴᠤ ᠂ ᠠᠷᠪᠠᠨ ᠵᠢᠷᠭᠤᠭᠠᠲᠠᠢ ᠳ᠋ᠠᠭᠠᠨ ᠲᠤᠰ ᠬᠤᠰᠢᠭᠤᠨ ᠤ ᠰᠤᠪᠤᠷᠭᠠᠨ ᠰᠦᠮ᠎ᠡ  ᠳ᠋ᠥ ᠤᠴᠢᠵᠦ ᠲᠦᠪᠡᠳ ᠨᠤᠮ ᠰᠤᠷᠬᠤ ᠶ᠋ᠢᠨ ᠳᠠᠭᠠᠤ ᠮᠤᠡᠭᠭᠤᠯ ᠡᠮ ᠡᠮᠨᠡᠯᠭᠡ ᠰᠤᠷᠴᠠᠢ ᠃ ᠬᠤᠷᠢᠨ ᠭᠤᠷᠪᠠᠲᠠᠢ ᠨᠤᠲᠤᠭ ᠲᠠᠭᠠᠨ ᠪᠤᠴᠠᠵᠤ ᠂ 《 ᠡᠮ ᠤᠨ ᠦᠭᠯᠢᠭᠡᠴᠢ 》 ᠠᠯᠳᠠᠷ ᠲᠠᠢ ᠪᠤᠶᠠᠡᠲᠤ ᠡᠮᠴᠢ ᠡᠴᠠ ᠦᠷᠭᠦᠯᠵᠢᠯᠡᠨ ᠮᠤᠡᠭᠭᠤᠯ ᠡᠮ ᠡᠮᠨᠡᠯᠭᠡ ᠰᠤᠷᠪᠠ ᠃ ᠬᠤᠷᠢᠨ ᠲᠠᠪᠤᠨ ᠨᠠᠰᠤᠨ ᠡᠴᠠ ᠪᠠᠨ ᠡᠮᠴᠢᠯᠡᠭᠡᠨ ᠤ ᠠᠵᠢᠯ ᠬᠢᠵᠠᠢ ᠃ 1948 ᠤᠨ  ᠳ᠋ᠥ ᠲᠤᠰ ᠬᠤᠰᠢᠭᠤᠨ ᠤ ᠵᠢᠷᠭᠤᠳᠤᠭᠠᠷ ᠨᠤᠲᠤᠭ ᠤᠨ ᠡᠮᠨᠡᠯᠭᠡ ᠶ᠋ᠢᠨ ᠬᠤᠯᠪᠤᠭᠠᠲᠤ ᠨᠡᠶᠢᠭᠡᠮᠯᠢᠭ ᠤᠨ ᠳᠠᠷᠤᠭ᠎ᠠ ᠶ᠋ᠢᠨ ᠳᠤᠰᠢᠶᠠᠯ ᠬᠠᠷᠢᠭᠤᠴᠠᠪᠠ ᠃ 1951 ᠤᠨ  ᠳ᠋ᠥ ᠨᠤᠲᠤᠭ ᠲᠠᠭᠠᠨ ᠨᠤᠲᠤᠭ ᠤᠨ ᠡᠮᠴᠢ ᠶ᠋ᠢᠨ ᠬᠠᠮᠲᠤᠷᠠᠨ ᠡᠮᠴᠢᠯᠡᠬᠦ ᠭᠠᠵᠠᠷ ᠪᠠᠶᠢᠭᠤᠯᠬᠤ ᠠᠵᠢᠯ  ᠳ᠋ᠥ ᠭᠤᠤᠯᠯᠠᠨ ᠤᠷᠤᠯᠴᠠᠵᠠᠢ ᠃ 1956 ᠤᠨ  ᠳ᠋ᠥ  ᠨᠠᠢᠮᠠᠨ ᠬᠤᠰᠢᠭᠤᠨ ᠤ ᠮᠤᠡᠭᠭᠤᠯ ᠡᠮᠨᠡᠯᠭᠡ ᠶ᠋ᠢᠨ ᠬᠤᠷᠢᠶᠠᠨ ᠤ ᠳᠡᠳ᠋ ᠳᠠᠷᠤᠭ᠎ᠠ ᠶ᠋ᠢᠨ ᠳᠤᠰᠢᠶᠠᠯ ᠬᠠᠷᠢᠭᠤᠴᠠᠪᠠ ᠃ 1958 ᠤᠨ ᠤ ᠳᠤᠯᠤᠭᠠᠨ ᠰᠠᠷ᠎ᠠ ᠶ᠋ᠢᠨ 8 ᠤ ᠡᠳᠦᠷ ᠳᠠᠷᠢᠬᠢᠨ ᠡᠪᠡᠳᠴᠢᠨ ᠢᠶᠠᠷ ᠨᠠᠰᠤ ᠪᠠᠷᠠᠪᠠ ᠃
 ᠪᠦᠬᠡᠵᠢᠷᠦᠬᠡ ᠰᠢᠷ᠎ᠠ ᠬᠢᠵᠢᠭ ᠂ ᠭᠡᠳᠡᠰᠦᠨ ᠬᠢᠵᠢᠭ ᠂ ᠬᠦᠪᠳᠦᠷᠤᠤ ᠬᠢᠵᠢᠭ ᠂ ᠳᠠᠷᠢᠬᠢᠨ ᠬᠠᠳᠬᠤᠯᠭ᠎ᠠ ᠂ ᠲᠠᠮᠪᠤᠤ ᠮᠡᠲᠤ ᠶ᠋ᠢᠨ ᠡᠪᠡᠳᠴᠢᠨ ᠢ ᠡᠮᠴᠢᠯᠡᠬᠦ ᠳ᠋ᠡᠬᠡᠨ ᠴᠢᠳᠠᠮᠠᠭᠠᠢ ᠪᠠᠷ ᠦᠯᠦ ᠪᠠᠷᠠᠨ ᠶᠡᠷ᠎ᠡ ᠂ ᠬᠤᠤᠷᠲᠤ ᠬᠠᠪᠤᠳᠠᠷ ᠢ ᠡᠮ ᠵᠠᠰᠠᠯ ᠢ ᠤᠶᠠᠯᠳᠤᠭᠤᠯᠤᠨ ᠭᠠᠷᠮᠠᠭᠠᠢ ᠪᠠᠷ ᠵᠠᠰᠠᠳᠠᠭ ᠃ ᠪᠦᠬᠡᠵᠢᠷᠦᠬᠡ ᠡᠮᠴᠢᠯᠡᠵᠦ ᠪᠠᠶᠢᠭᠰᠠᠨ ᠬᠤᠭᠤᠴᠠᠭᠠᠨ ᠳ᠋ᠠᠭᠠᠨ ᠲᠤᠭ᠎ᠠ ᠦᠭᠡᠢ ᠤᠯᠠᠨ ᠡᠪᠡᠳᠴᠢᠲᠡᠨ ᠢ ᠵᠠᠰᠠᠨ ᠡᠷᠡᠭᠦᠯᠵᠢᠭᠦᠯᠵᠦ ᠂ ᠡᠷᠡᠭᠦᠯ ᠰᠠᠷᠠᠭᠤᠯ ᠶᠠᠪᠤᠬᠤ ᠶ᠋ᠢᠨ ᠵᠢᠷᠭᠠᠯ ᠢ ᠡᠳ᠋ᠯᠡᠭᠦᠯᠦᠭᠰᠡᠨ ᠶᠤᠮ ᠃
       ᠲᠠᠷᠨ ᠪᠠᠰᠠ ᠮᠤᠡᠭᠭᠤᠯ ᠂ ᠮᠠᠡᠵᠦ ᠂ ᠲᠦᠪᠡᠳ ᠂ ᠬᠢᠲᠠᠳ ᠪᠢᠴᠢᠭ ᠲᠤ ᠴᠠᠭᠠᠷᠠᠭᠰᠠᠨ ᠪᠦᠭᠡᠳ 《 ᠡᠮᠴᠢᠯᠡᠭᠡᠨ ᠤ ᠲᠤᠷᠰᠢᠯᠭᠠᠲᠤ ᠵᠤᠷ —— ᠭᠠᠳᠠᠷ ᠵᠤᠷ 》 ᠂ 《 ᠤᠡᠴᠠᠭᠠᠢ ᠡᠪᠡᠳᠴᠢᠨ ᠢ ᠡᠮᠴᠢᠯᠡᠭᠰᠡᠨ ᠲᠡᠮᠳᠡᠭᠯᠡᠯ 》 ( ᠮᠤᠡᠭᠭᠤᠯ ᠂ ᠮᠠᠡᠵᠦ ᠂ ᠲᠦᠪᠡᠳ ᠬᠡᠯᠨ ᠬᠠᠪᠰᠤᠷᠭᠠᠭᠰᠠᠨ ᠭᠠᠷ ᠪᠢᠴᠢᠮᠠᠯ ) ᠂ 《 ᠵᠤᠷ ᠤᠨ ᠡᠮᠬᠢᠳᠭᠡᠯ ᠪᠠ ᠵᠢᠷᠤᠬᠠᠢ ᠶ᠋ᠢᠨ ᠤᠬᠠᠭᠠᠨ ᠤ ᠳᠤᠬᠠᠢ ᠪᠢᠴᠢᠭᠰᠡᠨ 《 ᠡᠰᠢ ᠰᠠᠯᠠᠭ᠎ᠠ ᠨᠡᠶᠢᠯᠡᠭᠰᠡᠨ ᠠᠷᠪᠠᠨ ᠭᠠᠶᠢᠬᠠᠮᠰᠢᠭᠲᠤ ᠳᠤᠭᠲᠠᠭᠠᠯ 》 ᠵᠡᠷᠭᠡ ᠲᠤᠰᠬᠠᠢ ᠪᠦᠲᠦᠭᠡᠯ ᠲᠠᠢ ᠶᠤᠮ ᠃ ᠲᠡᠭᠦᠨ ᠤ ᠵᠤᠷ ᠤᠨ ᠡᠮᠬᠢᠳᠭᠡᠯ  ᠳ᠋ᠥ ᠮᠢᠬ᠎ᠠ ᠲᠦᠷᠦᠭᠦᠯᠬᠦ ᠡᠮ ᠤᠨ ᠵᠤᠷ ᠂ ᠬᠠᠪᠤᠳᠠᠷ ᠶᠡᠷ᠎ᠡ ᠶ᠋ᠢᠨ ᠨᠠᠭᠠᠯᠲᠠ ᠡᠮ ᠤᠨ ᠵᠤᠷ ᠂ ᠨᠢᠳᠤᠨ ᠡᠮ ᠤᠨ ᠵᠤᠷ ᠵᠡᠷᠭᠡ ᠮᠠᠰᠢ ᠬᠡᠷᠡᠭᠴᠡᠭᠡ ᠲᠠᠢ ᠵᠤᠷ ᠨᠣᠭᠣᠳ ᠡᠮᠬᠢᠳᠭᠡᠭᠳᠡᠭᠰᠡᠨ ᠪᠠᠶᠢᠨ᠎ᠠ ᠃
       ᠪᠦᠬᠡᠵᠢᠷᠦᠬᠡ ᠪᠠᠰᠠ ᠨᠤᠮ ᠤᠡᠭᠰᠢᠵᠦ ᠨᠤᠮ ᠬᠠᠳᠠᠭᠠᠯᠠᠬᠤ ᠪᠠᠬ᠎ᠠ ᠲᠠᠢ ᠪᠤᠯᠬᠤᠷ ᠮᠠᠰᠢ ᠤᠯᠠᠨ ᠭᠠᠷ ᠪᠢᠴᠢᠮᠠᠯ ᠤᠨ ᠮᠤᠡᠭᠭᠤᠯ ᠲᠦᠪᠡᠳ ᠨᠤᠮ ᠰᠤᠳᠤᠷ ᠬᠠᠳᠠᠭᠠᠯᠠᠵᠤ ᠪᠠᠶᠢᠵᠠᠢ ᠃ ᠲᠡᠳᠡᠭᠡᠷ ᠲᠡᠷᠭᠡ ᠪᠠᠷ ᠲᠡᠭᠡᠭᠡᠴᠤ ᠬᠡᠳᠤᠨ ᠲᠡᠷᠬᠡ ᠬᠡᠷᠡᠭᠰᠡᠬᠦ ᠬᠤᠪᠤᠷ ᠴᠤᠬᠠᠭ ᠨᠤᠮ ᠰᠤᠳᠤᠷ ᠤᠨ ᠬᠢᠨᠢ ᠴᠦᠬᠡᠬᠡᠨ ᠬᠡᠳᠦᠨ ᠠᠷᠪᠠᠨ ᠳᠡᠪᠲᠠᠷ ᠨᠢ ᠮᠠᠰᠢ ᠵᠦᠴᠦᠭᠡᠯᠢᠭ ᠴᠢᠨᠠᠷ ᠲᠠᠢ ᠪᠠᠷ ᠴᠦᠪ ᠤᠨ ᠴᠠᠭ ᠤᠨ ᠠᠶᠤᠯ ᠲᠤᠭᠤᠯᠵᠤ ᠬᠡᠤᠬᠡᠳ ᠤᠨ ᠬᠢᠨᠢ ᠭᠠᠷ ᠲᠤ ᠦᠯᠡᠳᠡᠭᠳᠡᠭᠰᠡᠨ ᠪᠠᠶᠢᠨ᠎ᠠ ᠃
 ᠪᠦᠬᠡᠵᠢᠷᠦᠬᠡ ᠶ᠋ᠢᠨ ᠨᠠᠮᠲᠠᠷ ᠬᠢᠭᠡᠳ ᠵᠤᠷ ‍ᠤᠨ ᠡᠮᠬᠢᠳᠭᠡᠯ ᠨᠢ 《 ᠮᠤᠡᠭᠭᠤᠯ ᠤᠲᠠᠴᠢ ᠶ᠋ᠢᠨ ᠪᠢᠯᠢᠭ ‍ᠤᠨ ᠴᠢᠭᠤᠯᠭᠠᠨ 》 ᠳ᠋ᠤ ᠲᠡᠭᠦᠪᠦᠷᠢᠯᠡᠭᠳᠡᠵᠦ ᠠᠬᠠᠮᠠᠳ ᠦᠶ᠎ᠡ ᠠᠯᠲᠠᠷᠲᠤ ᠮᠤᠡᠭᠭᠤᠯ ᠡᠮᠴᠢ ᠨᠠᠷ ‍ᠤᠨ ᠡᠡᠭᠨᠡᠭᠡᠨ ᠳ᠋ᠤ ᠨᠡᠷ᠎ᠡ ᠪᠠᠨ ᠵᠢᠭᠰᠠᠭᠠᠭᠰᠠᠨ ᠪᠠᠶᠢᠭ᠎ᠠ ᠶᠤᠮ ᠃
ᠢᠷᠡᠯᠳᠡ᠄ 《 ᠨᠠᠢᠮᠠᠨ ᠤ ᠰᠤᠳᠤᠨ ᠮᠤᠩᠭᠤᠯᠴᠤᠳ》 ᠬᠡᠬᠦ ᠨᠤᠮ ᠡᠴᠠ ᠨᠠᠶᠢᠷᠠᠭᠤᠯᠤᠭᠴᠢ᠄ ᠪᠤᠤ ᠵᠢᠨ ᠯᠢᠶᠠᠨ