ᠪᠦᠬᠡᠭᠡᠰᠢᠭ

ᠣᠩᠰᠢᠭᠰᠠᠨ ᠤᠳᠠᠭ᠎ᠠ ᠄ 4058     ᠨᠡᠶᠢᠳᠡᠯᠡᠭᠰᠡᠨ ᠴᠠᠭ ᠄ 2016/5/10 10:25:06


      ᠪᠦᠬᠡᠭᠡᠰᠢᠭ ᠪᠤᠯ ᠮᠤᠩᠭᠤᠯ ᠦᠨᠳᠦᠰᠦᠳᠡᠨ ᠤ ᠰᠢᠨ᠎ᠡ ᠰᠤᠶᠤᠯ ‍ᠤᠨ ᠠᠩᠬᠠᠨ ᠤ ᠵᠢᠳᠭᠦᠯᠳᠡᠨ ᠮᠦᠨ ᠃ ᠲᠡᠭᠦᠨ ᠤ ᠬᠢᠳᠡᠳ ᠨᠡᠷ᠎ᠡ  ᠨᠢ ᠯᠢᠶᠠᠩ ᠢᠦᠢ ᠹᠸᠩ ᠭᠡᠳᠡᠭ ᠃ 1902 ᠤᠨ ᠳ᠋ᠥ ᠨᠠᠢᠮᠠᠨ ᠬᠤᠰᠢᠭᠤᠨ ᠬᠤᠩᠬᠤᠷᠳᠠᠯ᠎ᠠ ᠰᠤᠮᠤᠨ ᠤ ᠪᠡᠬᠡ ᠶ᠋ᠢᠨ ᠤᠰᠤ ᠭᠠᠴᠠᠭ᠎ᠠ ᠳ᠋ᠥ ᠲᠦᠷᠦᠵᠡᠢ ᠃
      ᠶᠡᠬᠡ ᠰᠤᠷᠭᠠᠭᠤᠯᠢ ᠪᠠᠨ ᠲᠡᠭᠦᠰᠦᠭᠰᠡᠨ ᠤ ᠲᠠᠷᠠᠭ᠎ᠠ ᠪᠦᠬᠡᠭᠡᠰᠢᠭ ᠤᠯᠤᠰ ᠭᠡᠷ ᠪᠠ ᠦᠨᠳᠦᠰᠦᠳᠡᠨ ᠤ ᠠᠶᠤᠯ ᠲᠦᠭᠰᠢᠭᠦᠷᠢ ᠶ᠋ᠢᠨ ᠡᠮᠦᠨ᠎ᠡ《 ᠠᠷᠠᠳ ‍ᠢ ᠰᠤᠷᠭᠠᠨ ᠬᠦᠮᠦᠵᠢᠭᠦᠯᠬᠦ》 ᠂《 ᠰᠤᠶᠤᠯ ᠢᠶᠠᠷ ᠤᠯᠤᠰ ᠢᠶᠡᠨ  ᠠᠪᠤᠷᠠᠬᠤ 》 ᠵᠠᠮ ‍ᠢ ᠰᠤᠩᠭᠤᠵᠠᠢ ᠃ 1926 ᠤᠨ ᠤ ᠬᠦᠬᠡᠭᠡ ᠡᠪᠤᠯ ᠲᠡᠷᠡ ᠨᠤᠳᠤᠭ ‍ᠤᠨ ᠢᠶᠡᠨ ᠬᠡᠳᠦᠨ ᠬᠠᠮᠳᠦ ᠰᠤᠷᠤᠯᠭᠠᠳᠠᠳ ᠲᠠᠢ ᠪᠠᠨ ᠬᠠᠮᠳᠦ《 ᠮᠤᠩᠭᠤᠯ ᠤᠳᠬ᠎ᠠ ᠶ᠋ᠢᠨ ᠰᠤᠷᠭᠠᠯ ‍ᠤᠨ ᠬᠤᠷᠠᠯ》 ‍ᠢ ᠡᠭᠦᠰᠭᠡᠨ ᠪᠠᠶᠢᠭᠤᠯᠵᠦ ᠂ ᠰᠤᠳᠤᠯᠭᠠᠨ ᠤ ᠬᠤᠷᠠᠯ ‍ᠢ ᠡᠷᠬᠢᠯᠡᠨ ᠂ ᠮᠤᠩᠭᠤᠯ ᠰᠡᠳᠭᠦᠯ《 ᠤᠯᠠᠭᠠᠨ ᠪᠠᠷᠰ》ᠰᠡᠳᠭᠦᠯ ‍ᠢ ᠡᠭᠦᠰᠭᠡᠨ  ᠡᠷᠬᠢᠯᠡᠵᠦ ᠂ ᠰᠤᠳᠤᠯᠭᠠᠨ ᠤ ᠬᠦᠳᠡᠯᠭᠡᠭᠡᠨ ᠡᠷᠬᠢᠯᠡᠨ ᠂ ᠮᠤᠩᠭᠤᠯ ᠨᠤᠮ ᠲᠡᠪᠳᠡᠷ ᠬᠡᠪᠯᠡᠵᠡᠢ ᠃ ᠰᠡᠳᠭᠦᠯ ᠳ᠋ᠥ ᠪᠠᠨ ᠭᠡᠰᠢᠭᠦᠳ ‍ᠤᠨ ᠢᠶᠡᠨ ᠪᠢᠴᠢᠭᠰᠡᠨ ᠦᠭᠦᠯᠡᠯᠭᠡ ᠲᠤᠭᠤᠵᠢ ᠂ ᠲᠠᠭᠤᠤ ᠰᠢᠯᠦᠭ ᠂ ᠱᠤᠭ ᠶᠠᠷᠢᠶ᠎ᠠ ᠂ ᠠᠷᠠᠳ ‍ᠤᠨ ᠲᠤᠮᠳᠠᠬᠢ ᠤᠷᠠᠯᠢᠭ ᠂ ᠰᠤᠶᠤᠯ ‍ᠤᠨ ᠬᠦᠳᠡᠯᠭᠡᠭᠡᠨ ᠤ ᠪᠠᠶᠢᠳᠠᠯ ‍ᠢ ᠨᠡᠶᠢᠳᠡᠯᠡᠳᠡᠭ ᠃《 ᠤᠯᠠᠭᠠᠨ ᠪᠠᠷᠰ》 ᠰᠡᠳᠭᠦᠯ ᠳ᠋ᠥ ᠪᠠᠨ ᠰᠤᠶᠤᠯ ‍ᠢ ᠬᠦᠨᠳᠦᠳᠭᠡᠬᠦ ᠦᠵᠡᠯ ᠰᠠᠨᠠᠭ᠎ᠠ ᠶ᠋ᠢ ᠴᠢᠬᠤᠯᠠᠴᠢᠯᠠᠭᠰᠠᠨ ᠵᠤᠬᠢᠶᠠᠯ ᠪᠦᠳᠦᠭᠡᠯ ᠨᠡᠶᠢᠳᠡᠯᠡᠨ ᠂ ᠮᠤᠩᠭᠤᠯ ᠰᠤᠶᠤᠯᠳᠠᠳ ‍ᠢ ᠡᠬᠡ ᠬᠡᠯᠡ ᠪᠠᠷ ᠢᠶᠡᠨ ᠵᠤᠬᠢᠶᠠᠯ ᠪᠦᠳᠦᠭᠡᠯ ᠪᠢᠴᠢᠬᠦ ᠶ᠋ᠢ ᠤᠷᠢᠶᠠᠯᠠᠨ ᠵᠤᠷᠢᠭᠵᠢᠭᠤᠯᠵᠦ ᠂ ᠮᠤᠩᠭᠤᠯ ᠰᠢᠨ᠎ᠡ ᠰᠤᠶᠤᠯ ‍ᠤᠨ  ᠬᠦᠳᠡᠯᠭᠡᠭᠡᠨ ᠤ ᠬᠦᠰᠢᠭᠡ ᠶ᠋ᠢ ᠨᠡᠭᠡᠭᠡᠵᠡᠢ ᠃ 1943 ᠤᠨ ᠳ᠋ᠥ ᠨᠠᠰᠦ ᠨᠦᠭᠴᠢᠬᠦ ᠪᠤᠯᠳᠠᠯ᠎ᠠ ᠪᠠᠨ ᠲᠡᠷᠡ《 ᠤᠯᠠᠭᠠᠨ ᠪᠠᠷᠰ》 ᠰᠡᠳᠭᠦᠯ ‍ᠢ10 ᠬᠤᠭᠤᠴᠠᠭ᠎ᠠ ᠂ ᠲᠤᠯᠤᠭᠠᠨ ᠪᠤᠳᠢ ᠬᠡᠪᠯᠡᠵᠦ ᠂ ᠠᠷᠠᠳ ᠤᠯᠠᠨ ᠤ ᠠᠰᠢᠭ ᠲᠤᠰᠠ ᠶ᠋ᠢᠨ ᠡᠭᠦᠳᠡᠨ ᠡᠴᠠ ᠦᠭᠦᠯᠡᠯ ᠵᠤᠬᠢᠶᠠᠯ ᠪᠢᠴᠬᠦ ᠲᠤᠭ ᠲᠡᠮᠳᠡᠭ ᠲᠤᠳᠤᠷᠬᠠᠢ ᠪᠠᠶᠢᠵᠠᠢ ᠃
        ᠠᠷᠠᠳ  ᠤᠯᠠᠨ ᠳ᠋ᠥ ᠦᠨᠳᠦᠰᠦᠳᠡᠨ ᠤ ᠰᠤᠷᠭᠠᠨ ᠬᠦᠮᠦᠵᠢᠯ ᠬᠦᠷᠳᠡᠭᠡᠬᠦ ᠲᠠᠯ᠎ᠠ ᠪᠠᠷ ᠪᠦᠬᠡᠭᠡᠰᠢᠭ ᠮᠠᠰᠢ ᠤᠯᠠᠨ ᠠᠵᠢᠯ ᠬᠢᠵᠡᠢ ᠃ ᠲᠠᠷᠡ ᠶᠠᠳᠠᠭᠤᠴᠤᠳ ‍ᠤᠨ ᠰᠤᠷᠭᠠᠭᠤᠯᠢ ᠶ᠋ᠢ  ᠡᠷᠬᠢᠯᠡᠨ ᠂ ᠰᠤᠶᠤᠯ ‍ᠤᠨ ᠪᠠᠯᠠᠢ ᠶ᠋ᠢ ᠠᠷᠢᠯᠭᠠᠬᠤ ᠰᠤᠷᠭᠠᠨ ᠬᠦᠮᠦᠵᠢᠯ ‍ᠢ ᠶᠠᠪᠤᠭᠳᠠᠭᠤᠯᠤᠨ ᠂ ᠠᠩᠬ᠎ᠠ ᠡᠬᠢᠨ ᠳ᠋ᠥ ᠪᠠ ᠦᠪᠡᠷ ‍ᠤᠨ ᠰᠠᠭᠤᠵᠦ ᠪᠠᠶᠢᠭᠰᠠᠨ ᠭᠡᠷ ‍ᠤᠨ ᠢᠶᠡᠨ ᠪᠠᠷᠠᠭᠤᠨ ᠵᠢᠭᠦᠷ ‍ᠤᠨ ᠭᠡᠷ ᠢᠶᠠᠷ ᠠᠩᠭᠢ ᠶ᠋ᠢᠨ ᠭᠡᠷ  ᠪᠤᠯᠭᠠᠵᠦ ᠪᠠᠶᠢᠵᠠᠢ ᠃  ᠲᠡᠷᠡ ᠮᠤᠩᠭᠤᠯ ᠦᠨᠳᠦᠰᠦᠳᠡᠨ ᠤ ᠰᠤᠷᠭᠠᠨ ᠬᠦᠮᠦᠵᠢᠯ ‍ᠤᠨ ᠦᠢᠯᠡᠰ  ᠲᠦ ᠪᠠᠭᠰᠢ ᠨᠠᠷ ‍ᠢ ᠬᠦᠮᠦᠵᠢᠭᠦᠯᠵᠦ ᠦᠭᠬᠦ ᠶ᠋ᠢᠨ ᠬᠠᠮᠳᠦ ᠂ ᠶᠠᠳᠠᠭᠤ ᠬᠦᠴᠢᠷᠳᠡᠢ ᠰᠤᠶᠤᠯ ᠰᠤᠷᠭᠠᠨ ᠬᠦᠮᠦᠵᠢᠯ ᠬᠦᠷᠳᠡᠵᠦ ᠴᠢᠳᠠᠬᠤ ᠦᠭᠡᠢ ᠵᠠᠯᠠᠭᠤᠴᠤᠳ ᠲᠦ ᠰᠤᠷᠤᠯᠴᠠᠬᠤ ᠵᠠᠪᠰᠢᠶᠠᠨ ‍ᠢ ᠤᠯᠭᠤᠵᠦ ᠦᠭᠴᠡᠢ ᠃ 1938 ᠤᠨ ᠪᠠ 1939 ᠤᠨ ᠳ᠋ᠥ ᠦᠷᠭᠦᠯᠵᠢᠯᠡᠨ ᠺᠠᠶᠢᠯᠦ ᠳ᠋ᠥ《 ᠺᠠᠶᠢᠯᠦ ᠳ᠋ᠡᠬᠢ ᠤᠯᠤᠰ ᠠᠷᠠᠳ ‍ᠤᠨ ᠨᠢᠭᠡᠳᠦᠭᠡᠷ ᠲᠡᠭᠡᠳᠦ ᠰᠤᠷᠭᠠᠭᠤᠯᠢ》 ᠪᠠ《 ᠺᠠᠶᠢᠯᠦ ᠳ᠋ᠡᠬᠢ ᠤᠯᠤᠰ ᠠᠷᠠᠳ ‍ᠤᠨ  ᠬᠤᠶᠠᠳᠤᠭᠠᠷ ᠲᠡᠭᠡᠳᠦ ᠰᠤᠷᠭᠠᠭᠤᠯᠢ》  ᠶ᠋ᠢ ᠡᠭᠦᠰᠭᠡᠨ ᠪᠠᠶᠢᠭᠤᠯᠵᠦ ᠦᠪᠡᠷ ᠢᠶᠡᠨ ᠰᠤᠷᠭᠠᠭᠤᠯᠢ ᠶ᠋ᠢᠨ ᠲᠠᠷᠤᠭ᠎ᠠ ᠶ᠋ᠢᠨ  ᠡᠭᠦᠷᠭᠡ ᠶ᠋ᠢ  ᠬᠠᠷᠢᠭᠤᠴᠠᠵᠦ ᠦᠩᠭᠡᠷᠡᠵᠡᠢ ᠃                                                              ᠦᠯᠵᠠᠢ ᠤᠷᠴᠢᠭᠤᠯᠪᠠ
ᠢᠷᠡᠯᠳᠡ᠄ 《 ᠡᠯᠢᠭᠡᠨ ᠬᠠᠶᠢᠷᠠᠳᠤ ᠨᠠᠢᠮᠠᠨ 》 ᠬᠡᠬᠦ ᠨᠤᠮ ᠡᠴᠡ ᠨᠠᠶᠢᠷᠠᠭᠤᠯᠤᠭᠴᠢ᠄ ᠪᠤᠤ ᠵᠢᠨ ᠯᠢᠶᠠᠨ