ᠨᠠᠢᠮᠠᠨ ᠬᠣᠰᠢᠭᠣᠨ ‍ᠤ ᠣᠳᠬ᠎ᠠ ᠵᠣᠬᠢᠶᠠᠯ ᠣᠷᠠᠯᠢᠭ ‍ᠤᠨ ᠰᠢᠨ᠎ᠡ ᠪᠦᠳᠣᠭᠡᠯ ᠲᠠᠰᠣᠷᠠᠯᠳᠠ ᠦᠬᠡᠢ ᠴᠣᠯᠭᠣᠷᠠᠨ ᠭᠠᠷᠴᠣ ᠪᠠᠶᠢᠨ᠎ᠠ

ᠣᠩᠰᠢᠭᠰᠠᠨ ᠤᠳᠠᠭ᠎ᠠ ᠄ 6775     ᠨᠡᠶᠢᠳᠡᠯᠡᠭᠰᠡᠨ ᠴᠠᠭ ᠄ 2016/5/31 8:59:43

      ᠨᠠᠢᠮᠠᠨ ᠬᠣᠰᠢᠭᠣᠨ ‍ᠤ ᠣᠯᠠᠭᠠᠨᠮᠦ᠋ᠴᠢᠷ 《 ᠨᠣᠭᠣᠨᠵᠠᠶᠠᠭ᠎ᠠ 》 ᠶ᠋ᠢᠨ ᠦᠯᠢᠬᠡᠷ ᠪᠡᠷ ᠰᠡᠳᠣᠪ ᠪᠣᠯᠭᠠᠵᠣ ᠂ ᠨᠢᠬᠡ ᠪᠦᠯᠣᠭ᠌ ᠦᠨᠳᠣᠰᠣᠳᠡᠨ ‍ᠤ ᠣᠨᠴᠠᠯᠢᠭ ᠢᠶᠠᠷ ᠦᠳᠭᠡᠨ ᠠᠷᠠᠳ ‍ᠤᠨ ᠵᠠᠡᠭ ᠵᠠᠡᠭᠰᠢᠯ ᠢᠶᠠᠷ ᠡᠯᠪᠡᠭ  ᠪᠠᠶᠠᠯᠢᠭ ᠮᠣᠡᠭᠭᠣᠯ ᠵᠦᠴᠣᠭᠡ ‍ᠢ ᠵᠣᠬᠢᠶᠠᠨ ᠪᠦᠳᠣᠭᠡᠵᠣ ᠪᠠᠶᠢᠨ᠎ᠠ ᠃ ᠣᠳᠬ᠎ᠠ  ᠵᠣᠬᠢᠶᠠᠯ ᠣᠷᠠᠯᠢᠭ ‍ᠤᠨ ᠲᠣᠰᠬᠠᠢ ᠵᠣᠬᠢᠶᠠᠯᠴᠢᠳ ᠦᠨᠳᠣᠰᠣᠨ ᠱᠠᠳᠣᠨ ᠳ᠋ᠥ ᠬᠦᠨᠵᠡᠬᠡᠶᠢᠷᠡᠵᠣ ᠂ 《ᠠᠷᠪᠠ ᠶ᠋ᠢ ᠪᠦᠷᠬᠦᠬᠦᠯᠬᠦ 》 ᠢᠨᠵᠸᠨ᠋ᠸᠷᠢᠡᠭ ᠲᠠᠢ ᠣᠶᠠᠯᠳᠣᠭᠣᠯᠣᠨ ᠡᠷᠣᠭᠡ ᠳ᠋ᠥ ᠂  ᠪᠣᠳᠠᠳᠣ ᠪᠠᠶᠢᠳᠠᠯ ᠳ᠋ᠥ ᠣᠶᠢᠷᠠᠳᠴᠣ ᠂ ᠠᠮᠢᠳᠣᠷᠠᠯ ᠳ᠋ᠥ ᠣᠶᠢᠷᠠᠳᠴᠣ  ᠂ ᠣᠯᠠᠨ ᠲᠦᠮᠡᠨ ᠲᠠᠢ  ᠣᠶᠢᠷᠠᠳᠬᠦ ᠵᠠᠷᠴᠢᠮ ‍ᠢ ᠪᠠᠷᠢᠮᠳᠠᠯᠠᠵᠣ ᠂ 《ᠲᠦᠷᠪᠡᠨ ᠪᠦᠬᠦ ᠲᠠᠯ᠎ᠠ 》 ᠶ᠋ᠢᠨ ᠱᠠᠭᠠᠷᠳᠠᠯᠭ᠎ᠠ ᠶᠣᠰᠣᠭᠠᠷ ᠂ ᠣᠷᠣᠨ ᠨᠣᠳᠣᠭ ‍ᠤᠨ ᠣᠨᠴᠠᠯᠢᠭ ᠂ ᠴᠠᠭ ᠦᠶ᠎ᠡ ᠶ᠋ᠢᠨ ᠣᠨᠴᠠᠯᠢᠭ ᠂ ᠡᠷᠡᠬᠦᠯ ᠴᠢᠬᠢᠷᠠᠭ ᠦᠬᠡᠳᠡᠯᠡᠯᠳᠡ ᠲᠠᠪᠰᠢᠯᠳᠠ ᠲᠠᠢ  ᠵᠠᠭᠣᠭᠠᠳ ᠬᠣᠪᠢ ᠲᠠᠭᠣᠤ ᠶ᠋ᠢᠨ ᠦᠬᠡ ᠂ ᠲᠠᠭᠣᠤ ᠂ ᠪᠦᠵᠢᠭ ᠂ ᠱᠣᠭ ᠶᠠᠷᠢᠶ᠎ᠠ ᠂ ᠪᠠᠭ᠎ᠠ ᠵᠦᠴᠣᠭᠡ ᠂ ᠦᠯᠢᠬᠡᠷ ᠬᠣᠯᠪᠣᠭ᠎ᠠ ᠵᠡᠷᠭᠡ ᠮᠣᠡᠭᠭᠣᠯ ᠨᠣᠳᠣᠭ ‍ᠤᠨ ᠣᠳᠬ᠎ᠠ ᠣᠷᠠᠯᠢᠭ ‍ᠤᠨ ᠪᠦᠳᠣᠭᠡᠯ ‍ᠢ ᠭᠠᠷᠭᠠᠵᠡᠢ ᠃ ᠬᠦᠳᠡᠭᠡ ᠲᠣᠰᠬᠣᠨ ᠮᠠᠯᠵᠢᠬᠣ ᠣᠷᠣᠨ ‍ᠤ ᠠᠷᠠᠳ ᠲᠦᠮᠡᠨ ‍ᠤ ᠵᠠᠡᠭ ᠵᠠᠡᠭᠰᠢᠯ ‍ᠤᠨ ᠠᠣᠭ᠎ᠠ ᠶᠡᠭᠡ ᠬᠣᠪᠢᠷᠠᠯᠳᠠ ᠂ ᠬᠦᠳᠡᠭᠡ ᠨᠣᠳᠣᠭ ‍ᠤᠨ ᠲᠦᠷᠰᠣ ᠪᠠᠶᠢᠳᠠᠯ ᠂ ᠣᠯᠠᠨ ᠲᠦᠮᠡᠨ ‍ᠤ ᠦᠢᠯᠡᠳᠪᠣᠷᠢᠯᠡᠯ ᠠᠮᠢᠳᠣᠷᠠᠯ ‍ᠤᠨ ᠲᠡᠭᠷᠢ ᠭᠠᠵᠠᠷ ‍ᠤᠨ ᠬᠣᠪᠢᠷᠠᠯᠳᠠ ᠪᠠ ᠰᠡᠳᠬᠢᠯ ᠬᠦᠳᠡᠯᠬᠡᠮ᠎ᠡ  ᠬᠦᠮᠣᠰ ‍ᠤᠨ ᠦᠢᠯᠡ ᠶᠠᠪᠣᠳᠠᠯ ‍ᠢ ᠭᠣᠣᠯᠳᠠᠯᠭ᠎ᠠ ᠲᠠᠢ ᠪᠡᠷ ᠮᠠᠭᠳᠠᠨ ᠲᠠᠭᠣᠯᠠᠵᠡᠢ ᠃ ᠬᠠᠮᠳᠣ ᠨᠢ ᠪᠣᠢ ᠪᠦᠬᠦᠢ ᠵᠣᠬᠢᠶᠠᠯ ᠪᠦᠳᠣᠭᠡᠯ  ‍ᠢ ᠲᠡᠭᠰᠢᠳᠭᠡᠨ ᠰᠢᠯᠢᠨ  ᠰᠣᠡᠭᠭᠣᠵᠣ ᠂ 《 ᠰᠢᠯᠢᠳᠡᠭ ᠵᠣᠬᠢᠶᠠᠯ ‍ᠤᠨ ᠰᠣᠡᠭᠭᠣᠮᠠᠯ 》 ᠬᠡᠮᠡᠬᠦ ᠲᠡᠪᠳᠡᠷ ᠨᠠᠶᠢᠷᠠᠭᠣᠯᠣᠨ ᠡᠯ᠎ᠡ ᠰᠣᠶᠣᠯ ‍ᠤᠨ ᠦᠷᠳᠡᠭᠡ ᠂ ᠰᠣᠶᠣᠯ ‍ᠤᠨ ᠲᠠᠰᠣᠭ  ᠂ ᠲᠠᠯ᠎ᠠ ᠨᠣᠳᠣᠭ ‍ᠤᠨ ᠨᠣᠮ ‍ᠤᠨ ᠦᠷᠣᠭᠡ ᠳ᠋ᠣ ᠲᠠᠷᠬᠠᠭᠠᠨ ᠦᠷᠭᠡᠨ ᠣᠯᠠᠨ ᠮᠠᠯᠴᠢᠨ ᠲᠠᠷᠢᠶᠠᠴᠢᠳ ᠲᠤ ᠣᠡᠭᠰᠢᠭᠣᠯᠵᠣ ᠪᠠᠶᠢᠨ᠎ᠠ ᠃ ᠬᠠᠮᠣᠭ ᠰᠢᠯᠢᠳᠡᠭ ᠣᠷᠠᠯᠢᠭ ‍ᠤᠨ ᠪᠦᠳᠣᠭᠡᠯ ‍ᠢ ᠨᠢ ᠣᠯᠠᠭᠠᠨᠮᠦ᠋ᠴᠢᠷ ᠪᠠ ᠠᠷᠠᠳ ‍ᠤᠨ ᠣᠷᠠᠯᠢᠭ ‍ᠤᠨ ᠪᠦᠯᠬᠦᠮ ᠦᠨᠳᠣᠰᠣᠨ ᠱᠠᠳᠣᠨ ᠳ᠋ᠥ ᠲᠣᠭᠯᠠᠯᠳᠠ ᠭᠠᠷᠭᠠᠨ ᠦᠵᠡᠬᠦᠯᠵᠣ ᠪᠠᠶᠢᠨ᠎ᠠ ᠃ ᠰᠢᠯᠢᠳᠡᠭ ᠪᠦᠳᠣᠭᠡᠯ ‍ᠤᠨ  ᠣᠬᠠᠭᠣᠯᠣᠯᠲᠠᠶᠢᠴᠢᠯᠠᠯᠳᠠ ᠪᠡᠷ ᠲᠡᠮᠵᠢᠭᠣᠯᠵᠣ ᠂ ᠬᠦᠳᠡᠭᠡ ᠲᠣᠰᠬᠣᠨ ‍ᠤ ᠫᠸᠣᠳᠠᠯ ‍ᠤᠨ ᠮᠠᠭᠣ ᠵᠠᠡᠭ ᠲᠠᠳᠬᠠᠯ ᠂ ᠬᠡᠪ ᠰᠣᠷᠳᠠᠯ ‍ᠢ ᠦᠬᠡᠷᠡᠴᠢᠯᠡᠬᠦ ᠳ᠋ᠥ ᠰᠣᠷᠭᠠᠨ ᠬᠦᠮᠣᠵᠢᠬᠦᠯᠬᠦ ᠦᠢᠯᠡᠳᠣᠯ ᠦᠵᠡᠬᠦᠯᠵᠡᠢ ᠃ ᠣᠳᠣᠬᠠᠨ ᠳ᠋ᠥ ᠵᠣᠬᠢᠶᠠᠨ ᠪᠦᠳᠣᠭᠡᠯᠬᠡ ᠨᠢ ᠬᠣᠳᠠ ᠡᠴᠠ ᠲᠡᠭᠡᠭᠰᠢ ᠲᠡᠰ ‍ᠤᠨ ᠰᠣᠨᠢᠨ ᠰᠡᠳᠬᠦᠯ ᠳ᠋ᠥ ᠣᠳᠬ᠎ᠠ ᠵᠣᠬᠢᠶᠠᠯ ‍ᠤᠨ ᠪᠦᠳᠣᠭᠡᠯ 11 ᠬᠣᠪᠢ ᠂ ᠢᠵᠠᠭᠣᠷ ᠲᠠᠭᠣᠤ 6 ᠪᠠᠳᠠᠭ ᠂ ᠪᠦᠵᠢᠭ 5 ᠂ ᠪᠠᠭ᠎ᠠ ᠵᠦᠴᠣᠭᠡ 3  ᠨᠡᠶᠢᠳᠡᠯᠡᠵᠣ ᠪᠠᠶᠢᠨ᠎ᠠ ᠃     

( ᠮᠠ ᠪᠦᠬᠡ ᠮᠡᠳᠡᠭᠡᠯᠡᠪᠡ )

ᠢᠷᠡᠯᠳᠡ᠄ ᠨᠠᠶᠢᠷᠠᠭᠤᠯᠤᠭᠴᠢ᠄ ᠭᠥᠩ ᠴᠤᠯᠮᠤᠨ