ᠪᠤᠤ ᠱᠢ ᠵᠦ

ᠣᠩᠰᠢᠭᠰᠠᠨ ᠤᠳᠠᠭ᠎ᠠ ᠄ 4354     ᠨᠡᠶᠢᠳᠡᠯᠡᠭᠰᠡᠨ ᠴᠠᠭ ᠄ 2016/6/22 15:33:21


       ᠮᠤᠩᠭᠤᠯ ᠦᠨᠳᠦᠰᠦᠳᠡᠨ ᠤ ᠠᠷᠠᠳ ‍ᠤᠨ ᠭᠠᠷ ᠤᠷᠠᠯᠢᠭᠴᠢᠨ ᠂ ᠵᠢᠷᠤᠭᠴᠢᠨ ᠪᠤᠤ ᠱᠢ  ᠵᠦ ᠶ᠋ᠢᠨ ᠤᠭ ᠨᠤᠳᠤᠭ ᠪᠤᠯ ᠲᠦᠮᠡᠳ ᠪᠠᠷᠠᠭᠤᠨ ᠬᠤᠰᠢᠭᠤ ( ᠤᠳᠤ ᠶ᠋ᠢᠨ  ᠪᠸᠢᠢᠫᠢᠶᠤᠤ ᠰᠢᠶᠠᠨ ) ᠂ ᠪᠤᠷᠵᠢᠭᠢᠨ ᠤᠪᠤᠭᠳᠠᠨ ᠃1911  ᠤᠨ ᠳ᠋ᠥ ᠲᠦᠷᠦᠵᠦ ᠂1989  ᠤᠨ ᠳ᠋ᠥ ᠨᠠᠰᠤ ᠪᠠᠷᠠᠪᠠ ᠃ ᠨᠠᠢᠮᠠᠨ ᠨᠠᠰᠤᠳᠠᠢ ᠳ᠋ᠥ  ᠪᠠᠨ ᠡᠴᠢᠭᠡ ᠪᠠᠨ ᠲᠠᠭᠠᠵᠦ ᠨᠠᠢᠮᠠᠨ ᠬᠤᠰᠢᠭᠤᠨ ᠳ᠋ᠥ ᠨᠡᠭᠦᠵᠦ ᠢᠷᠡᠪᠡ ᠃ ᠨᠢᠭᠡ ᠨᠠᠰᠤᠨ ᠳ᠋ᠥ ᠪᠠᠨ ᠰᠢᠪᠡᠷ ᠱᠤᠭᠤᠮᠠᠯ ᠬᠦᠷᠦᠭ ᠵᠤᠬᠢᠶᠠᠬᠤ ᠂ ᠵᠢᠷᠤᠵᠦ ᠵᠤᠬᠢᠶᠠᠬᠤ ᠂ ᠬᠠᠶᠢᠴᠢᠯᠠᠬᠤ ᠂ ᠵᠢᠷᠤᠭ ‍ᠤᠨ ᠪᠦᠳᠦᠭᠡᠯ ᠬᠢᠬᠦ ᠠᠵᠢᠯ ‍ᠢ ᠡᠷᠬᠢᠯᠡᠭᠰᠡᠨ ᠶᠤᠮ  ᠃  ᠲᠠᠷᠠ   ᠪᠤᠯ ᠮᠠᠨ ᠤ ᠬᠤᠰᠢᠭᠤᠨ ᠤ ᠬᠠᠮᠤᠭ ‍ᠤᠨ ᠠᠩᠬᠠᠨ ᠤ ᠪᠠᠷ ᠵᠢᠷᠤᠭᠴᠢᠨ ᠂  ᠨᠠᠢᠮᠠᠨ ᠤ ᠪᠠᠷ ᠵᠢᠷᠤᠭ ‍ᠤᠨ ᠠᠩᠬᠠᠨ ᠤ ᠵᠢᠳᠭᠦᠯᠳᠡᠨ ᠮᠦᠨ ᠃ ᠲᠡᠭᠦᠨ ᠤ ᠰᠢᠨᠳᠠᠷᠠᠰᠢ ᠦᠭᠡᠢ ᠵᠤᠷᠢᠭ ᠢᠶᠠᠷ ᠵᠤᠬᠢᠶᠠᠨ ᠪᠦᠳᠦᠭᠡᠭᠰᠡᠨ ᠮᠤᠩᠭᠤᠯ ᠦᠨᠳᠦᠰᠦᠳᠡᠨ ᠤ ᠠᠷᠠᠳ ‍ᠤᠨ ᠤᠷᠠᠨ ᠵᠢᠷᠤᠭ ‍ᠤᠨ ᠪᠦᠳᠦᠭᠡᠯ ‍ᠢ ᠬᠤᠷᠢᠶᠠᠨ ᠴᠤᠭᠯᠠᠭᠤᠯᠤᠭᠠᠳ ᠂ ᠦᠪᠡᠷᠳᠡᠭᠡᠨ ᠵᠠᠰᠠᠬᠤ ᠤᠷᠤᠨ ᠤ ᠪᠤᠳᠠᠰ ‍ᠤᠨ  ᠪᠤᠰᠤ ᠰᠤᠶᠤᠯ ‍ᠤᠨ ᠦᠪ ‍ᠤᠨ ᠦᠯᠡᠳᠡᠭᠳᠡᠯ ᠢᠶᠠᠷ ᠮᠡᠳᠡᠷᠡᠭᠦᠯᠦᠭᠰᠡᠨ ᠪᠠᠶᠢᠨ᠎ᠠ ᠃
      ᠪᠤᠤ ᠱᠢ  ᠵᠦ ᠠᠷᠪᠠᠨ ᠵᠢᠷᠭᠤᠭᠠᠨ ᠨᠠᠰᠤᠨ ᠡᠴᠠ ᠪᠠᠨ ᠸᠠᠩᠴᠤᠭ ‍ᠢ ᠪᠠᠭᠰᠢ ᠪᠠᠷᠢᠵᠦ ᠂ ᠱᠤᠭᠤᠮᠠᠯ ᠬᠦᠷᠦᠭ ᠵᠢᠷᠤᠬᠤ ᠮᠡᠷᠭᠡᠵᠢᠯ ‍ᠢ ᠰᠤᠷᠤᠯᠴᠠᠨ ᠂ ᠬᠤᠷᠢᠨ ᠨᠠᠰᠤᠨ ᠡᠴᠠ ᠪᠠᠨ ᠪᠡᠶ᠎ᠡ ᠪᠠᠨ ᠲᠠᠭᠠᠭᠠᠵᠦ ᠂ ᠵᠢᠷᠤᠭᠴᠢᠨ ᠤ ᠠᠮᠢᠳᠤᠷᠠᠯ ᠢᠶᠡᠨ ᠡᠬᠢᠯᠡᠭᠦᠯᠦᠭᠰᠡᠨ ᠪᠠᠶᠢᠨ᠎ᠠ ᠃ ᠲᠡᠷᠡ  ᠨᠠᠢᠮᠠᠨ  ᠬᠤᠰᠢᠭᠤᠨ ᠤ ᠶᠡᠬᠡ ᠪᠠᠭ᠎ᠠ  24 ᠰᠦᠮ᠎ᠡ ᠭᠡᠶᠢᠳ ᠢᠶᠠᠷ ᠶᠠᠪᠤᠵᠦ ᠂ ᠤᠳᠤᠬᠠᠨ ᠤ ᠸᠠᠩ ‍ᠤᠨ ᠤᠷᠳᠤᠨ ᠤ  ᠪᠤᠳᠤᠭᠳᠦ ᠵᠢᠷᠤᠭ ᠰᠡᠶᠢᠯᠦᠮᠡᠯ ᠂ ᠰᠢᠪᠡᠷ ᠱᠤᠭᠤᠮᠠᠯ᠎᠎ ——《 ᠲᠦᠷᠢᠶᠡᠰᠦ ᠬᠤᠷᠢᠶᠠᠬᠤ ᠬᠦᠷᠢᠶᠡᠯᠡᠩ》 ᠵᠡᠷᠭᠡ ᠪᠤᠯ ᠪᠦᠷ ᠲᠡᠭᠦᠨ ᠤ ᠦᠯᠡᠳᠡᠭᠡᠭᠰᠡᠨ ᠰᠢᠯᠢᠳᠡᠭ ᠪᠦᠳᠦᠭᠡᠯ ᠮᠦᠨ ᠃  ᠲᠡᠷᠡ ᠰᠸᠴᠤᠸᠠᠨ ᠤ ᠤᠭ ᠪᠦᠳᠦᠭᠡᠯ ‍ᠤᠨ ᠰᠡᠭᠦᠳᠡᠷ ‍ᠢ ᠦᠨᠳᠦᠰᠦᠯᠡᠨ《 ᠲᠦᠷᠢᠶᠡᠰᠦ ᠬᠤᠷᠢᠶᠠᠬᠤ ᠬᠦᠷᠢᠶᠡᠯᠡᠩ》 ᠭᠡᠬᠦ ᠶᠡᠬᠡ ᠬᠡᠮᠵᠢᠶᠡᠨ ᠤ ᠰᠢᠪᠡᠷ ᠱᠤᠭᠤᠮᠠᠯ ‍ᠢ  ᠭᠤᠷᠪᠠᠨ ᠵᠢᠯ ‍ᠤᠨ ᠤᠷᠳᠦ ᠴᠠᠭ  ᠬᠡᠷᠡᠭᠰᠡᠨ ᠂ ᠬᠦᠷᠦᠭ ᠲᠦᠷᠢ ᠨᠢ ᠨᠢᠳᠦᠨ ᠳ᠋ᠥ  ᠦᠵᠡᠭᠳᠡᠵᠦ  ᠭᠠᠷ   ᠲᠦ ᠪᠠᠷᠢᠭᠳᠠᠮ᠎ᠠ ᠂ ᠬᠠᠶᠢᠷ᠎ᠠ ᠬᠤᠷᠤᠰᠤᠯ  ᠠᠳᠠᠯᠢ ᠪᠤᠰᠤ ᠵᠠᠭᠤ ᠭᠠᠷᠤᠢ ᠬᠦᠮᠦᠰ ‍ᠤᠨ ᠲᠦᠷᠢ ᠵᠢ ᠱᠤᠭᠤᠨ ᠪᠦᠳᠦᠭᠡᠵᠡᠢ ᠃ ᠡᠭᠦᠨ ᠡᠴᠠ ᠲᠡᠭᠦᠨ ᠤ ᠬᠦᠳᠡᠯᠮᠦᠷᠢ  ᠬᠡᠴᠢᠨᠡᠨ ᠬᠦᠴᠢᠷ ᠪᠡᠷᠬᠡ ᠶ᠋ᠢ ᠢᠯᠡᠨ ᠲᠠᠪᠠᠵᠠᠢ ᠭᠡᠳᠡᠭ ‍ᠢ ᠮᠡᠳᠡᠵᠦ ᠪᠤᠯᠤᠨ᠎ᠠ ᠃

       ᠪᠤᠤ ᠱᠢ  ᠵᠦ ᠶ᠋ᠢᠨ ᠤᠷᠠᠯᠢᠭ ‍ᠤᠨ ᠦᠷ᠎ᠡ ᠪᠦᠳᠦᠭᠡᠯ ᠳ᠋ᠡᠬᠢ ᠬᠠᠮᠤᠭ ᠡᠯᠪᠡᠭ ᠪᠠᠶᠠᠨ ᠂ ᠵᠤᠬᠢᠶᠠᠭᠰᠠᠨ ᠠᠮᠵᠢᠯᠳᠠ ᠬᠠᠮᠤᠭ ᠲᠤᠪᠤᠶᠢᠮ᠎ᠠ ᠂ ᠨᠦᠯᠦᠭᠡ ᠲᠤᠰᠬᠠᠯ ᠬᠠᠮᠤᠭ ᠭᠦᠨ ᠨᠢ ᠠᠷᠠᠳ ‍ᠤᠨ ᠲᠤᠮᠳᠠᠬᠢ ᠬᠡ ᠤᠭᠠᠯᠵᠠ  ᠪᠤᠯᠤᠨ᠎ᠠ ᠃ ᠲᠡᠭᠦᠨ ᠤ ᠲᠦᠯᠦᠪᠯᠡᠨ ᠵᠤᠬᠢᠶᠠᠭᠰᠠᠨ ᠦᠨᠳᠦᠰᠦᠳᠡᠨ ᠤ  ᠤᠨᠴᠠᠯᠢᠭᠳᠤ ᠵᠠᠰᠠᠯ ᠴᠢᠮᠡᠭᠯᠡᠯ ‍ᠤᠨ ᠬᠡ ᠤᠭᠠᠯᠵᠠ ᠶ᠋ᠢᠨ ᠲᠦᠷᠦᠯ ᠵᠦᠢᠯ  ᠨᠢ   ᠲᠤᠶᠢᠯ  ᠤᠨ ᠡᠯᠪᠡᠭ ᠤᠯᠠᠨ  ᠪᠠᠶᠢᠳᠠᠭ ᠃                                                             ᠦᠯᠵᠠᠢ ᠤᠷᠴᠢᠭᠤᠯᠪᠠ






ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ