ᠰᠢᠷ᠎ᠠ ᠲᠤᠰᠤᠨ ‍ᠤ ᠠᠷᠪᠠᠨ ᠷᠢᠳᠢ ᠰᠢᠳᠢ

ᠣᠩᠰᠢᠭᠰᠠᠨ ᠤᠳᠠᠭ᠎ᠠ ᠄ 7083     ᠨᠡᠶᠢᠳᠡᠯᠡᠭᠰᠡᠨ ᠴᠠᠭ ᠄ 2016/5/13 14:51:57

     ᠮᠣᠩᠭᠣᠯᠴᠤᠳ ‍ᠤᠨ ᠡᠷᠲᠡᠨ ᠡᠴᠠ ᠬᠡᠷᠡᠭᠯᠡᠵᠦ ᠢᠷᠡᠭᠰᠡᠨ ᠰᠢᠷ᠎ᠠ ᠲᠤᠰᠤ ᠨᠢ ᠬᠦᠮᠦᠨ ‍ᠤ ᠪᠡᠶ᠎ᠡ ᠶ᠋ᠢᠨ ᠡᠷᠡᠭᠦᠯ ᠮᠡᠨᠳᠦ ᠳ᠋ᠥ ᠮᠠᠰᠢ ᠠᠰᠢᠭᠲᠠᠢ ᠃ ᠸᠢᠲ᠋ᠠᠮᠢᠨA.E ᠢᠰᠦᠯᠳᠦᠬᠦ ᠶ᠋ᠢ ᠡᠰᠡᠷᠭᠦᠴᠡᠯᠳᠦᠭᠴᠢ ᠮᠠᠰᠢ ᠪᠠᠶᠠᠯᠢᠭ ᠪᠠᠶᠢᠳᠠᠭ ᠃ ᠢᠰᠦᠯᠳᠦᠬᠦ ᠶ᠋ᠢ ᠡᠰᠡᠷᠭᠦᠴᠡᠯᠳᠦᠭᠴᠢ ᠨᠢ ᠴᠢᠯᠦᠭᠡᠲᠦ ᠪᠦᠯᠦᠭ ᠲᠠᠢ ᠲᠡᠮᠡᠴᠡᠵᠦ ᠂ ᠵᠢᠷᠦᠬᠡ ᠰᠣᠳᠠᠰᠤ ᠂ ᠦᠯᠦ ᠬᠠᠯᠳᠠᠭᠠᠬᠤ ᠰᠢᠰᠲ᠋ᠸᠮ ᠳ᠋ᠥ ᠰᠠᠶᠢᠨ ᠢᠶᠠᠷ ᠨᠦᠯᠦᠭᠡᠯᠡᠳᠡᠭ ᠪᠠᠶᠢᠨ᠎ᠠ ᠃       

      ᠰᠢᠷ᠎ᠠ ᠲᠣᠰᠤ ᠬᠡᠷᠡᠭᠯᠡᠬᠦ ᠠᠷᠪᠠᠨ ᠰᠢᠯᠲᠠᠭᠠᠨ ᠄        

      1. ᠰᠢᠷ᠎ᠠ ᠲᠣᠰᠤ ᠨᠢ ᠪᠣᠰᠤᠳ ᠲᠤᠰᠤᠨ ᠡᠴᠠ ᠢᠯᠡᠭᠦᠦ ᠦᠨᠳᠦᠷ160 —— 190 ᠭᠷᠠᠳᠦ᠋ᠰ  ᠲᠤ ᠬᠦᠷᠲᠡᠯ᠎ᠡ ᠲᠡᠰᠪᠦᠷᠢᠯᠡᠬᠦ ᠴᠢᠳᠠᠪᠤᠷᠢ ᠲᠠᠢ ᠪᠠᠶᠢᠳᠠᠭ ᠂ ᠬᠤᠭᠤᠯᠠ ᠬᠢᠬᠦ ᠳ᠋ᠥ ᠪᠣᠰᠤᠳ ᠲᠤᠰᠤᠨ ᠡᠴᠠ ᠢᠯᠡᠭᠦᠦ ᠲᠤᠬᠢᠷᠠᠮᠵᠢᠲᠠᠢ ᠪᠠᠶᠢᠳᠠᠭ ᠃        

      2. ᠰᠠᠶᠢᠬᠠᠨ ᠠᠮᠲᠠᠲᠠᠢ ᠃ ᠰᠢᠷ᠎ᠠ ᠲᠤᠰᠤ ᠨᠢ ᠪᠣᠰᠤᠳ ᠲᠣᠰᠤ ᠶ᠋ᠢ ᠪᠣᠳᠣᠪᠠᠯ ᠢᠯᠡᠭᠦᠦ ᠦᠳᠭᠡᠨ ᠂ ᠰᠠᠶᠢᠨ ᠱᠦᠭᠦᠭᠳᠡᠭᠰᠡᠨ ᠪᠠᠶᠢᠳᠠᠭ ᠃ ᠬᠤᠭᠤᠯᠠᠨ ᠳ᠋ᠥ ᠮᠠᠰᠢ ᠭᠤᠶᠤ ᠠᠮᠲᠠ ᠣᠷᠣᠭᠣᠯᠳᠠᠭ ᠃        

      3. ᠬᠠᠳᠠᠭᠠᠯᠠᠯᠲᠠ ᠶ᠋ᠢᠨ ᠬᠤᠭᠤᠴᠠᠭ᠎ᠠ ᠤᠷᠲᠤ ᠃ ᠢᠰᠦᠯᠳᠦᠯ ‍ᠤᠨ ᠲᠦᠪᠰᠢᠨ ᠪᠠᠭ᠎ᠠ ᠡᠴᠠ ᠬᠦᠷᠦᠭᠡᠭᠴᠢ ᠳ᠋ᠥ ᠬᠢᠬᠦ ᠦᠭᠡᠢ ᠬᠠᠳᠠᠭᠠᠯᠠᠵᠤ ᠪᠣᠯᠳᠠᠭ ᠃        

     4. ᠰᠢᠩᠭᠡᠴᠡ ᠨᠢ ᠬᠤᠷᠳᠤᠨ ᠃ ᠬᠤᠳᠤᠭᠤᠳᠤᠨ ‍ᠤ ᠱᠦᠭᠦᠷᠡᠯ ‍ᠢ ᠦᠳᠦᠭᠡᠵᠦ ᠬᠤᠭᠤᠯᠠ ᠪᠣᠯᠪᠠᠰᠤᠷᠠᠭᠤᠯᠲᠠ ᠳ᠋ᠥ ᠲᠤᠰᠠᠲᠠᠢ ᠃        

     5. ᠦᠯᠦ ᠬᠠᠯᠳᠠᠭᠠᠬᠤ ᠰᠢᠰᠲ᠋ᠸᠮ ‍ᠢ ᠰᠠᠶᠢᠵᠢᠷᠠᠭᠤᠯᠳᠠᠭ ᠃ ᠰᠣᠳᠣᠯᠭᠠᠨ ᠢᠶᠠᠷ ᠰᠢᠷ᠎ᠠ ᠲᠣᠰᠤᠨ ‍ᠤ ᠨᠠᠶᠢᠷᠠᠯᠭ᠎ᠠ ᠳ᠋ᠥ ᠪᠠᠶᠢᠳᠠᠭ ᠹᠸᠨᠦᠯ ᠢᠰᠦᠯᠳᠦᠬᠦ ᠶ᠋ᠢ ᠡᠰᠡᠷᠭᠦᠴᠡᠭᠴᠢ ᠨᠢ ᠦᠯᠦ ᠬᠠᠯᠳᠠᠭᠠᠬᠤ ᠰᠢᠰᠲ᠋ᠸᠮ ‍ᠢ ᠰᠠᠶᠢᠵᠢᠷᠠᠭᠤᠯᠳᠠᠭ ‍ᠢ ᠲᠤᠭᠲᠠᠭᠠᠵᠠᠢ ᠃        

     6. ᠰᠦᠰᠦᠨ ‍ᠤ ᠭᠤᠨᠠᠨ ᠠᠯᠺᠣᠯ ‍ᠢ ᠪᠠᠭᠤᠷᠠᠭᠤᠯᠤᠨ᠎ᠠ ᠃ ᠰᠢᠷ᠎ᠠ ᠲᠣᠰᠤᠨ ᠳ᠋ᠥ ᠠᠭᠤᠯᠤᠭᠳᠠᠳᠠᠭ ᠬᠤᠯᠪᠤᠭᠰᠠᠨ ᠣᠯᠣᠰᠣᠨ ᠬᠦᠴᠢᠯ ᠨᠢ ᠪᠡᠶ᠎ᠡ ᠳ᠋ᠥ ᠬᠢ ᠰᠦᠰᠦᠨ ‍ᠤ ᠭᠤᠨᠠᠨ ᠠᠯᠺᠣᠯ ‍ᠤᠨ ᠲᠦᠪᠰᠢᠨ ᠪᠣᠯᠣᠨ ᠭᠯᠢᠼᠸᠷᠢᠨ ‍ᠤ ᠲᠦᠪᠰᠢᠨ ‍ᠢ ᠪᠠᠭᠠᠰᠬᠠᠳᠠᠭ ᠃        

      7. ᠨᠢᠳᠦᠨ ‍ᠤ ᠬᠠᠷᠠᠭ᠎ᠠ ᠶ᠋ᠢ ᠰᠠᠶᠢᠵᠢᠷᠠᠭᠤᠯᠳᠠᠭ ᠃ ᠨᠢᠳᠦᠨ ‍ᠤ ᠡᠮᠭᠡᠭ ᠪᠣᠯᠣᠨ ᠨᠢᠳᠦᠨ ‍ᠤ ᠦᠯᠦ ᠬᠠᠯᠳᠠᠭᠠᠬᠤ ᠴᠢᠳᠠᠪᠤᠷᠢ ᠶ᠋ᠢ ᠮᠠᠰᠢ ᠰᠠᠶᠢᠨ ᠢᠶᠠᠷ ᠨᠦᠯᠦᠭᠡᠯᠡᠳᠡᠭ ᠃        

      8. ᠠᠷᠢᠬᠢ ᠪᠣᠯᠣᠨ ᠬᠠᠷ᠎ᠠ ᠲᠠᠮᠠᠬᠢᠨ ‍ᠤ ᠡᠮᠴᠢᠯᠡᠭᠡ ᠪᠣᠯᠳᠠᠭ ᠃ ᠬᠤᠤᠷᠲᠤ ᠪᠣᠳᠠᠰ  ᠲᠤ ᠬᠤᠤᠷᠳᠠᠭᠳᠠᠭᠰᠠᠨ ᠪᠡᠶ᠎ᠡ ᠶ᠋ᠢ ᠡᠷᠡᠭᠦᠯᠵᠢᠬᠦᠯᠬᠦ ᠳ᠋ᠥ ᠰᠢᠷ᠎ᠠ ᠲᠣᠰᠤ ᠮᠠᠰᠢ ᠴᠢᠬᠤᠯᠠ ᠨᠦᠯᠦᠭᠡ ᠲᠠᠢ ᠪᠠᠶᠢᠳᠠᠭ ᠃ ᠬᠤᠤᠷ ‍ᠢ ᠪᠡᠶ᠎ᠡ ᠡᠴᠠ ᠬᠦᠭᠡᠭᠡᠵᠦ ᠭᠠᠷᠭᠠᠳᠠᠭ ᠃        

      9. ᠦᠷᠪᠢᠰᠦᠯ ‍ᠢ ᠡᠮᠨᠡᠳᠡᠭ ᠃ ᠰᠢᠷ᠎ᠠ ᠲᠣᠰᠣ ᠨᠢ ᠦᠷᠪᠢᠰᠦᠯ ᠡᠭᠦᠰᠭᠡᠳᠡᠭ ᠯᠸᠢᠺᠣᠲ᠋ᠷᠢᠨ ᠱᠦᠭᠦᠷᠡᠯ ᠂ ᠤᠷᠢᠳᠤ ᠪᠣᠯᠴᠢᠷᠬᠠᠢ ᠶ᠋ᠢᠨ ᠰᠢᠩᠭᠡᠨ ‍ᠢ ᠪᠠᠭᠠᠰᠬᠠᠵᠤ ᠲᠡᠭᠦᠨ ‍ᠤ ᠡᠰᠡᠷᠭᠦ ᠮᠠᠰᠢ ᠰᠠᠶᠢᠨ ᠦᠢᠯᠡᠴᠢᠯᠡᠭᠡ ᠦᠵᠡᠭᠦᠯᠳᠡᠭ ᠃        

      10. ᠵᠢᠩ ᠬᠠᠰᠤᠨ᠎ᠠ ᠃ ᠰᠢᠷ᠎ᠠ ᠲᠣᠰᠣ ᠳ᠋ᠥ ᠬᠢ ᠯᠢᠨᠦᠯᠸᠨᠢ ᠬᠦᠴᠢᠯ ᠨᠢ ᠪᠣᠳᠠᠰ ‍ᠤᠨ ᠰᠣᠯᠢᠯᠴᠠᠭ᠎ᠠ ᠶ᠋ᠢ ᠲᠦᠷᠭᠡᠳᠭᠡᠳᠡᠭ ᠃ ᠮᠦᠨ ᠲᠤᠷᠠᠬᠤ ᠳ᠋ᠥ ᠮᠠᠰᠢ ᠰᠠᠶᠢᠨ ᠦᠢᠯᠡᠴᠢᠯᠡᠭᠡ ᠲᠠᠢ ᠪᠠᠶᠢᠳᠠᠭ ᠃ ᠢᠯᠠᠩᠭᠤᠶ᠎ᠠ ᠭᠡᠳᠡᠰᠦᠨ ‍ᠤ ᠦᠭᠡᠬᠦ ᠶ᠋ᠢ ᠬᠤᠷᠳᠤᠨ ᠠᠷᠢᠯᠭᠠᠳᠠᠭ ᠃                     ( ᠬᠤᠯᠪᠤᠭ᠎ᠠ ᠰᠦᠯᠵᠢᠶᠡᠨ ᠡᠴᠠ ᠰᠢᠯᠵᠢᠭᠦᠯᠪᠡ)

ᠢᠷᠡᠯᠳᠡ᠄ ᠬᠤᠯᠪᠤᠭ᠎ᠠ ᠰᠦᠯᠵᠢᠶ᠎ᠠ ᠨᠠᠶᠢᠷᠠᠭᠤᠯᠤᠭᠴᠢ᠄ ᠪᠤᠤ ᠵᠢᠨ ᠯᠢᠶᠠᠨ