ᠲᠦᠩᠯᠢᠶᠦᠦ ᠶ᠋ᠢᠨ ᠨᠠᠢᠮᠠᠨ ᠳ᠋ᠡᠬᠢ ᠨᠢᠭᠡ ᠵᠦᠢᠯ ‍ᠤᠨ ᠭᠤᠶᠤ ᠰᠠᠶᠢᠬᠠᠨ ‍  ᠢ ᠪᠤᠭᠤᠳᠤ ᠶ᠋ᠢᠨ ᠡᠯᠡᠰᠤ ᠭᠡᠳᠡᠭ

ᠣᠩᠰᠢᠭᠰᠠᠨ ᠤᠳᠠᠭ᠎ᠠ ᠄ 3716     ᠨᠡᠶᠢᠳᠡᠯᠡᠭᠰᠡᠨ ᠴᠠᠭ ᠄ 2016/5/17 15:34:44


   ᠰᠡᠳᠬᠢᠯ ‍ᠤᠨ ᠤᠭ ᠡᠴᠡ ᠪᠡᠨ ᠭᠦᠨ ᠬᠠᠶᠢᠷᠠᠯᠠᠳᠠᠭ ᠨᠤᠳᠤᠭ —— ᠨᠠᠢᠮᠠᠨ ᠬᠤᠰᠢᠭᠤᠨ ‍ᠤ  ᠪᠤᠭᠤᠳᠤ ᠶ᠋ᠢᠨ ᠡᠯᠡᠰᠤ ᠂ ᠦᠪᠦᠷ ᠮᠤᠩᠭᠤᠯ ‍ᠤᠨ ᠬᠤᠷᠴᠢᠨ ‍ᠤ ᠭᠤᠤᠯ ᠭᠠᠵᠠᠷ ‍ᠤᠨ ᠪᠦᠰᠡ ᠳ᠋ᠤ ᠤᠷᠤᠰᠢᠵᠤ ᠂ ᠦᠷᠭᠡᠨ ᠠᠭᠤᠳᠠᠮ ᠬᠦᠪᠡᠭᠡ ᠬᠢᠵᠠᠭᠠᠷ ᠦᠭᠡᠢ ᠡᠯᠡᠰᠤ ᠮᠠᠩᠬ᠎ᠠ ᠡᠯᠤᠶᠢᠨ ᠨᠡᠯᠤᠶᠢᠵᠤ ᠂ ᠨᠢᠭᠡ ᠡᠳᠦᠷ ᠲᠤ ᠮᠢᠩᠭᠠᠨ ᠶᠠᠩᠵᠤ ᠪᠡᠷ ᠬᠤᠪᠢᠷᠠᠵᠤ ᠨᠠᠷᠢᠨ ᠨᠢᠭᠤᠴᠠ ᠵᠢ ᠨᠢ ᠤᠯᠬᠤᠶ᠎ᠠ ᠪᠡᠷᠭᠡ ᠪᠠᠶᠢᠳᠠᠭ ᠃
     ᠡᠨᠡ ᠪᠤᠯ ᠰᠡᠳᠬᠢᠯᠭᠡ ᠵᠢ  ᠤᠷᠬᠢᠯᠤᠭᠤᠯᠤᠮ᠎ᠠ ᠡᠯᠡᠰᠤ ᠮᠠᠩᠬ᠎ᠠ ᠮᠦᠨ ! ᠡᠨᠳᠡᠬᠢ ᠰᠢᠵᠢᠷ ᠡᠯᠡᠰᠤ ᠲᠤᠷᠳᠤᠩ ᠮᠡᠳᠤ ᠨᠠᠷᠢᠨ ᠪᠠᠶᠢᠵᠤ ᠂ ᠡᠨᠳᠡᠬᠢ ᠲᠡᠮᠡᠭᠡ ᠨᠢ ᠯᠤᠤ ᠮᠡᠳᠤ ᠰᠦᠷᠯᠢᠭ ᠪᠠᠶᠢᠵᠤ ᠂ ᠮᠢᠩᠭᠠᠨ ᠭᠠᠵᠠᠷ ‍ᠤᠨ ᠦᠷᠭᠡᠨ ᠠᠭᠤᠳᠠᠮ ᠰᠦᠷ ᠲᠠᠯᠠᠶᠢᠴᠠᠳᠠᠢ ᠭᠤᠶᠤ ᠰᠠᠶᠢᠬᠠᠨ ᠨᠢ ᠮᠤᠩᠭᠤᠯ ᠡᠷᠡᠴᠤᠳ ‍ᠢ ᠪᠤᠶᠢᠵᠢᠭᠤᠯᠵᠠᠢ !
    ᠶᠡᠭᠡ ᠡᠯᠡᠰᠤᠨ ᠳ᠋ᠤ ᠨᠠᠷᠠᠨ ᠮᠠᠨᠳᠤᠬᠤᠶ᠎ᠠ ᠮᠦᠩᠬᠦᠨ ᠭᠡᠷᠡᠯ ᠰᠠᠴᠤᠷᠠᠵᠤ ᠂ ᠡᠯᠡᠰᠤᠨ ᠲᠠᠯᠠᠢ ᠳ᠋ᠤ ᠨᠠᠷᠠ ᠲᠤᠯᠠᠶᠢᠵᠤ ᠰᠠᠷᠠᠨ ᠮᠠᠨᠳᠤᠬᠤᠶ᠎ᠠ ᠭᠠᠶᠢᠬᠠᠮᠰᠢᠭ ‍ᠢᠶ᠋ᠡᠨ ᠭᠠᠶᠢᠬᠠᠭᠤᠯᠤᠨ ᠂ ᠲᠡᠮᠡᠭᠡᠨ ᠵᠢᠩ ᠠᠯᠳᠠᠨ ᠰᠢᠷᠭᠠᠯ ᠦᠩᠭᠡᠳᠦ ᠰᠤᠯᠤᠩᠭ᠎ᠠ ᠶ᠋ᠢᠨ ᠲᠤᠮᠳᠠ ᠠᠯᠭᠤᠷ ᠠᠭᠠᠵᠢᠮ ᠵᠠᠮᠨᠠᠵᠤ ᠂ ᠲᠠᠨᠢᠭᠡᠷ ᠠᠭᠤᠳᠠᠮ ᠲᠡᠭᠷᠢ ᠶ᠋ᠢᠨ ᠴᠡᠭᠡᠯ ᠳ᠋ᠤ ᠠᠭᠤᠰᠴᠤ ᠂ ᠵᠦᠪᠭᠡᠨ ᠲᠡᠮᠡᠭᠡᠨ ᠵᠢᠩ ‍ᠤᠨ ᠲᠠᠭᠤᠨ ᠬᠤᠯᠠ ᠡᠴᠡ ᠴᠤᠤᠷᠢᠶᠠᠳᠤᠨ᠎ᠠ ᠁ ᠁
     ᠲᠡᠭᠷᠢ ᠬᠢᠭᠡᠳ ᠡᠯᠡᠰᠤ ᠬᠠᠷᠢᠯᠴᠠᠨ ᠵᠠᠯᠭᠠᠯᠳᠤᠵᠤ ᠂ ᠡᠯᠡᠰᠤ ᠨᠢ ᠠᠯᠮᠠᠰ ᠴᠢᠯᠠᠭᠤ ᠰᠢᠭ᠋ ᠬᠢᠯᠠᠰᠤᠨ᠎ᠠ ᠁ ᠶᠡᠭᠡ ᠡᠯᠡᠰᠤᠨ ‍ᠤ ᠤᠮᠤᠭᠯᠠᠩ ᠪᠡᠷᠳᠡᠮ ᠴᠡᠯᠡᠭᠡᠷ ᠠᠭᠤᠳᠠᠮ ‍ᠢ ᠨᠡᠮ ᠵᠢᠮ ‍ᠢᠶ᠋ᠡᠷ ᠰᠡᠷᠡᠵᠤ ᠮᠡᠳᠡᠮᠤᠢ ᠃
     ᠨᠡᠯᠤᠭᠡᠷ ᠶᠡᠭᠡ  ᠪᠤᠭᠤᠳᠤ ᠶ᠋ᠢᠨ ᠡᠯᠡᠰᠤ ᠮᠠᠩᠬ᠎ᠠ ᠨᠢ ᠴᠡᠷᠴᠠᠭᠰᠠᠨ ᠶᠡᠭᠡ ᠲᠠᠯᠠᠢ ᠰᠢᠭ᠋ ᠂ ᠨᠡᠭᠦᠳᠡᠯᠯᠡᠬᠦ ᠠᠭᠤᠯᠠᠨ ᠤᠷᠤᠢ ᠰᠢᠭ᠋ ᠂ ᠬᠤᠶᠢᠨ᠎ᠠ ᠬᠤᠶᠢᠨ᠎ᠠ ᠡᠴᠨ ᠪᠡᠨ ᠵᠠᠯᠭᠠᠯᠳᠤᠵᠤ ᠂ ᠨᠡᠯᠤᠭᠡᠷ ᠶᠡᠭᠡ ᠭᠦᠪᠡᠭᠡ ᠬᠢᠵᠠᠭᠠᠷ ᠦᠭᠡᠢ  ; ᠲᠠᠷᠠ ᠨᠢ ᠠᠭᠤᠳᠠᠮ ᠲᠠᠨᠢᠭᠡᠷ ᠡᠪᠴᠢᠬᠦᠦ ᠴᠡᠭᠡᠵᠢ  ᠳ᠋ᠡᠭᠡᠨ ᠤᠯᠠᠨ ᠪᠦᠭᠦᠳᠡᠭᠡᠷ ‍ᠤᠨ ᠤᠷᠬᠢᠯᠤᠮ᠎ᠠ ᠰᠡᠳᠬᠢᠯᠭᠡ ᠵᠢ ᠭᠦᠭᠵᠢᠭᠡᠨ᠎ᠡ !

    ᠲᠡᠭᠷᠢ ᠶ᠋ᠢᠨ ᠬᠢᠵᠠᠭᠠᠷ ᠦᠭᠡᠢ ᠦᠷᠭᠡᠨ ᠭᠠᠵᠠᠷ ‍ᠤᠨ ᠭᠦᠪᠡᠭᠡ ᠦᠭᠡᠢ ᠠᠭᠤᠳᠠᠮ ᠳ᠋ᠤ ᠲᠠ ᠲᠤᠷ᠎ᠠ

ᠪᠡᠷ ‍ᠢᠶ᠋ᠡᠨ ᠨᠢᠰᠤᠨ ᠲᠡᠭᠦᠯᠢᠭᠡᠷᠡᠢ ! ᠡᠨᠳᠡ ᠦᠨᠢ ᠡᠭᠦᠷᠢᠳᠡ ᠪᠡᠨ ᠲᠠ ᠪᠦᠬᠦᠨ ‍ᠤ ᠰᠠᠨᠠᠭᠠᠨ ᠲᠡᠪᠡ ᠪᠡᠷ ‍ᠢᠶ᠋ᠡᠨ ᠵᠤᠷᠴᠢᠬᠤ ᠵᠢᠷᠭᠠᠯᠠᠩᠳᠤ ᠤᠷᠤᠨ ᠮᠦᠨ ! ᠨᠠᠢᠮᠠᠨ ᠬᠤᠰᠢᠭᠤᠨ ‍ᠤ  ᠪᠤᠭᠤᠳᠤ ᠶ᠋ᠢᠨ ᠡᠯᠡᠰᠤᠨ ‍ᠤ ᠦᠷᠭᠡᠨ ᠠᠭᠤᠳᠠᠮ ᠨᠡᠯᠦᠭᠡᠷ ᠶᠡᠭᠡ ᠰᠦᠷ ᠲᠠᠯᠠᠶᠢᠴᠠᠳᠠᠢ ᠨᠢᠳᠤᠨ ᠡᠮᠤᠨ᠎ᠡ ᠪᠠᠶᠢᠭ᠎ᠠ ᠭᠤᠶᠤ ᠦᠵᠡᠮᠵᠢ ᠵᠢ ᠶᠠᠭᠤ ᠭᠡᠯᠡᠭᠰᠡᠨ ᠴᠤ ᠤᠴᠢᠵᠤ ᠦᠵᠡᠶ᠎ᠡ ᠳ᠋ᠠ !   ( ᠮᠠᠨᠳᠤᠯ᠎ᠠ ᠤᠷᠴᠢᠭᠤᠯᠪᠠ)


ᠢᠷᠡᠯᠳᠡ᠄ ᠨᠠᠶᠢᠷᠠᠭᠤᠯᠤᠭᠴᠢ᠄ ᠪᠤᠤ ᠵᠢᠨ ᠯᠢᠶᠠᠨ