ᠬᠦᠬᠡ ᠴᠠᠢ ᠶ᠋ᠢᠨ ᠠᠰᠢᠭ ᠬᠤᠤᠷ ‍ᠤᠨ ᠲᠤᠬᠠᠢ

ᠣᠩᠰᠢᠭᠰᠠᠨ ᠤᠳᠠᠭ᠎ᠠ ᠄ 7091     ᠨᠡᠶᠢᠳᠡᠯᠡᠭᠰᠡᠨ ᠴᠠᠭ ᠄ 2016/5/13 14:39:26

      ᠮᠤᠩᠭᠤᠯᠴᠤᠳ ᠭᠦᠭᠡ ᠴᠠᠢ ᠶ᠋ᠢ ᠴᠢᠨᠡᠭᠠᠳ ᠰᠦᠯᠡᠵᠤ ᠤᠤᠭᠤᠬᠤ ᠪᠤᠶᠤ ᠰᠦ ᠬᠢᠭᠦ ᠦᠭᠡᠢ ᠪᠠᠷ ᠬᠠᠷ᠎ᠡ ᠴᠠᠢ ᠤᠤᠭᠤᠳᠠᠭ ᠃ ᠭᠦᠭᠡ ᠴᠠᠢ ᠶ᠋ᠢᠨ ᠭᠠᠳᠠᠷ ᠪᠠᠢᠳᠠᠯ ᠂ ᠦᠩᠭᠡ ᠪᠠᠷ ᠨᠢ 《 ᠭᠡᠪ ᠤᠨ ᠴᠠᠢ》 ᠂ 《ᠬᠠᠷ᠎ᠡ ᠴᠠᠢ 》 ᠂ 《 ᠬᠠᠪᠳᠠᠰᠤᠨ ᠴᠠᠢ 》 ᠭᠡᠭᠦ ᠮᠡᠳᠤ ᠪᠠᠷ ᠨᠤᠳᠤᠭ ᠨᠤᠳᠤᠭ ᠤᠨ ᠬᠢᠨ ᠦᠭᠡᠷ᠎ᠡ ᠦᠭᠡᠷ᠎ᠡ ᠪᠠᠷ ᠨᠡᠷᠡᠯᠡᠳᠡᠭ ᠶᠤᠮ ᠃ ᠴᠢᠨᠠᠵᠤ ᠢᠳᠡᠭᠡᠰᠢᠭᠦᠯᠦᠭᠰᠡᠨ ᠬᠠᠷ᠎ᠡ ᠴᠠᠢ ᠳᠠᠭᠠᠨ ᠰᠦ ᠨᠡᠢᠯᠡᠭᠦᠵᠤ ᠬᠢᠭᠰᠡᠨ ᠢ ᠰᠦ ᠲᠠᠢ ᠴᠠᠢ ᠭᠡᠳᠡᠭ ᠃ ᠮᠤᠩᠭᠤᠯᠴᠤᠳ ᠴᠠᠢ ᠶ᠋ᠢ ᠬᠠᠮᠤᠭ ᠭᠦᠨᠳᠤᠳᠭᠡᠯ ᠲᠠᠢ ᠤᠮᠳᠠᠭᠠᠨ ᠢᠶᠠᠷ ᠦᠵᠡᠵᠤ ᠳᠡᠭᠡᠳᠤᠯᠡᠳᠡᠭ ᠃ ᠰᠦ ᠲᠠᠢ ᠴᠠᠢ ᠶ᠋ᠢ ᠤᠮᠳᠠᠭᠠᠰᠬᠤ ᠦᠶ᠎ᠡ ᠳ᠋ᠡᠭᠡᠨ ᠯᠠ ᠤᠤᠭᠤᠳᠠᠭ ᠪᠢᠰᠢ ᠂ ᠬᠠᠷᠢᠨ ᠴᠠᠢ ᠳᠠᠭᠠᠨ ᠬᠤᠷᠤᠳ ᠂ ᠰᠢᠷ᠎ᠡ ᠳᠤᠰᠤ ᠂ ᠦᠷᠦᠮ᠎ᠡ ᠂ ᠵᠦᠭᠡᠭᠡᠢ ᠮᠡᠳᠤ ᠶ᠋ᠢᠨ ᠴᠠᠭᠠᠨ ᠢᠳᠡᠭᠡᠨ ᠬᠢᠭᠦ ᠪᠠ ᠮᠢᠬ᠎ᠠ ᠪᠤᠷᠴᠠ ᠡᠰᠡᠭᠦᠯ᠎ᠡ ᠪᠤᠤᠪᠤ᠋ ᠪᠤᠭᠤᠷᠰᠤᠭ ᠵᠡᠷᠭᠡ ᠢᠳᠡᠭᠡᠨ ᠲᠠᠢ ᠬᠠᠮᠳᠤ ᠤᠤᠭᠤᠳᠠᠭ ᠃  ᠡᠶᠢᠮᠤ ᠡᠴᠠ ᠴᠠᠢ ᠤᠤᠭᠤᠬᠤ ᠨᠢ ᠪᠠᠷᠤᠭ ᠬᠤᠭᠤᠯᠠ ᠢᠳᠡᠭᠰᠡᠨ ᠲᠠᠢ ᠠᠳᠠᠯᠢ ᠶᠤᠮ ᠃ ᠳᠡᠷᠡᠴᠢᠯᠡᠨ ᠴᠠᠢ ᠪᠠᠨ ᠠᠭᠠᠵᠢᠮ ᠳᠠᠯᠪᠢᠵᠤ ᠤᠤᠭᠤᠳᠠᠭ ᠡᠴᠠ ᠬᠠᠯᠠᠭᠤᠨ ᠴᠠᠢ ᠳ᠋ᠤ ᠳᠠᠪᠳᠦᠭᠰᠡᠨ ᠢᠳᠡᠭᠡᠨ ᠨᠢ ᠠᠯᠭᠤᠷ ᠵᠠᠳᠠᠷᠠᠨ ᠠᠭᠤᠰᠴᠤ ᠤᠯᠠᠮ ᠴᠤ ᠠᠮᠳᠠ ᠰᠢᠮᠳᠠ ᠲᠠᠢ ᠪᠤᠯᠳᠠᠭ  ᠪᠠᠶᠢᠨ᠎ᠠ ᠃ ᠶᠠᠭ ᠡᠢᠮᠤ ᠡᠴᠠ ᠰᠦ ᠲᠠᠢ ᠴᠠᠢ ᠨᠢ ᠰᠢᠮ᠎ᠡ ᠭᠦᠴᠦᠨ ᠢᠶᠠᠷ ᠳᠡᠭᠦᠯᠳᠡᠷ  ᠪᠠᠶᠢᠵᠦ ᠂ ᠦᠯ ᠳᠠᠷᠤᠬᠤ ᠂ ᠤᠮᠳᠠᠭᠠᠰᠤᠯ ᠢ ᠬᠠᠷᠢᠭᠤᠯᠬᠤ ᠪᠠᠷ ᠦᠯᠦ ᠪᠠᠷᠡᠮ ᠴᠤᠭ ᠰᠦᠯᠳᠠ ᠶ᠋ᠢ ᠰᠠᠷᠭᠦᠭᠡᠨ ᠂ ᠬᠤᠳᠤᠭᠤᠳᠤ ᠭᠡᠳᠡᠰᠤᠨ ᠤ ᠠᠵᠢᠯᠯᠠᠭ᠎ᠠ ᠶ᠋ᠢ ᠰᠠᠶᠢᠵᠢᠷᠠᠭᠤᠯᠬᠤ ᠂ ᠭᠡᠢ ᠰᠢᠷ᠎ᠡ ᠶ᠋ᠢ ᠳᠠᠷᠤᠵᠤ ᠰᠢᠩᠭᠡᠭᠡᠯᠳᠡ ᠶ᠋ᠢ ᠳᠦᠷᠭᠡᠳᠭᠡᠭᠦ ᠂ ᠴᠢᠰᠤᠨ ᠤ ᠡᠷᠬᠢᠯᠳᠡ ᠶ᠋ᠢ  ᠰᠠᠶᠢᠵᠢᠷᠠᠭᠤᠯᠬᠤ ᠂ ᠦᠭᠡᠭᠦ ᠶ᠋ᠢ ᠵᠠᠳᠠᠷᠠᠭᠤᠯᠬᠤ ᠵᠡᠷᠭᠡ ᠤᠯᠠᠨ ᠢᠳᠡᠪᠬᠢ ᠦᠢᠯᠡᠳᠤᠯ ᠲᠠᠢ ᠶᠤᠮ ᠃ ᠴᠠᠢ ᠪᠤᠯ ᠠᠷᠢᠬᠢ ᠪᠤᠳᠠᠭ᠎ᠠ ᠲᠠᠢ ᠲᠠᠭᠠᠷᠠᠬᠤ ᠦᠭᠡᠢ ᠂ ᠠᠷᠪᠢᠨ ᠤᠤᠭᠤᠭᠰᠠᠨ ᠴᠤ ᠪᠠᠶ᠎ᠡ ᠰᠠᠳᠬᠢᠯ ᠳ᠋ᠤ ᠭᠡᠮ ᠪᠤᠯᠳᠠᠭ ᠦᠭᠡᠢ ᠬᠠᠷᠢᠨ ᠰᠢᠨ᠎ᠡ ᠬᠠᠭᠤᠴᠢᠨ ᠤ ᠰᠤᠯᠢᠭᠳᠠᠯ ᠢ ᠡᠷᠴᠢᠮᠵᠢᠭᠦᠯᠦᠨ ᠂ ᠴᠤᠭ ᠵᠢᠪᠬᠤᠭ᠎ᠠ ᠶ᠋ᠢ ᠰᠡᠷᠭᠦᠭᠡᠳᠡᠭ ᠃    ᠮᠦᠨᠴᠤ  《 ᠬᠠᠷ᠎ᠡ ᠴᠤ ᠭᠡᠰᠡᠨ ᠬᠠᠭᠠᠨ ᠤ ᠷᠠᠰᠢᠶᠠᠨ ᠂ ᠪᠤᠷᠤ ᠴᠤ ᠭᠡᠰᠡᠨ ᠪᠤᠭᠳᠠ ᠶ᠋ᠢᠨ ᠷᠡᠰᠢᠶᠠᠨ 》 ᠭᠡᠮᠡᠨ ᠴᠠᠢ ᠶ᠋ᠢ ᠮᠤᠩᠭᠤᠯᠴᠤᠳ ᠳᠡᠭᠡᠳᠤᠯᠡᠳᠡᠭ ᠨᠢ ᠴᠠᠭᠠᠨ᠎ᠡ ᠪᠠᠨ ᠭᠦᠨ ᠤᠴᠢᠷ ᠲᠠᠢ ᠪᠠᠢᠵᠡᠢ ᠃ ᠰᠦ ᠲᠠᠢ ᠴᠠᠢ ᠨᠢ ᠮᠤᠩᠭᠤᠯᠴᠤᠳ ᠤᠨ ᠤᠷᠤᠰᠢᠨ ᠠᠮᠢᠳᠤᠷᠠᠵᠤ  ᠪᠠᠶᠢᠭ᠎ᠠ  ᠪᠠᠶᠢᠭᠠᠯᠢ ᠤᠷᠴᠢᠨ ᠂ ᠠᠮᠢᠳᠤᠷᠠᠯ ᠠᠬᠤᠢ ᠳ᠋ᠤ ᠳᠤᠬᠢᠷᠠᠭᠰᠠᠨ ᠤᠮᠳᠠᠭᠠᠨ  ᠪᠠᠶᠢᠵᠦ ᠂ ᠭᠦᠢᠳᠡᠨ ᠳ᠋ᠤ ᠪᠠᠶ᠎ᠡ ᠶ᠋ᠢ ᠳᠤᠯᠠᠭᠠᠴᠠᠭᠤᠯᠬᠤ ᠂ ᠤᠮᠳᠠ  ᠲᠠᠶᠢᠯᠠᠬᠤ᠂ ᠦᠯ ᠳᠠᠷᠤᠬᠤ ᠵᠡᠷᠭᠡ ᠴᠢᠳᠠᠯ ᠴᠢᠨᠠᠷ ᠲᠠᠢ ᠡᠴᠠ ᠭᠠᠳᠠᠨ᠎ᠡ ᠮᠤᠩᠭᠤᠯᠴᠤᠳ ᠮᠢᠬ᠎ᠠ ᠶᠠᠭᠡ ᠢᠳᠡᠳᠡᠭ ᠤᠴᠢᠷ ᠡᠴᠠ ᠭᠦᠭᠡ ᠴᠠᠢ ᠢᠯᠡᠭᠦᠦ ᠤᠤᠭᠤᠬᠤ ᠨᠢ ᠦᠭᠡᠭᠦ ᠶ᠋ᠢ ᠰᠢᠩᠭᠡᠭᠡᠵᠤ ᠂ ᠴᠢᠰᠤᠨ ᠤ ᠡᠷᠬᠢᠯᠳᠡ ᠶ᠋ᠢ  ᠰᠠᠶᠢᠵᠢᠷᠠᠭᠤᠯᠤᠨ ᠡᠪᠡᠳᠴᠢᠨ ᠢ ᠡᠰᠡᠷᠭᠦᠴᠡᠭᠦ ᠦᠢᠯᠡᠳᠤᠯ ᠲᠠᠢ ᠪᠠᠢᠳᠠᠭ ᠃ ᠡᠭᠦᠨ ‍ᠤ ᠳᠠᠭᠠᠤ ᠳ᠋ᠤ ᠤᠷᠴᠢᠮ ᠤᠨ  ᠵᠢᠯ ᠦᠳ ᠲᠦ ᠸᠠᠰᠢᠩᠳᠤᠨ ᠶᠡᠬᠡ ᠰᠤᠷᠭᠠᠭᠤᠯᠢ ᠶ᠋ᠢᠨ ᠮᠠᠶᠢᠺᠸᠷ  ᠳ᠋ᠤᠺᠲ᠋ᠤᠷ ‍ᠤᠨ ᠰᠤᠳᠤᠯᠭᠠᠨ ᠡᠴᠠ ᠦᠵᠡᠪᠡᠯ ᠬᠦᠬᠡ ᠴᠠᠢ ᠶ᠋ᠢ ᠤᠳᠠᠭᠠᠨ ᠬᠤᠭᠤᠴᠠᠭ᠎ᠠ ᠬᠡᠲᠦᠷᠡᠲᠡᠯ᠎ᠡ ᠤᠤᠭᠤᠪᠠᠯ ᠶᠠᠰᠤ ᠰᠡᠶᠢᠷᠡᠭᠵᠢᠬᠦ ᠡᠪᠡᠳᠴᠢᠨ ‍ᠢ ᠡᠭᠦᠰᠬᠡᠵᠤ ᠮᠡᠳᠡᠬᠦ ᠶᠤᠮ ᠭᠡᠰᠡᠨ  ᠳᠤᠷᠠᠳᠤᠯᠭ᠎ᠠ ᠭᠠᠷᠭᠠᠵᠠᠢ ᠃ ᠤᠴᠠᠷ ᠨᠢ ᠴᠠᠢ ᠶ᠋ᠢᠨ ᠮᠤᠳᠤ ᠨᠢ ᠬᠤᠷ᠎ᠠ ᠪᠤᠷᠤᠭᠠᠨ ‍ᠤ ᠰᠢᠮ᠎ᠡ ᠪᠠ ᠭᠠᠵᠠᠷ ‍ᠤᠨ ᠬᠦᠷᠦᠰᠦᠨ ᠡᠴᠠ ᠶᠡᠬᠡ ᠬᠡᠮᠵᠢᠶᠡᠨ ‍ᠤ ᠹᠸᠯᠤᠷ ‍ᠢ ᠰᠢᠩᠭᠡᠭᠡᠨ ᠠᠪᠳᠠᠭ ᠡᠴᠠ ᠴᠠᠢ ᠶ᠋ᠢᠨ ᠹᠸᠯᠤᠷ ᠠᠭᠤᠯᠤᠭᠳᠠᠴᠠ ᠶ᠋ᠢ ᠨᠡᠮᠡᠭᠳᠡᠭᠦᠯᠳᠡᠭ ᠡᠴᠠ ᠹᠸᠯᠤᠷᠲᠤ ᠶᠠᠰᠤᠨ ‍ᠤ ᠡᠪᠡᠳᠴᠢᠨ ‍ᠢ ᠡᠭᠦᠰᠬᠡᠵᠤ ᠮᠡᠳᠡᠨ᠎ᠡ ᠃ ᠤᠶᠢᠷ᠎ᠡ ᠶ᠋ᠢᠨ ᠵᠢᠯ ᠤᠯᠤᠰ ‍ᠤᠨ ᠳᠤᠲᠤᠭᠠᠲᠤ ᠶ᠋ᠢᠨ ᠰᠤᠳᠤᠯᠭᠠᠨ ‍ᠤ ᠪᠠᠶᠢᠴᠠᠭᠠᠯᠲᠠ ᠡᠴᠠ ᠦᠵᠡᠪᠡᠯ ᠬᠡᠪ ᠶ᠋ᠢᠨ ᠴᠠᠢ ᠶ᠋ᠢᠨ ᠹᠸᠯᠤᠷ ᠠᠭᠤᠯᠤᠭᠳᠠᠴᠨ ᠨᠢ ᠪᠠᠷᠢᠮᠵᠢᠶ᠎ᠠ ᠡᠴᠠ ᠬᠡᠲᠤᠷᠡᠵᠤ ᠂ ᠬᠡᠪ ‍ᠤᠨ ᠴᠠᠢ ᠦᠷᠭᠦᠯᠵᠢ ᠤᠤᠭᠤᠳᠠᠭ ᠦᠪᠦᠷ ᠮᠤᠩᠭᠤᠯ ᠤᠷᠤᠨ ᠳ᠋ᠤ ᠶᠠᠰᠤ ᠰᠡᠶᠢᠷᠡᠭᠵᠢᠬᠦ  ᠡᠪᠡᠳᠴᠢᠨ ᠤᠯᠠᠰᠢᠷᠠᠭᠰᠠᠨ ᠪᠠᠶᠢᠨ᠎ᠠ ᠃ ᠭᠡᠪᠡᠴᠤ ᠮᠤᠩᠭᠤᠯᠴᠤᠳ ᠰᠦ ᠲᠠᠢ ᠴᠠᠢ ᠴᠠᠭᠠᠨ ᠢᠳᠡᠭᠡ  ᠡᠳ᠋ᠯᠡᠳᠡᠭ ᠪᠤᠯᠬᠤᠷ ᠬᠠᠷᠢᠨ ᠹᠸᠯᠤᠷ ‍ᠤᠨ ᠬᠤᠤᠷᠲᠠᠯ ᠪᠠᠭ᠎ᠠ ᠪᠠᠶᠢᠳᠠᠭ ᠃ ᠤᠷᠴᠢᠮ ‍ᠤᠨ ᠵᠢᠯ ᠰᠤᠳᠤᠯᠤᠭᠴᠢᠳ ᠳᠤᠤᠷᠠᠲᠤ ᠹᠸᠯᠤᠷᠲᠤ ᠴᠠᠢ ᠶ᠋ᠢ  ᠦᠢᠯᠡᠳᠦᠭᠰᠡᠨ ᠲᠤᠯᠨ ᠡᠨᠡᠡ ᠠᠰᠠᠭᠤᠳᠠᠯ ‍ᠢ  ᠰᠢᠢᠳᠪᠤᠷᠢᠯᠡᠭᠰᠡᠨ ᠪᠠᠶᠢᠨ᠎ᠠ ᠃  ( ᠪᠠᠶᠠᠤᠳ ᠪᠡᠬᠢᠪᠠᠳᠤ



ᠢᠷᠡᠯᠳᠡ᠄ ᠬᠤᠯᠪᠤᠭ᠎ᠠ ᠪᠦᠷᠭᠡ ᠡᠴᠠ ᠨᠠᠶᠢᠷᠠᠭᠤᠯᠤᠭᠴᠢ᠄ ᠪᠤᠤ ᠵᠢᠨ ᠯᠢᠶᠠᠨ