ᠴᠢᠩᠬᠢᠰ ᠬᠠᠭᠠᠨ ‍ᠢ ᠦᠨᠡᠯᠡᠭᠰᠡᠨ ᠨᠢ

ᠣᠩᠰᠢᠭᠰᠠᠨ ᠤᠳᠠᠭ᠎ᠠ ᠄ 6165     ᠨᠡᠶᠢᠳᠡᠯᠡᠭᠰᠡᠨ ᠴᠠᠭ ᠄ 2016/6/18 14:20:21

       ᠮᠠᠷᠺᠰ : ᠴᠢᠩᠬᠢᠰ ᠬᠠᠭᠠᠨ ᠠᠭᠲᠠ ᠶ᠋ᠢᠨ ᠨᠢᠷᠤᠭᠤᠨ ᠳ᠋ᠤ ᠮᠤᠩᠭᠤᠯ ‍ᠢ ᠨᠢᠭᠡᠳᠭᠡᠵᠤ ᠳᠤᠮᠳᠠᠳᠤ ᠤᠯᠤᠰ ‍ᠤᠨ ᠨᠢᠭᠡᠳᠤᠯ ‍ᠤᠨ ᠲᠦᠯᠦᠭᠡ ᠳᠠᠶᠢᠳᠤᠵᠤ ᠂ ᠡᠪᠦᠭᠡ ᠠᠴᠢ ᠭᠤᠷᠪᠠᠨ ᠦᠶ᠎ᠡ ᠪᠡᠷ ᠢᠶᠡᠨ 67 ᠵᠢᠯ ᠳᠠᠶᠢᠯᠠᠨ ᠳᠠᠭᠠᠭᠤᠯᠤᠯᠲᠠ ᠶᠠᠪᠤᠭᠤᠯᠵᠤ ᠨᠡᠶᠢᠳᠠ 720 ᠭᠠᠷᠤᠢ ᠤᠯᠤᠰ ᠠᠶᠢᠮᠠᠭ ‍ᠢ ᠵᠢᠯᠤᠭᠤ  ᠳ᠋ᠥ ᠪᠠᠨ ᠡᠪᠬᠡᠭᠡᠵᠠᠢ ᠂ ᠭᠠᠶᠢᠬᠠᠮᠰᠢᠭᠲᠠᠢ ᠃   
       ᠡᠩᠸᠯᠰ ᠄ ᠴᠢᠩᠭᠢᠰ ᠬᠠᠭᠠᠨ ᠳᠤᠮᠲᠠᠲᠤ ᠵᠠᠭᠤᠨ ‍ᠤ ᠦᠷᠦᠨ᠎ᠡ ᠶ᠋ᠢᠨ ᠤᠯᠤᠰ ‍ᠤᠳ ‍ᠤᠨ ᠵᠢᠷᠦᠬᠡ ᠶ᠋ᠢ ᠨᠢ ᠭᠠᠷ ᠲᠤᠨᠢ ᠪᠠᠷᠢᠭᠤᠯᠤᠭᠰᠠᠨ -----  
       ᠨᠠᠫᠤᠯᠢᠶᠤᠨ ᠄ ᠴᠢᠩᠭᠢᠰ ᠬᠠᠭᠠᠨ ᠨᠠᠳᠠ ᠡᠴᠨ ᠨᠡᠩ ᠬᠦᠴᠦᠷᠭᠡᠭ ᠂ ᠲᠡᠭᠦᠨ ‍ᠤ ᠳᠦᠷᠪᠡᠨ ᠬᠦᠯᠦᠭ ‍ᠤᠨ ᠦᠨᠡᠨᠴᠢ ᠰᠢᠳᠤᠷᠭᠤ ᠨᠢ ᠭᠠᠶᠢᠬᠠᠮᠠᠷ ᠶᠤᠮ ᠂ ᠨᠠᠳᠠ ᠳ᠋ᠤ ᠲᠡᠶᠢᠮᠤ ᠠᠵᠨ ᠪᠠᠶᠢᠵᠤ ᠴᠢᠳᠠᠭ᠎ᠠ ᠦᠭᠡᠢ ᠃
      ᠰᠦᠨ ᠵᠦᠩ ᠱᠠᠨ ᠄ ᠲᠡᠤᠬᠡ ᠶ᠋ᠢ ᠠᠵᠢᠬᠤᠯ᠎ᠠ ᠴᠢᠩᠬᠢᠰ ᠬᠠᠭᠠᠨ ‍ᠤ ᠴᠠᠭ ᠦᠶ᠎ᠡ ᠳᠤᠮᠳᠠᠳᠤ ᠤᠯᠤᠰ ‍ᠤᠨ ᠬᠠᠮᠤᠭ ‍ᠤᠨ ᠮᠠᠨᠳᠤᠭᠰᠠᠨ ᠦᠶ᠎ᠡ ᠡᠴᠨ ᠴᠤ ᠨᠡᠩ ᠬᠦᠴᠦᠷᠬᠡᠭ ᠂ ᠨᠡᠩ ᠠᠭᠤᠤ ᠪᠠᠶᠢᠭᠰᠠᠨ -----   
      ᠮᠠᠤ ᠽᠸ ᠳ᠋ᠦᠩ ᠄ ᠴᠢᠩᠬᠢᠰ ᠬᠠᠭᠠᠨ ‍ᠤ ᠦᠶ᠎ᠡ ᠶ᠋ᠢᠨ ᠦᠷ᠎ᠡ ᠪᠦᠲᠦᠮᠵᠢ ᠶ᠋ᠢ ᠬᠠᠳᠠᠭᠠᠯᠠᠬᠤ ᠬᠡᠷᠡᠭᠲᠠᠢ ᠃   
      ᠵᠢᠨ ᠳ᠋ᠠ ᠵᠦᠩ (  ᠺᠦᠷᠢᠶᠠ ᠶ᠋ᠢᠨ ᠤᠤᠯ ‍ᠤᠨ ᠶᠡᠷᠤᠩᠬᠡᠶᠢᠯᠡᠭᠴᠢ ) ᠄ ᠴᠢᠩᠬᠢᠰ ᠬᠠᠭᠠᠨ ᠪᠠᠶᠢᠭᠰᠠᠨ ᠡᠴᠨ ᠬᠠᠮᠤᠭ ᠠᠩᠬᠠᠨ ‍ᠤ ᠳᠡᠯᠡᠬᠡᠢ ᠶ᠋ᠢᠨ ᠲᠡᠤᠬᠡ ᠪᠤᠢ ᠪᠤᠯᠤᠭᠰᠠᠨ ---  ᠢᠨᠲ᠋ᠸᠷ ᠰᠦᠯᠵᠢᠶ᠎ᠡ ᠭᠠᠷᠤᠭ᠎ᠠ ᠦᠭᠡᠢ ᠦᠶ᠎ᠡ ᠳ᠋ᠤ ᠮᠤᠩᠭᠤᠯ ᠬᠦᠮᠦᠨ ᠳᠡᠯᠡᠬᠡᠢ ᠶ᠋ᠢᠨ ᠤᠯᠤᠰ ‍ᠤᠳ ‍ᠢ ᠨᠡᠪᠲᠡᠷᠡᠭᠥᠯᠵᠤ ᠳᠡᠯᠡᠬᠡᠢ ᠶ᠋ᠢᠨ ᠬᠠᠷᠢᠴᠠᠭᠠᠨ ‍ᠤ ᠰᠢᠨ᠎ᠡ ᠰᠢᠰᠲ᠋ᠸᠮ ‍ᠢ ᠪᠠᠶᠢᠭᠤᠯᠪᠠ ᠃    
      ᠨᠢᠾᠸᡀᠤ᠋ (ᠡᠨᠡᠳᠬᠡᠭ ‍ᠤᠨ ᠤᠤᠯ ‍ᠤᠨ ᠶᠡᠷᠤᠩᠬᠡᠶᠢᠯᠡᠭᠴᠢ ) ᠄ ᠴᠢᠩᠬᠢᠰ ᠬᠠᠭᠠᠨ ‍ᠤ ᠬᠤᠷᠴᠠ ᠮᠡᠷᠭᠡᠨ ᠪᠤᠳᠤᠯᠭ᠎ᠠ ᠮᠤᠩᠭᠤᠯᠴᠤᠤᠳ ‍ᠢ ᠳᠡᠯᠡᠬᠡᠢ ᠶ᠋ᠢᠨ ᠬᠠᠮᠤᠭ ‍ᠤᠨ ᠠᠭᠤᠤ ᠶᠡᠬᠡ ᠢᠯᠠᠯᠳᠠ ᠨᠤᠭᠤᠳ ‍ᠢ ᠤᠯᠬᠤ ᠳ᠋ᠤ ᠬᠦᠷᠭᠡᠵᠠᠢ ᠃   
      ᠸᠠᠰᠢᠩᠲᠤᠨ ᠰᠢᠤᠳᠠᠨ ‍ᠤ ᠰᠤᠨᠢᠨ ᠄ ᠦᠷᠤᠨ᠎ᠡ ᠶ᠋ᠢᠨ ᠤᠯᠤᠰ ‍ᠤᠳ ᠴᠢᠩᠬᠢᠰ ᠬᠠᠭᠠᠨ ‍ᠢ 《 ᠲᠡᠭᠷᠢ ᠶ᠋ᠢᠨ ᠲᠠᠰᠢᠭᠤᠷ 》 ᠬᠡᠮᠡᠵᠠᠢ ᠃ ᠲᠡᠷᠨ ᠪᠤᠯ ᠨᠡᠷ᠎ᠡ ᠨᠢᠳᠡᠷ ᠲᠡᠭᠡᠨ ᠲᠡᠩᠴᠡᠭᠰᠡᠨ 《 ᠬᠦᠮᠦᠨ ᠲᠦᠷᠦᠯᠬᠢᠳᠡᠨ ‍ᠤ ᠬᠠᠭᠠᠨ 》 ᠂ ᠳᠡᠯᠡᠬᠡᠢ ᠶ᠋ᠢᠨ ᠬᠦᠭᠵᠢᠯᠲᠡ ᠂ ᠬᠦᠮᠦᠰ ‍ᠤᠨ ᠶᠢᠷᠲᠢᠨᠴᠤ ᠶ᠋ᠢ ᠦᠵᠡᠬᠦ ᠦᠵᠡᠯ ᠲᠡᠭᠦᠨ ‍ᠤ ᠨᠦᠯᠦᠭᠡ ᠪᠡᠷ ᠳᠡᠭᠡᠭᠰᠢᠯᠡᠵᠠᠢ ᠃   
      ᠠᠮᠸᠷᠢᠺᠠ ᠶ᠋ᠢᠨ ᠰᠤᠨᠢᠨ ᠮᠡᠳᠡᠭᠡᠯᠡᠯ ‍ᠤᠨ ᠬᠢᠨ ᠄ ᠴᠢᠩᠬᠢᠰ ᠬᠠᠭᠠᠨ ᠁ ᠮᠢᠩᠭᠠᠨ ᠵᠢᠯ ‍ᠤᠨ ᠲᠡᠤᠬᠡᠨ ᠬᠦᠮᠦᠨ ᠂ ᠦᠩᠭᠡᠷᠡᠭᠰᠡᠨ ᠵᠠᠭᠤᠨ ‍ᠤ ᠬᠠᠮᠤᠭ ᠪᠠᠶᠠᠨ ᠬᠦᠮᠦᠨ ᠂ ᠲᠡᠯᠡᠬᠡᠢ ᠶ᠋ᠢ ᠬᠠᠮᠤᠭ ᠶᠡᠬᠡ ᠨᠦᠯᠦᠭᠡᠯᠡᠭᠰᠡᠨ ᠬᠦᠮᠦᠨ ᠂ 20 ᠳ᠋ᠤᠭᠠᠷ ᠵᠠᠭᠤᠨ ‍ᠤ ᠬᠠᠮᠤᠭ ‍ᠤᠨ ᠠᠭᠤᠤ ᠬᠦᠮᠦᠨ ᠃         

                                                                                                                                                                                  


                                                                         ᠪ · ᠦᠨᠳᠦᠰᠦ ᠬᠠᠩᠭᠠᠪᠠ

ᠢᠷᠡᠯᠳᠡ᠄ ᠬᠤᠯᠪᠤᠭ᠎ᠠ ᠰᠦᠯᠵᠢᠶᠡᠨ ᠡᠴᠠ ᠨᠠᠶᠢᠷᠠᠭᠤᠯᠤᠭᠴᠢ᠄ ᠪᠤᠤ ᠵᠢᠨ ᠯᠢᠶᠠᠨ